ᠮᠤᠩᠭᠤᠯᠴᠤᠳ ᠤᠨ ᠨᠤᠮ ᠤᠨ ᠵᠠᠩᠬᠢᠶ᠎ᠠ ᠲᠠᠶᠢᠯᠬᠤ ᠶᠤᠰᠤ ᠪᠠ ᠨᠤᠮ ᠪᠢᠳᠡᠭᠦᠯᠡᠬᠦ
ᠨᠡᠶᠢᠲᠡᠯᠡᠭᠰᠡᠨ ᠴᠠᠭ᠄
2018-07-06
  ᠮᠤᠩᠭᠤᠯᠴᠤᠳ ᠨᠤᠮ ᠰᠡᠶᠢᠷᠡᠬᠦᠯᠬᠦ ᠪᠤᠶᠤ ᠵᠤᠬᠢᠶᠠᠵᠤ ᠪᠢᠴᠢᠭᠰᠡᠨ ᠨᠤᠮ ᠢᠶᠠᠨ ᠪᠤᠰᠤᠳ ᠲᠤ ᠦᠭᠬᠦ ᠳᠡᠭᠡᠨ  ᠵᠠᠩᠬᠢᠶ᠎ᠠ ᠶᠢ ᠨᠢ ᠲᠠᠶᠢᠯᠵᠤ ᠦᠭᠲᠡᠭ ᠶᠤᠰᠤᠨ ᠪᠤᠢ᠃ ᠬᠡᠷᠪᠡ ᠵᠠᠩᠬᠢᠶ᠎ᠠ ᠶᠢ ᠨᠢ ᠲᠠᠶᠢᠯᠬᠤ ᠦᠭᠡᠢ ᠦᠭᠪᠡᠯ ᠨᠤᠮ ᠢ ᠨᠢ  ᠬᠡᠴᠢᠨᠡᠨ ᠤᠩᠰᠢᠭᠰᠠᠨ ᠴᠤ ᠵᠠᠩᠬᠢᠷᠠᠭᠠᠳ ᠶᠠᠪᠤᠭᠤᠷᠢ ᠦᠭᠡᠢ ᠪᠠᠶᠢᠲᠠᠭ ᠬᠡᠨ᠎ᠡ᠂ ᠵᠠᠩᠬᠢᠶ᠎ᠠ ᠶᠢ ᠨᠢ ᠲᠠᠶᠢᠯᠤᠭᠰᠠᠨ  ᠦᠭᠡᠢ ᠨᠤᠮ ᠢ ᠮᠢᠩᠭ᠎ᠠ ᠤᠲᠠᠭ᠎ᠠ ᠤᠩᠰᠢᠪᠠᠯ ᠪᠠᠭ᠎ᠠ ᠰᠠᠭ᠎ᠠ ᠠᠴᠢ ᠲᠤᠰᠠ ᠭᠠᠷᠴᠤ᠂ ᠪᠤᠮ ᠤᠲᠠᠭ᠎ᠠ ᠤᠩᠰᠢᠪᠠᠯ  ᠰᠠᠶ᠋ᠢ ᠬᠡᠷᠡᠭ ᠲᠤ ᠬᠦᠷᠲᠡᠭ ᠭᠡᠳᠡᠭ᠃ ᠡᠶᠢᠮᠦ ᠠᠴᠠ ︽ᠮᠢᠩᠭᠠᠨ ᠬᠠᠷᠢᠭᠤᠯᠭ᠎ᠠ︾ ᠬᠡᠲᠡᠭ ᠨᠢ ᠵᠠᠩᠭᠢᠶ᠎ᠠ ᠶᠢ ᠨᠢ  ᠲᠠᠶᠢᠯᠤᠭᠰᠠᠨ ᠦᠭᠡᠢ ᠨᠤᠮ ᠢ ᠮᠢᠩᠭ᠎ᠠ ᠤᠲᠠᠭ᠎ᠠ ᠤᠩᠰᠢᠭᠰᠠᠨ ᠲᠠᠲᠤᠢ᠂ ᠬᠡᠷᠪᠡ ᠵᠠᠩᠬᠢᠶ᠎ᠠ ᠶᠢ ᠨᠢ ᠲᠠᠶᠢᠯᠪᠠᠯ ︽ ᠲᠤᠤᠭᠠᠷᠤᠮᠠᠭᠴᠠ ᠲᠤᠰᠠᠯᠠᠵᠤ᠂ ᠠᠮᠠᠯᠠᠮᠠᠭᠴᠠ ᠠᠴᠢ ᠭᠠᠷᠲᠠᠭ︾ ᠪᠤᠯᠬᠤᠷ ᠠᠶᠢᠯ ᠡᠷᠦᠬᠡ᠂ ᠤᠪᠤᠭ ᠲᠦᠷᠦᠯ ᠤᠨ  ᠲᠤᠲᠤᠷ᠎ᠠ ᠠᠴᠠ ᠬᠠᠮᠤᠭ ᠤᠨ ᠰᠢᠯᠤᠭᠤᠨ ᠰᠢᠲᠤᠷᠭᠤ ᠬᠦᠪᠡᠬᠦᠨ ᠳᠡᠭᠡᠨ ᠨᠢᠭᠤᠴᠠ ᠪᠠᠷ ᠤᠯᠠᠮᠵᠢᠯᠠᠲᠠᠭ ᠲᠤᠯᠠ ᠤᠲᠤ  ᠮᠡᠲᠡᠬᠦ ᠬᠦᠮᠦᠨ ᠴᠦᠭᠡᠨ ᠪᠤᠯᠵᠠᠢ᠃ ᠦᠨᠡᠨᠳᠡᠬᠡᠨ ᠮᠠᠨ ᠤ ᠮᠤᠩᠭᠤᠯᠴᠤᠳ ᠨᠤᠮ ᠲᠠᠷᠬᠠᠭᠠᠵᠤ᠂ ᠪᠤᠰᠤᠳ ᠲᠤ ᠨᠤᠮ  ᠦᠭᠬᠦ ᠳᠡᠭᠡᠨ ︽ᠨᠤᠮ ᠤᠨ ᠵᠠᠩᠬᠢᠶ᠎ᠠ︾ ᠶᠢ ᠨᠢ ᠲᠠᠶᠢᠯᠵᠤ ᠦᠭᠲᠡᠭ ᠲᠤᠰᠬᠠᠢ ᠵᠠᠩ ᠦᠢᠯᠡ ᠪᠤᠢ᠃     ᠨᠢᠬᠡ᠂ ᠨᠤᠮ ᠤᠨ ᠵᠠᠩᠬᠢᠶ᠎ᠠ ᠲᠠᠶᠢᠯᠬᠤ ᠶᠤᠰᠤ᠄ ᠮᠤᠩᠭᠤᠯᠴᠤᠳ ᠤᠨ ᠨᠤᠮ ᠤᠨ ᠵᠠᠩᠬᠢᠶ᠎ᠠ ᠲᠠᠶᠢᠯᠬᠤ ᠶᠤᠰᠤᠨ  ᠪᠤᠯ ᠮᠤᠩᠭᠤᠯᠴᠤᠳ ᠦᠰᠦᠭ ᠪᠢᠴᠢᠭ ᠦᠭᠡᠢ ᠪᠠᠶᠢᠬᠤ ᠦᠶ᠎ᠡ ᠳᠤ ᠲᠡᠭᠡᠰᠤ ᠵᠠᠩᠭᠢᠳᠴᠤ ᠲᠡᠮᠲᠡᠭᠯᠡᠯ ᠬᠢᠲᠡᠭ  ᠵᠠᠩᠰᠢᠯ ᠠᠴᠠ ᠤᠯᠠᠮᠵᠢᠯᠠᠵᠤ ᠢᠷᠡᠭᠰᠡᠨ ᠪᠤᠯᠤᠯᠲᠠᠢ᠂ ᠡᠶᠢᠮᠦ ᠠᠴᠠ ᠮᠤᠩᠭᠤᠯᠴᠤᠳ ᠦᠬᠡ ᠶᠠᠷᠢᠬᠤ ᠳᠠᠭᠠᠨ  ᠵᠠᠩᠬᠢᠯᠠᠭ᠎ᠠ ᠶᠢ ᠨᠢ ᠠᠳᠬᠤᠵᠤ ᠶᠠᠷᠢᠨ᠎ᠠ᠂ ᠵᠤᠬᠢᠶᠠᠯ ᠪᠢᠴᠢᠬᠦ ᠳᠡᠭᠡᠨ ᠵᠠᠩᠬᠢᠯᠠᠭ᠎ᠠ ᠶᠢ ᠨᠢ ᠠᠳᠬᠤᠵᠤ ᠪᠢᠴᠢᠨ᠎ᠠ᠂  ᠠᠮᠢᠨ ᠰᠠᠬᠢᠶ᠎ᠠ ᠪᠤᠯᠭᠠᠵᠤ ᠵᠠᠩᠬᠢᠶ᠎ᠠ ᠵᠡᠬᠦᠨ᠎ᠡ᠂ ᠶᠠᠭᠤᠮ᠎ᠠ ᠦᠢᠯᠡᠳᠬᠦ ᠳᠡᠭᠡᠨ ᠵᠠᠩᠬᠢᠯᠠᠭ᠎ᠠ ᠶᠢ ᠨᠢ ᠠᠳᠬᠤᠵᠤ ᠬᠢᠨ᠎ᠡ  ᠬᠡᠲᠡᠭ᠃ ᠪᠠᠰᠠ ᠮᠤᠩᠭᠤᠯ ᠬᠦᠮᠦᠨ ᠠᠶᠢᠯ ᠡᠷᠦᠬᠡ ᠳᠤ ᠤᠷᠤᠵᠤ ᠪᠡᠯᠡᠭ ᠰᠡᠯᠲᠡ ᠬᠦᠷᠬᠡᠬᠦ ᠳᠡᠭᠡᠨ ᠪᠦᠷ  ᠪᠤᠭᠤᠯᠲᠠ ᠶᠢᠨ ᠵᠠᠩᠬᠢᠶ᠎ᠠ ᠶᠢ ᠨᠢ ᠲᠠᠶᠢᠯᠵᠤ ᠬᠦᠷᠬᠡᠲᠡᠭ ᠶᠤᠰᠤ ᠪᠤᠢ᠃ ᠡᠬᠦᠨ ᠲᠠᠢ ᠠᠳᠠᠯᠢ ᠶᠤᠰᠤ ᠪᠠᠷ ᠮᠠᠨ ᠤ  ᠮᠤᠩᠭᠤᠯ ᠬᠦᠮᠦᠨ ᠵᠠᠩᠬᠢᠯᠠᠭ᠎ᠠ ᠶᠢ ᠨᠢ ᠲᠠᠶᠢᠯᠤᠭᠰᠠᠨ ᠦᠭᠡᠢ ᠨᠤᠮ ᠢ ᠪᠤᠰᠤᠳ ᠲᠤ ᠬᠦᠷᠭᠡᠲᠡᠭ ᠦᠭᠡᠢ᠂  ᠮᠤᠩᠭᠤᠯᠴᠤᠳ ᠤᠨ ᠬᠤᠪᠤᠷ ᠦᠨᠡᠲᠦ ᠨᠤᠮ ᠪᠦᠷ ᠲᠠᠪᠤᠨ ᠦᠩᠬᠡ ᠶᠢᠨ ᠲᠤᠷᠭᠠᠨ ᠤᠲᠠᠰᠤ ᠪᠠᠷ ᠭᠤᠷᠪᠠᠨ ᠵᠠᠩᠬᠢᠶ᠎ᠠ  ᠬᠦᠬᠡᠷᠬᠡᠢ ᠵᠠᠩᠬᠢᠳᠴᠤ᠂ ᠲᠤᠭᠤᠮᠴᠢ ᠶᠢ ᠨᠢ ᠨᠤᠮ ᠤᠨ ᠲᠤᠯᠤᠭᠠᠢ ᠲᠠᠯ᠎ᠠ ᠳᠤᠨᠢ ᠲᠠᠭᠠᠷᠠᠭᠤᠯᠤᠨ ᠬᠠᠲᠠᠭᠠᠯᠠᠵᠤ  ᠪᠠᠶᠢᠲᠠᠭ᠃ ᠨᠤᠮ ᠢᠶᠠᠨ ᠪᠤᠰᠤᠳ ᠲᠤ ᠬᠦᠷᠬᠡᠬᠦ ᠳᠡᠭᠡᠨ ᠪᠠᠷᠠᠭᠤᠨ ᠬᠤᠶᠢᠰᠢ ᠬᠠᠨᠳᠤᠨ ᠵᠤᠭᠰᠤᠵᠤ᠂ ᠨᠤᠮ ᠤᠨ ᠬᠠᠨ  ᠪᠠᠪᠠᠢ ᠲᠡᠭᠷᠢ ᠶᠢᠨ ᠵᠠᠷᠯᠢᠭ ᠤᠨ ᠦᠴᠢᠭ ᠦᠴᠢᠵᠤ ︽ᠰᠠᠷ︕ ᠰᠠᠷ︕ ᠰᠠᠷ︕︾ ᠬᠡᠵᠤ ᠲᠡᠭᠷᠢ ᠦᠭᠡᠳᠠ  ᠠᠷᠢᠬᠢ ᠰᠠᠷᠬᠤᠳ ᠢ ᠰᠠᠴᠤᠯᠬᠢᠯᠠᠠ ᠵᠠᠩᠬᠢᠶ᠎ᠠ ᠶᠢ ᠨᠢ ᠲᠠᠶᠢᠯᠵᠤ ᠬᠦᠷᠭᠡᠲᠡᠭ ᠶᠤᠰᠤ ᠪᠤᠢ᠃ ᠨᠤᠮ ᠤᠨ ᠵᠠᠩᠬᠢᠶ᠎ᠠ  ᠲᠠᠶᠢᠯᠬᠤ ᠳᠤ ᠪᠠᠰᠠ ᠡᠲᠦᠷ ᠴᠠᠭ ᠢ ᠶᠡᠭᠡ ᠨᠠᠷᠢᠯᠢᠭ ᠰᠤᠩᠭᠤᠵᠤ ᠦᠢᠯᠡᠲᠤᠲᠡᠭ ᠪᠤᠢ᠃ ᠡᠨᠡ ᠨᠢ ᠲᠠᠷᠤᠢ  ᠵᠢᠷᠤᠬᠠᠢ ᠶᠢᠨ ᠠᠷᠪᠠᠨ ᠬᠤᠶᠠᠷ ᠡᠵᠡᠨ ᠤ ᠨᠡᠬᠡᠬᠡᠭᠴᠢ᠂ ᠡᠪᠲᠡᠭᠴᠢ᠂ ᠲᠦᠬᠦᠷᠥᠭᠴᠢ᠂ ᠲᠦᠪᠰᠢᠳᠬᠡᠭᠴᠢ ᠵᠡᠷᠭᠡ  ᠲᠦᠷᠪᠡᠨ ᠡᠵᠡᠨ ᠢ ᠰᠤᠩᠭᠤᠵᠤ᠂ ᠬᠡᠰᠢᠭ ᠤᠨ ᠲᠦᠷᠪᠡᠨ ᠤᠲᠤ ᠷᠤᠬᠢᠨᠠᠢ᠂ ᠪᠦᠷᠨᠢᠸᠠᠰᠤ᠂ ᠪᠦᠷᠸᠠᠰᠠᠳ᠂ ᠰᠡᠲᠡᠪᠢᠰ  ᠵᠡᠷᠭᠡ ᠲᠦᠷᠪᠡᠨ ᠤᠲᠤ ᠲᠠᠢ ᠲᠤᠬᠢᠶᠠᠯᠲᠤᠭᠤᠯᠤᠨ ᠨᠤᠮ ᠤᠨ ᠵᠠᠩᠬᠢᠶ᠎ᠠ ᠲᠠᠶᠢᠯᠬᠤ ᠦᠢᠯᠠ ᠶᠢ ᠦᠢᠯᠡᠲᠤᠨ᠎ᠠ᠃  ᠬᠡᠬᠦ ᠳᠡᠭᠡᠨ ᠠᠷᠢᠭᠤᠨ ᠴᠡᠪᠡᠷ ᠢ ᠡᠷᠬᠢᠮᠯᠠᠨ᠎ᠠ᠃ ᠮᠤᠩᠭᠤᠯᠴᠤᠳ ᠤᠨ ᠨᠤᠮ ᠤᠨ ᠵᠠᠩᠬᠢᠶ᠎ᠠ ᠲᠠᠶᠢᠯᠬᠤ ᠶᠤᠰᠤ ᠪᠤᠯ  ᠠᠯᠢᠪᠠ ᠨᠤᠮᠯᠠᠯ ᠢ ᠮᠠᠰᠢ ᠶᠡᠭᠡ ᠶᠠᠪᠤᠭᠤᠷᠢ ᠲᠠᠢ ᠪᠤᠯᠭᠠᠵᠤ ᠷᠢᠳᠢ ᠰᠢᠳᠢ ᠤᠷᠤᠭᠤᠯᠲᠠᠭ᠃     ᠬᠤᠶᠠᠷ᠂ ᠮᠤᠩᠭᠤᠯᠴᠤᠳ ᠤᠨ ᠨᠤᠮ ᠪᠢᠲᠡᠬᠦᠯᠡᠬᠦ ᠶᠤᠰᠤ᠄ ᠨᠣᠮ ᠰᠣᠳᠤᠷ ᠪᠢᠳᠡᠭᠦᠯᠡᠬᠦ ᠭᠡᠳᠡᠭ ᠨᠢ ᠴᠠᠭᠠᠨ  ᠰᠠᠷ᠎ᠠ ᠶᠢᠨ ᠰᠢᠨ᠎ᠡ ᠶᠢᠨ ᠨᠢᠭᠡᠨ ᠤ ᠡᠮᠦᠨᠡᠬᠢ ᠡᠳᠦᠷ ᠨᠣᠮ ᠰᠣᠳᠤᠷ ᠢᠶᠠᠨ ᠶᠠᠩᠵᠣᠯᠠᠨ ᠲᠠᠶᠢᠬᠤ ᠵᠠᠩᠰᠢᠯ ᠢ ᠬᠡᠯᠡᠵᠤ  ᠪᠤᠢ᠃ ᠡᠪᠦᠭᠡ ᠲᠡᠭᠡᠳᠦᠰ ᠠᠴᠠ ᠤᠯᠠᠮᠵᠢᠯᠠᠨ ᠬᠠᠳᠠᠭᠠᠯᠠᠵᠤ ᠢᠷᠡᠭᠰᠡᠨ ᠨᠣᠮ ᠰᠣᠳᠤᠷ᠂ ᠭᠡᠷ ᠤᠨ ᠲᠦᠷᠢᠮ᠂ ᠴᠠᠳᠢᠭ  ᠂ ᠲᠠᠶᠢᠯᠭ᠎ᠠ ᠲᠠᠬᠢᠯᠭ᠎ᠠ ᠶᠢᠨ ᠪᠢᠴᠢᠭ ᠰᠣᠳᠤᠷ᠂ ᠵᠢᠷᠤᠬᠠᠢ ᠦᠵᠡᠯᠭᠡ ᠶᠢᠨ ᠲᠡᠪᠳᠡᠷ᠂ ᠦᠷᠭᠦᠯᠵᠢ ᠣᠩᠰᠢᠵᠤ ᠪᠠᠶᠢᠳᠠᠭ  ᠨᠣᠮ᠂ ᠲᠡᠭᠦᠨᠴᠢᠯᠡᠨ ᠪᠢᠷ᠂ ᠪᠡᠭᠡ᠂ ᠴᠠᠭᠠᠰᠤ ᠵᠡᠷᠭᠡ ᠪᠢᠴᠢᠭ ᠤᠨ ᠬᠡᠷᠡᠭᠰᠡᠯ ᠤᠳ ᠢᠶᠠᠨ ᠪᠢᠳᠡᠭᠦᠨ ᠤ ᠡᠳᠦᠷ ᠡᠪᠯᠡᠨ  ᠲᠢᠭᠯᠡᠵᠤ ᠠᠷᠴᠢᠨ ᠵᠦᠯᠭᠦᠳᠡᠭ᠃ ᠪᠠᠷᠢᠨᠳᠠᠭ ᠲᠠᠢ ᠨᠣᠮ ᠰᠤᠳᠤᠷ ᠪᠤᠯ ᠣᠷᠢᠳ ᠢᠶᠠᠷ ᠬᠦᠵᠢ ᠠᠰᠠᠭᠠᠨ ᠵᠤᠯᠠ  ᠡᠷᠭᠦᠵᠤ ᠭᠠᠷ ᠢᠶᠠᠨ ᠤᠬᠢᠶᠠᠵᠤ ᠠᠷᠢᠭᠤᠳᠬᠠᠭᠠᠳ ᠰᠠᠶ᠋ᠢ ᠪᠠᠷᠢᠨᠳᠠᠭ ᠢ ᠨᠢ ᠲᠠᠶᠢᠯᠵᠤ ᠠᠷᠴᠢᠵᠤ ᠵᠦᠯᠭᠦᠳᠡᠭ᠃  ᠶᠡᠷᠤ ᠶᠢᠨ ᠴᠠᠭ ᠲᠡᠯᠭᠡᠳᠡᠭ ᠦᠭᠡᠢ ᠴᠠᠳᠢᠭ᠂ ᠲᠠᠬᠢᠯᠭ᠎ᠠ ᠶᠢᠨ ᠰᠣᠳᠤᠷ᠂ ᠦᠶ᠎ᠡ ᠤᠯᠠᠷᠢᠨ ᠣᠯᠠᠮᠵᠢᠯᠠᠵᠤ ᠢᠷᠡᠭᠰᠡᠨ  ᠨᠣᠮ ᠰᠣᠳᠤᠷ ᠢ ᠴᠤ ᠡᠨᠡ ᠡᠳᠦᠷ ᠨᠢᠭᠡᠳ ᠨᠢᠭᠡ ᠪᠠᠷ ᠲᠠᠶᠢᠯᠤᠨ ᠭᠠᠷ ᠤᠨ ᠠᠶ᠎ᠠ ᠪᠠᠷ ᠡ᠊ᠨᠳᠡ ᠲᠡᠨᠳᠡ ᠠᠴᠠ ᠨᠢ  ᠬᠡᠳᠤᠨ ᠬᠠᠭᠤᠳᠠᠰᠤ ᠶᠢ ᠡᠷᠭᠢᠭᠦᠯᠤᠨ ᠣᠩᠰᠢᠵᠤ᠂ ᠲᠣᠭᠤᠰᠤ ᠰᠢᠷᠤᠢ ᠶᠢ ᠨᠢ ᠭᠦᠪᠢᠨ ᠠᠷᠴᠢᠭᠠᠳ ᠣᠭ  ᠬᠡᠪ ᠢᠶᠠᠷ ᠨᠢ ᠪᠠᠷᠢᠨᠳᠠᠭ ᠲᠤᠨᠢ ᠪᠣᠭᠤᠵᠤ ᠲᠠᠯᠪᠢᠨ᠎ᠠ᠃ ᠪᠤᠰᠤᠳ ᠨᠤᠮ ᠪᠢᠴᠢᠭ ᠤᠳ ᠢ ᠴᠤ ᠲᠢᠭᠯᠡᠵᠤ ᠴᠡᠪᠡᠷᠯᠡᠭᠡᠳ  ᠶᠠᠩᠵᠤᠯᠠᠨ ᠵᠠᠰᠠᠨ᠎ᠠ᠃ ᠨᠣᠮ ᠰᠣᠳᠤᠷ᠂ ᠪᠢᠴᠢᠭ ᠤᠨ ᠬᠡᠷᠡᠭᠰᠡᠯ ᠢ ᠲᠢᠭᠯᠡᠵᠤ ᠵᠠᠰᠠᠭᠰᠠᠨ ᠤ ᠲᠡᠭᠡᠷ᠎ᠡ ᠨᠢ ᠬᠠᠳᠠᠭ  ᠲᠣᠬᠤᠭᠠᠳ ᠡᠮᠦᠨ᠎ᠡ ᠨᠢ ᠬᠦᠵᠢ ᠵᠤᠯᠠ ᠠᠰᠠᠭᠠᠨ ᠲᠠᠪᠠᠭ ᠲᠠᠢ ᠴᠠᠭᠠᠨ ᠢᠳᠡᠭᠡ ᠲᠠᠯᠪᠢᠳᠠᠭ᠃ ᠡᠭᠦᠨ ᠢ ᠨᠣᠮ  ᠰᠣᠳᠤᠷ ᠪᠢᠳᠡᠭᠦᠯᠡᠵᠤ ᠪᠠᠶᠢᠨ᠎ᠠ ᠭᠡᠳᠡᠭ᠃ ᠪᠢᠳᠡᠭᠦᠯᠡᠭᠰᠡᠨ ᠨᠣᠮ ᠰᠣᠳᠤᠷ ᠢ ᠲᠤᠷ᠎ᠠ ᠪᠠᠷ ᠨᠢ ᠬᠦᠳᠡᠯᠭᠡᠵᠤ ᠪᠣᠯᠬᠤ  ᠦᠭᠡᠢ ᠴᠠᠭᠠᠨ ᠰᠠᠷ᠎ᠠ ᠳᠤ ᠰᠠᠶᠢᠨ ᠡᠳᠦᠷ ᠢ ᠰᠣᠩᠭᠤᠨ ᠨᠣᠮ ᠰᠣᠳᠤᠷ ᠲᠠᠭᠠᠨ ᠬᠦᠵᠢ ᠵᠤᠯᠠ ᠡᠷᠭᠦᠨ ᠨᠣᠮ ᠢᠶᠠᠨ  ᠰᠡᠬᠦᠨ᠎ᠡ᠃ ︵ᠰᠦᠯᠵᠢᠶ᠎ᠠ︶
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号