ᠨᠤᠮ ᠤᠨ ᠵᠠᠩᠬᠢᠶ᠎ᠠ ᠲᠠᠶᠢᠯᠬᠤ ᠪᠠ ᠨᠤᠮ ᠪᠢᠳᠡᠬᠦᠯᠡᠬᠦ ᠶᠤᠰᠤ
ᠨᠡᠶᠢᠲᠡᠯᠡᠭᠰᠡᠨ ᠴᠠᠭ᠄
2018-07-06
   ᠮᠤᠩᠭᠤᠯᠴᠤᠳ ᠨᠤᠮ ᠰᠡᠶᠢᠷᠡᠬᠦᠯᠬᠦ ᠪᠤᠶᠤ ᠵᠤᠬᠢᠶᠠᠵᠤ ᠪᠢᠴᠢᠭᠰᠡᠨ ᠨᠤᠮ ᠢᠶᠠᠨ ᠪᠤᠰᠤᠳ ᠲᠤ ᠦᠭᠬᠦ ᠳᠡᠭᠡᠨ  ᠵᠠᠩᠬᠢᠶ᠎ᠠ ᠶᠢ ᠨᠢ ᠲᠠᠶᠢᠯᠵᠤ ᠦᠭᠳᠡᠭ ᠶᠤᠰᠤᠨ ᠪᠤᠢ᠃ ᠬᠡᠷᠪᠡ ᠵᠠᠩᠬᠢᠶ᠎ᠠ ᠶᠢ ᠨᠢ ᠲᠠᠶᠢᠯᠬᠤ ᠦᠭᠡᠢ ᠦᠭᠪᠡᠯ ᠨᠤᠮ ᠢ ᠨᠢ  ᠬᠡᠴᠢᠨᠡᠨ ᠤᠩᠰᠢᠭᠰᠠᠨ ᠴᠤ ᠵᠠᠩᠬᠢᠷᠠᠭᠠᠳ ᠶᠠᠪᠤᠭᠤᠷᠢ ᠦᠭᠡᠢ ᠪᠠᠶᠢᠳᠠᠭ ᠭᠡᠨ᠎ᠠ᠂ ᠵᠠᠩᠬᠢᠶ᠎ᠠ ᠶᠢ ᠨᠢ ᠲᠠᠶᠢᠯᠤᠭᠰᠠᠨ  ᠦᠭᠡᠢ ᠨᠤᠮ ᠢ ᠮᠢᠩᠭ᠎ᠠ ᠤᠳᠠᠭ᠎ᠠ ᠤᠩᠰᠢᠪᠠᠯ ᠪᠠᠭ᠎ᠠ ᠰᠠᠭ᠎ᠠ ᠠᠴᠢ ᠲᠤᠰᠠ ᠭᠠᠷᠴᠤ᠂ ᠪᠤᠮ ᠤᠳᠠᠭ᠎ᠠ ᠤᠩᠰᠢᠪᠠᠯ  ᠰᠠᠶ᠋ᠢ ᠬᠡᠷᠡᠭ ᠲᠤ ᠬᠦᠷᠳᠡᠭ ᠭᠡᠨ᠎ᠠ᠂ ᠡᠶᠢᠮᠤ ᠠᠴᠠ ︽ᠮᠢᠩᠭᠠᠨ ᠬᠠᠷᠢᠭᠤᠴᠠᠯᠭ᠎ᠠ︾ ᠭᠡᠳᠡᠭ ᠨᠢ ᠵᠠᠩᠬᠢᠶ ᠎ᠠ  ᠲᠠᠶᠢᠯᠤᠭᠰᠠᠨ ᠦᠭᠡᠢ ᠨᠤᠮ ᠢ ᠮᠢᠩᠭ᠎ᠠ ᠤᠳᠠᠭ᠎ᠠ ᠤᠩᠰᠢᠭᠰᠠᠨ ᠲᠡᠳᠤᠢ᠂ ᠬᠡᠷᠪᠡ ᠵᠠᠩᠬᠢᠶ᠎ᠠ ᠶᠢ ᠨᠢ ᠲᠠᠶᠢᠯᠪᠠᠯ ︽ ᠲᠤᠤᠭᠠᠷᠤᠮᠠᠭᠴᠠ ᠲᠤᠰᠠᠯᠠᠵᠤ᠂ ᠠᠮᠠᠯᠠᠮᠠᠭᠴᠠ ᠠᠴᠢ ᠭᠠᠷᠳᠠᠭ︾ ᠪᠤᠯᠬᠤᠷ ᠠᠶᠢᠯ ᠡᠷᠤᠭᠡ᠂ ᠤᠪᠤᠭ ᠲᠦᠷᠤᠯ ᠤᠨ  ᠲᠤᠳᠤᠷ᠎ᠠ ᠠᠴᠠ ᠬᠠᠮᠤᠭ ᠤᠨ ᠰᠢᠯᠤᠭᠤᠨ ᠰᠢᠳᠤᠷᠭᠤ ᠬᠦᠪᠡᠬᠦᠨ ᠳᠡᠭᠡᠨ ᠨᠢᠭᠤᠴᠠ ᠪᠠᠷ ᠤᠯᠠᠮᠵᠢᠯᠠᠳᠠᠭ ᠵᠠᠩᠰᠢᠯ ᠲᠠᠢ᠃     ᠦᠨᠡᠨ ᠳᠡᠭᠡᠨ᠂ ᠮᠤᠩᠭᠤᠯᠴᠤᠳ ᠨᠤᠮ ᠲᠠᠷᠬᠠᠭᠠᠵᠤ᠂ ᠪᠤᠰᠤᠳ ᠲᠤ ᠨᠤᠮ ᠦᠭᠬᠦ ᠳᠡᠭᠡᠨ ︽ᠨᠤᠮ ᠤᠨ  ᠵᠠᠩᠬᠢᠶ᠎ᠠ︾ ᠶᠢ ᠨᠢ ᠲᠠᠶᠢᠯᠵᠤ ᠦᠭᠳᠡᠭ ᠲᠤᠰᠬᠠᠢ ᠵᠠᠩ ᠦᠢᠯᠠ ᠪᠤᠢ᠃ ᠭᠡᠳᠡᠯ᠎ᠠ ᠡᠨᠡᠬᠦ ᠶᠤᠰᠤ ᠵᠠᠩᠰᠢᠯ ᠮᠠᠷᠳᠠᠭᠳᠠᠨ᠂  ︽ᠨᠤᠮ ᠤᠨ ᠬᠠᠳᠠᠭ ᠰᠡᠬᠦᠬᠦ︾᠂ ︽ᠨᠤᠮ ᠤᠨ ᠬᠠᠭᠤᠳᠠᠰᠤ︾ ᠰᠡᠬᠦᠬᠦ ᠭᠡᠬᠦ ᠮᠡᠳᠤ ᠶᠢᠨ ᠨᠡᠷ᠎ᠠ ᠲᠤᠮᠢᠶ᠎ᠠ ᠪᠠᠷ  ᠤᠷᠤᠯᠠᠭᠳᠠᠭᠰᠠᠨ ᠪᠠᠶᠢᠨ᠎ᠠ᠃     ᠨᠤᠮ ᠤᠨ ᠵᠠᠩᠬᠢᠶ᠎ᠠ ᠲᠠᠶᠢᠯᠬᠤ ᠶᠤᠰᠤ     ᠮᠤᠩᠭᠤᠯᠴᠤᠳ ᠤᠨ ᠨᠤᠮ ᠤᠨ ᠵᠠᠩᠬᠢᠶ᠎ᠠ ᠲᠠᠶᠢᠯᠬᠤ ᠶᠤᠰᠤ ᠨᠢ ᠦᠰᠥᠭ ᠪᠢᠴᠢᠭ ᠪᠠᠶᠢᠬᠤ ᠦᠭᠡᠢ ᠦᠶ᠎ᠠ ᠳᠤ  ᠲᠡᠭᠡᠰᠤ ᠵᠠᠩᠬᠢᠳᠴᠤ ᠲᠡᠮᠳᠡᠭᠯᠡᠯ ᠬᠢᠳᠡᠭ ᠵᠠᠩᠰᠢᠯ ᠠᠴᠠ ᠤᠯᠠᠮᠵᠢᠯᠠᠵᠤ ᠢᠷᠡᠭᠰᠡᠨ ᠪᠤᠯᠤᠯᠳᠠᠢ᠂ ᠡᠶᠢᠮᠤ ᠠᠴᠠ  ᠮᠤᠩᠭᠤᠯᠴᠤᠳ ᠦᠭᠡ ᠶᠠᠷᠢᠬᠤ ᠳᠠᠭᠠᠨ ᠵᠠᠩᠬᠢᠯᠠᠭ᠎ᠠ ᠶᠢ ᠨᠢ ᠠᠳᠬᠤᠵᠤ ᠶᠠᠷᠢᠨ᠎ᠠ᠂ ᠵᠤᠬᠢᠶᠠᠯ ᠪᠢᠴᠢᠬᠦ ᠳᠡᠭᠡᠨ  ᠵᠠᠩᠬᠢᠯᠠᠭ᠎ᠠ ᠶᠢ ᠨᠢ ᠠᠳᠬᠤᠵᠤ ᠪᠢᠴᠢᠨ᠎ᠠ᠂ ᠠᠮᠢᠨ ᠰᠠᠬᠢᠶ᠎ᠠ ᠪᠤᠯᠭᠠᠵᠤ ᠵᠠᠩᠬᠢᠯᠠᠭ᠎ᠠ ᠵᠡᠬᠦᠨ᠎ᠠ᠂ ᠶᠠᠭᠤᠮ᠎ᠠ  ᠦᠢᠯᠡᠳᠬᠦ ᠳᠡᠭᠡᠨ ᠵᠠᠩᠬᠢᠯᠠᠭ᠎ᠠ ᠶᠢ ᠨᠢ ᠠᠳᠬᠤᠵᠤ ᠬᠢᠨ᠎ᠠ ᠭᠡᠳᠡᠭ᠃ ᠪᠠᠰᠠ ᠮᠤᠩᠭᠤᠯ ᠬᠦᠮᠤᠨ ᠠᠶᠢᠯ ᠡᠷᠤᠬᠡ ᠳᠤ  ᠤᠷᠤᠵᠤ ᠪᠡᠯᠡᠭ ᠰᠠᠯᠳᠠ ᠬᠦᠷᠭᠡᠬᠦ ᠳᠡᠭᠡᠨ ᠪᠦᠷ ᠪᠤᠭᠤᠯᠳᠠ ᠶᠢᠨ ᠵᠠᠩᠬᠢᠶ᠎ᠠ ᠶᠢ ᠨᠢ ᠲᠠᠶᠢᠯᠵᠤ ᠬᠦᠷᠭᠡᠳᠡᠭ ᠶᠤᠰᠤ ᠪᠤᠢ᠃ ᠡᠬᠦᠨ ᠲᠠᠢ ᠠᠳᠠᠯᠢ ᠪᠠᠷ᠂ ᠵᠠᠩᠬᠢᠯᠠᠭ᠎ᠠ ᠲᠠᠶᠢᠯᠤᠭᠰᠠᠨ ᠦᠭᠡᠢ ᠨᠤᠮ ᠢ ᠪᠤᠰᠤᠳ ᠲᠤ ᠬᠦᠷᠭᠡᠳᠡᠭ ᠦᠭᠡᠢ᠂  ᠮᠤᠩᠭᠤᠯᠴᠤᠳ ᠤᠨ ᠬᠤᠪᠤᠷ ᠦᠨᠡᠳᠤ ᠨᠤᠮ ᠢᠶᠠᠨ ᠪᠦᠷ ᠲᠠᠪᠤᠨ ᠦᠩᠭᠡ ᠶᠢᠨ ᠲᠤᠷᠭᠠᠨ ᠤᠳᠠᠰᠤ ᠪᠠᠷ ᠭᠤᠷᠪᠠᠨ  ᠵᠠᠩᠬᠢᠯᠠᠭ᠎ᠠ ᠬᠦᠭᠡᠷᠬᠡᠢ ᠵᠠᠩᠬᠢᠳᠴᠤ ᠲᠤᠭᠤᠮᠴᠢ ᠶᠢ ᠨᠢ ᠨᠤᠮ ᠤᠨ ᠲᠤᠯᠤᠭᠠᠢ ᠲᠠᠯ᠎ᠠ ᠳᠤᠨᠢ ᠲᠠᠭᠠᠷᠠᠭᠤᠯᠤᠨ  ᠬᠠᠳᠠᠭᠠᠯᠠᠵᠤ ᠪᠠᠶᠢᠳᠠᠭ᠂ ᠨᠤᠮ ᠢᠶᠠᠨ ᠪᠤᠰᠤᠳ ᠲᠤ ᠬᠦᠷᠭᠡᠬᠦ ᠳᠡᠭᠡᠨ ᠪᠠᠷᠠᠭᠤᠨ ᠬᠤᠶᠢᠰᠢ ᠬᠠᠨᠳᠤᠨ ᠵᠤᠭᠰᠤᠵᠤ᠂  ᠨᠤᠮ ᠤᠨ ᠬᠠᠨ ᠪᠠᠪᠠᠢ ᠲᠡᠭᠷᠢ ᠶᠢᠨ ᠵᠠᠷᠯᠢᠭ ᠤᠨ ᠦᠴᠢᠭ ᠦᠴᠢᠵᠤ ︽ᠰᠠᠷ︕ ᠰᠠᠷ︕ ᠰᠠᠷ︕︾ ᠭᠡᠵᠤ  ᠲᠡᠭᠷᠢ ᠦᠭᠡᠳᠠ ᠠᠷᠢᠬᠢ ᠰᠠᠷᠬᠤᠳ ᠢ ᠰᠠᠴᠤᠯᠬᠢᠯᠠᠨ ᠵᠠᠩᠬᠢᠶ᠎ᠠ ᠶᠢ ᠨᠢ ᠲᠠᠶᠢᠯᠵᠤ ᠬᠦᠷᠭᠡᠳᠡᠭ ᠶᠤᠰᠤ ᠪᠤᠶ᠃ ᠬᠡᠷᠪᠡ  ᠵᠠᠩᠬᠢᠶ᠎ᠠ ᠶᠢ ᠨᠢ ᠲᠠᠶᠢᠯᠤᠭᠰᠠᠨ ᠦᠭᠡᠢ ᠨᠤᠮ ᠢ ᠪᠤᠰᠤᠳ ᠲᠤ ᠬᠦᠷᠭᠡᠪᠡᠯ ᠵᠠᠩᠬᠢᠷᠠᠭᠠᠳ ᠨᠤᠮ ᠤᠨ ᠬᠦᠴᠤᠨ ᠨᠢ  ᠶᠠᠪᠤᠭᠤᠷᠢ ᠦᠭᠡᠢ ᠪᠠᠶᠢᠵᠤ᠂ ᠤᠩᠰᠢᠭᠴᠢ ᠪᠠᠷ ᠮᠡᠬᠦᠰᠳᠡᠬᠦ ᠪᠤᠶᠤ ᠤᠩᠰᠢᠭᠰᠠᠨ ᠴᠤ ᠠᠴᠢ ᠲᠤᠰᠠ ᠭᠠᠷᠳᠠᠭ ᠦᠭᠡᠢ  ᠭᠡᠳᠡᠭ᠃ ᠨᠤᠮ ᠤᠨ ᠵᠠᠩᠬᠢᠶ᠎ᠠ ᠲᠠᠶᠢᠯᠬᠤ ᠳᠤ ᠪᠠᠰᠠ ᠡᠳᠤᠷ᠂ ᠴᠠᠭ ᠢ ᠶᠡᠭᠡ ᠨᠠᠷᠢᠯᠢᠭ ᠰᠤᠩᠭᠤᠵᠤ ᠦᠢᠯᠡᠳᠤᠳᠡᠭ  ᠵᠤᠷᠰᠢᠯ ᠲᠠᠢ᠃ ᠡ᠊ᠨᠠ ᠨᠢ ᠲᠠᠷᠤᠢ ᠵᠢᠷᠤᠬᠠᠢ ᠶᠢᠨ ᠠᠷᠪᠠᠨ ᠬᠤᠶᠠᠷ ᠡᠵᠡᠨ ᠤ ᠨᠡᠭᠡᠭᠡᠭᠴᠢ᠂ ᠡᠪᠳᠡᠭᠴᠢ᠂  ᠲᠦᠬᠦᠷᠥᠭᠴᠢ᠂ ᠲᠦᠪᠰᠢᠳᠭᠡᠭᠴᠢ ᠵᠡᠷᠭᠡ ᠲᠦᠷᠪᠡᠨ ᠡᠵᠡᠨ ᠢ ᠰᠤᠩᠭᠤᠵᠤ᠂ ᠷᠤᠬᠢᠨᠠᠢ᠂ ᠪᠦᠷᠨᠢᠸᠠᠰᠤ᠂ ᠪᠦᠷᠸᠠᠰᠠᠳ᠂ ᠰᠢᠳᠢᠪᠢᠰ ᠵᠡᠷᠭᠡ ᠬᠡᠰᠢᠭ ᠤᠨ ᠲᠦᠷᠪᠡᠨ ᠤᠳᠤ ᠲᠠᠢ ᠲᠤᠬᠢᠶᠠᠯᠳᠤᠭᠤᠯᠤᠨ ᠨᠤᠮ ᠤᠨ ᠵᠠᠩᠬᠢᠶ᠎ᠠ ᠲᠠᠶᠢᠯᠬᠤ ᠦᠢᠯᠠ ᠶᠢ  ᠦᠢᠯᠠᠳᠤᠨ᠎ᠠ᠃ ᠭᠡᠬᠦ ᠳᠡᠭᠡᠨ ᠠᠷᠢᠭᠤᠨ ᠴᠡᠪᠡᠷ ᠢ ᠡᠷᠬᠢᠮᠯᠡᠨ᠎ᠠ᠃ ᠠᠷᠢᠭᠤᠳᠬᠠᠯ ᠨᠢ ᠨᠤᠮ ᠪᠢᠳᠡᠬᠦᠯᠡᠬᠦ  ᠠᠷᠢᠭᠤᠳᠬᠠᠯ ᠲᠠᠢ ᠠᠳᠠᠯᠢ᠃ ᠮᠤᠩᠭᠤᠯᠴᠤᠳ ᠤᠨ ᠨᠤᠮ ᠤᠨ ᠵᠠᠩᠬᠢᠶ᠎ᠠ ᠲᠠᠶᠢᠯᠬᠤ ᠶᠤᠰᠤ ᠪᠤᠯ ᠠᠯᠢᠪᠠ ᠨᠤᠮᠯᠠᠯ ᠢ  ᠮᠠᠰᠢ ᠶᠡᠭᠡ ᠶᠠᠪᠤᠭᠤᠷᠢ ᠲᠠᠢ ᠪᠤᠯᠭᠠᠵᠤ ᠷᠢᠳᠢ ᠰᠢᠳᠢ ᠤᠷᠤᠭᠤᠯᠳᠠᠭ᠃     ᠨᠤᠮ ᠪᠢᠳᠡᠬᠦᠯᠡᠬᠦ ᠶᠤᠰᠤ     ᠨᠤᠮ ᠪᠢᠳᠡᠬᠦᠯᠡᠬᠦ ᠶᠤᠰᠤ ᠨᠢ ᠤᠯᠠᠩᠬᠢ ᠳᠠᠭᠠᠨ ᠤᠷᠳᠤᠰ ᠲᠤᠭᠠᠯᠠᠯ ᠤᠨ ᠦᠭᠡᠯᠵᠢᠨ ᠰᠠᠷ᠎ᠠ ᠶᠢᠨ ᠬᠤᠷᠢ ᠶᠢᠰᠤᠨ  ᠪᠤᠶᠤ ᠪᠢᠳᠡᠬᠦᠨ ᠳᠤ ᠶᠠᠪᠤᠭᠳᠠᠳᠠᠭ᠃ ᠭᠡᠪᠡᠴᠤ ᠨᠤᠮ ᠵᠤᠬᠢᠶᠠᠵᠤ ᠲᠡᠬᠦᠰᠬᠦ ᠪᠤᠶᠤ ᠶᠠᠮᠠᠷ ᠨᠢᠭᠡᠨ ᠲᠠᠷᠨᠢ  ᠪᠦᠳᠤᠭᠡᠬᠦ ᠳᠡᠭᠡᠨ ᠪᠤᠰᠤᠳ ᠲᠤᠬᠢᠷᠠᠮᠵᠢᠳᠠᠢ ᠴᠠᠭ ᠢ ᠴᠤ ᠰᠤᠩᠭᠤᠵᠤ ᠪᠦᠳᠤᠭᠡᠳᠡᠭ᠂ ᠡ᠊ᠨᠠ ᠬᠦ ᠡᠳᠤᠷ ᠴᠠᠭ ᠨᠢ  ᠵᠢᠷᠤᠬᠠᠢ ᠶᠢᠨ ᠠᠷᠪᠠᠨ ᠬᠤᠶᠠᠷ ᠡᠵᠡᠨ ᠠᠴᠠ ᠡᠵᠡᠯᠡᠭᠴᠢ᠂ ᠲᠤᠭᠳᠠᠭᠴᠢ᠂ ᠰᠠᠬᠢᠭᠴᠢ᠂ ᠪᠦᠳᠤᠭᠡᠭᠴᠢ᠂  ᠬᠤᠷᠢᠶᠠᠭᠴᠢ ᠶᠢ ᠰᠤᠩᠭᠤᠨ᠂ ᠪᠦᠳᠤᠭᠡᠬᠦ ᠶᠢᠨ ᠲᠦᠷᠪᠡᠨ ᠤᠳᠤ ᠠᠴᠠ ᠪᠦᠰ᠂ ᠤᠳᠠᠷᠰᠠᠳ᠂ ᠰᠤᠸᠠᠳᠢ᠂ ᠷᠠᠸᠠᠳᠢ  ᠵᠡᠷᠭᠡ ᠲᠠᠢ ᠲᠤᠬᠢᠶᠠᠯᠳᠤᠭᠤᠯᠤᠨ ᠡᠳᠤᠷ ᠰᠤᠩᠭᠤᠵᠤ ᠦᠢᠯᠡᠳᠤᠨ᠎ᠠ᠃ ᠭᠡᠬᠦ ᠳᠡᠭᠡᠨ᠂ ᠨᠤᠮ ᠤᠨ ᠵᠠᠩᠬᠢᠶ᠎ᠠ ᠲᠠᠶᠢᠯᠬᠤ  ᠪᠤᠯᠤᠨ ᠨᠤᠮ ᠪᠢᠳᠡᠬᠦᠯᠡᠬᠦ ᠶᠤᠰᠤ ᠶᠢ ᠬᠤᠳᠬᠤᠯᠳᠤᠭᠤᠯᠤᠨ ᠦᠢᠯᠡᠳᠬᠦ ᠶᠢ ᠡᠷᠡᠰ ᠴᠡᠭᠡᠷᠯᠡᠬᠦ ᠬᠡᠷᠡᠭᠳᠠᠢ᠃    ᠨᠤᠮ ᠪᠢᠳᠡᠬᠦᠯᠡᠬᠦ ᠳᠤ᠂ ᠶᠠᠭᠤᠨ ᠤ ᠡᠮᠤᠨ᠎ᠠ ᠲᠤᠰᠬᠠᠢ ᠤᠳᠤᠯᠭ᠎ᠠ ᠪᠠᠷ ᠤᠳᠤᠵᠤ ᠨᠤᠮ ᠢᠶᠠᠨ ᠠᠷᠢᠭᠤᠳᠬᠠᠨ᠎ᠠ᠂  ᠡ᠊ᠨᠠ ᠬᠦ ᠤᠳᠤᠯᠭ᠎ᠠ ᠨᠢ ᠲᠤᠯᠤᠭᠠᠨ ᠵᠦᠢᠯ ᠤᠨ ᠰᠢᠳᠢᠳᠤ ᠡᠮ ᠲᠡᠭᠡᠷ᠎ᠠ ᠰᠢᠬᠢᠷ ᠪᠤᠯᠤᠨ ᠦᠨᠡᠭᠡᠨ ᠤ ᠨᠤᠮ  ᠠᠷᠢᠭᠤᠳᠬᠠᠭᠴᠢ ᠶᠢ ᠨᠡᠮᠡᠷᠢᠯᠡᠵᠤ ᠲᠠᠯᠠᠭᠯᠠᠭᠠᠳ ᠨᠢᠭᠤᠴᠠ ᠰᠢᠪᠰᠢᠯᠭᠡ ᠰᠢᠪᠰᠢᠵᠤ ᠤᠳᠤᠨ᠎ᠠ᠃ ᠡᠬᠦᠨ ᠤ ᠲᠠᠷᠠᠭ᠎ᠠ ︽ ᠨᠤᠮ ᠤᠨ ᠬᠠᠨ ᠪᠠᠪᠠᠢ ᠲᠡᠭᠷᠢ︾ ᠶᠢ ᠲᠠᠭᠤᠳᠠᠵᠤ ᠤᠷᠤᠰᠢᠭᠤᠯᠤᠨ᠂ ︽ᠨᠤᠮ ᠤᠨ ᠬᠠᠨ ᠤ ᠵᠠᠷᠯᠢᠭ ᠤᠨ ᠦᠴᠢᠭ︾  ᠦᠴᠢᠵᠤ ᠪᠠᠭᠤᠮᠠᠯ ᠪᠠᠭᠤᠯᠭᠠᠵᠤ ᠠᠴᠤᠭ ᠪᠤᠯᠭᠠᠨ ᠢ ᠠᠮᠢᠯᠠᠨ ᠠᠷᠠᠭ᠎ᠠ ᠪᠦᠷᠢ ᠶᠢ ᠨᠢ ᠬᠤᠷᠴᠠᠯᠠᠨ ᠰᠢᠳᠢ  ᠤᠷᠤᠭᠤᠯᠵᠤ ᠬᠠᠪᠳᠠᠰᠤᠯᠠᠭᠠᠳ ᠲᠠᠪᠤᠨ ᠦᠩᠭᠡ ᠶᠢᠨ ᠲᠤᠷᠭᠠᠨ ᠤᠳᠠᠰᠤ ᠪᠠᠷ ᠭᠤᠷᠪᠠᠨ ᠪᠦᠰᠡᠯᠡᠬᠦᠷ ᠤᠷᠤᠭᠤᠯᠵᠤ  ᠲᠤᠭᠤᠮᠴᠢᠯᠠᠨ ᠵᠠᠩᠬᠢᠳᠴᠤ᠂ ᠲᠤᠭᠤᠮᠴᠢ ᠶᠢᠨ ᠰᠠᠨᠵᠢ ᠶᠢ ᠨᠢ ᠨᠤᠮ ᠤᠨ ᠲᠤᠯᠤᠭᠠᠢ ᠲᠠᠢ ᠲᠠᠭᠠᠷᠠᠭᠤᠯᠤᠨ  ᠰᠦᠪᠡᠭᠴᠢ ᠶᠢ ᠨᠢ ᠬᠤᠨᠢᠨ ᠴᠠᠭᠠᠰᠤ ᠶᠢᠨ ᠨᠠᠷᠢᠨ ᠵᠦᠰᠤᠮᠠᠯ ᠢᠶᠠᠷ ᠯᠤᠮᠪᠤᠳᠠᠨ᠎ᠠ᠃ ᠢᠩᠬᠢᠭᠡᠳ ᠲᠠᠬᠢᠯᠭ᠎ᠠ ᠶᠢᠨ  ᠰᠢᠷᠡᠭᠡ ᠲᠡᠭᠡᠷ᠎ᠠ ᠲᠠᠯᠪᠢᠵᠤ᠂ ᠬᠦᠬᠡ ᠪᠤᠶᠤ ᠴᠠᠭᠠᠨ ᠪᠦᠰ ᠲᠡᠭᠡᠷ᠎ᠠ ︽ᠨᠤᠮ ᠤᠨ ᠬᠠᠨ ᠤ ᠵᠠᠷᠯᠢᠭᠳᠤ᠂ ᠨᠤᠮᠯᠠᠯ ᠤᠨ  ᠶᠡᠭᠡ ᠰᠢᠳᠢᠳᠤ᠂ ᠨᠤᠮ ᠤᠨ ᠶᠡᠭᠡ ᠠᠴᠢᠳᠤ᠂ ᠨᠤᠮᠯᠠᠯ ᠤᠨ ᠶᠡᠭᠡ ᠬᠦᠴᠤ ᠤᠷᠤᠰᠢᠬᠤ ᠪᠤᠯᠳᠤᠭᠠᠢ︕︾ ᠭᠡᠵᠤ  ᠪᠢᠴᠢᠭᠡᠳ ᠪᠦᠳᠡᠭᠡᠵᠤ ᠬᠦᠵᠢ ᠵᠤᠯᠠ ᠡᠷᠬᠦᠵᠤ ᠮᠦᠷᠬᠦᠨ ᠲᠠᠬᠢᠳᠠᠭ᠃     ᠰᠢᠨ᠎ᠠ ᠶᠢᠨ ᠭᠤᠷᠪᠠᠨ ᠳᠤ ᠨᠤᠮ ᠤᠨ ᠡᠮᠤᠨ᠎ᠠ ᠪᠠᠷᠠᠭᠤᠨ ᠬᠤᠶᠢᠰᠢ ᠬᠠᠨᠳᠤᠨ ᠰᠦᠬᠦᠳᠴᠤ ︽ᠡᠴᠢᠭᠡ ᠲᠡᠭᠷᠢ  ᠦᠷᠤᠰᠢᠶᠡᠵᠤ᠂ ᠲᠤᠭᠰᠢᠨ ᠨᠤᠮᠤᠬᠠᠨ ᠰᠠᠬᠢᠭᠤᠯᠰᠤ ᠪᠠᠷ ᠨᠢᠭᠡᠨ ᠭᠠᠷ ᠤᠨ ᠬᠦᠴᠤᠨ ᠦᠭᠬᠦᠬᠦᠯᠬᠦ ᠪᠤᠯᠪᠠᠥ︖︾  ᠭᠡᠵᠤ ᠭᠤᠷᠪᠠᠨᠳᠠ ᠲᠠᠭᠠᠳᠬᠠᠨ᠎ᠠ᠃ ᠡᠬᠦᠨ ᠤ ᠲᠠᠷᠠᠭ᠎ᠠ ᠨᠤᠮ ᠤᠨ ᠵᠠᠩᠬᠢᠶ᠎ᠠ ᠶᠢ ᠲᠠᠶᠢᠯᠵᠤ᠂ ᠬᠡᠳᠤᠨ ᠲᠠᠬᠢᠨ  ᠤᠩᠰᠢᠭᠠᠳ ᠲᠦᠷᠪᠡᠨ ᠵᠦᠭ ᠲᠤ ᠨᠤᠮ ᠢᠶᠠᠨ ᠰᠠᠪᠠᠨ᠎ᠠ᠃ ᠡ᠊ᠨᠠ ᠮᠡᠳᠤ ᠨᠤᠮ ᠤᠨ ᠢᠶᠠᠨ ᠵᠠᠩᠬᠢᠶ᠎ᠠ ᠶᠢ ᠲᠠᠶᠢᠯᠵᠤ᠂  ᠦᠢᠯᠡᠳᠥᠭᠰᠡᠨ ᠠᠯᠢᠪᠠ ᠬᠠᠷᠢᠶᠠᠯ ᠢᠷᠤᠭᠡᠯ᠂ ᠬᠠᠷᠢᠭᠤᠴᠠᠯᠭ᠎ᠠ ᠶᠢᠨ ᠨᠤᠮ ᠠᠮᠠᠯᠠᠮᠠᠭᠴᠠ ᠠᠴᠢ ᠭᠠᠷᠴᠤ᠂  ᠲᠤᠷᠠᠳᠤᠮᠠᠭᠴᠠ ᠲᠤᠰᠠᠯᠠᠨ᠎ᠠ᠃ ᠨᠤᠮ ᠤᠨ ᠴᠠᠭᠠᠨ ᠪᠤᠶᠠᠨ ᠲᠡᠯᠭᠡᠷᠡᠬᠦ ᠪᠤᠯᠳᠤᠭᠠᠢ︕    ︵ᠲᠤᠰ ᠨᠢᠭᠤᠷ ᠤᠨ ᠡᠬᠡ ᠪᠢᠴᠢᠭ ᠪᠠ ᠭᠡᠷᠡᠯ ᠵᠢᠷᠤᠭ ᠢ ︽ᠦᠪᠤᠷ ᠮᠤᠩᠭᠤᠯ ᠤᠨ ᠡᠳᠤᠷ ᠤᠨ ᠰᠤᠨᠢᠨ︾ ᠠᠴᠠ  ᠰᠢᠯᠵᠢᠬᠦᠯᠪᠡ︶
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号