ᠤᠪᠤᠭ᠎ᠠ ᠭᠡᠳᠡᠭ ᠪᠤᠯ ᠤᠤᠯ ᠳᠤ ᠪᠠᠨ ᠮᠤᠩᠭᠤᠯᠴᠤᠳ ᠤᠨ ᠡᠪᠦᠭᠡ ᠳᠡᠭᠡᠳᠦᠰ ᠠᠴᠠ ᠤᠯᠠᠮᠵᠢᠯᠠᠭᠰᠠᠨ ᠵᠦᠭ | ᠴᠢᠭ᠂ ᠠᠭᠤᠯᠠ ᠤᠰᠤᠨ ᠤ ᠬᠠᠭᠠᠯᠪᠤᠷᠢ᠂ ᠡᠷᠭᠢ ᠭᠠᠩᠭ᠎ᠠ᠂ ᠪᠡᠷᠬᠡ ᠪᠠᠷᠳᠠᠭᠠᠨ ᠤ ᠳᠡᠮᠳᠡᠭ ᠪᠠᠶᠢᠵᠠᠢ᠃ ᠤᠪᠤᠭ᠎ᠠ | ᠳᠠᠬᠢᠬᠤ ᠪᠤᠯ ᠮᠤᠩᠭᠤᠯᠴᠤᠳ ᠤᠨ ᠳᠤᠮᠳᠠ ᠠᠯᠢ ᠡᠷᠳᠡ ᠪᠤᠢ ᠪᠤᠯᠤᠭᠰᠠᠨ ᠰᠢᠳᠦᠯᠭᠡ ᠪᠢᠰᠢᠷᠡᠯ ᠤᠨ ᠬᠡᠪ ᠵᠠᠩᠰᠢᠯ | ᠶᠤᠮ᠃ ᠮᠦᠨ ᠴᠤ ᠪᠠᠳᠤ ᠴᠢᠩᠭ᠎ᠠ ᠰᠠᠭᠤᠷᠢ ᠲᠠᠢ᠂ ᠮᠤᠩᠭᠤᠯ ᠰᠤᠶᠤᠯ ᠤᠨ ᠤᠮᠳᠤᠭᠠᠶᠢᠯᠠᠵᠦ ᠪᠤᠯᠤᠰᠢ ᠦᠭᠡᠢ | ᠲᠡᠦᠬᠡᠨ ᠤᠯᠠᠮᠵᠢᠯᠠᠯᠳᠤ ᠦᠪ ᠰᠤᠶᠤᠯ᠃ ᠤᠪᠤᠭᠠᠨ ᠤ ᠳᠠᠬᠢᠯᠭ᠎ᠠ ᠳᠤ ᠲᠡᠦᠬᠡ ᠳᠤᠷᠠᠰᠬᠠᠯ ᠤᠨ ᠰᠢᠨᠵᠢ | ᠠᠭᠤᠯᠤᠭᠳᠠᠵᠦ ᠪᠠᠶᠢᠬᠤ ᠪᠠᠷ ᠪᠠᠷᠠᠬᠤ ᠦᠭᠡᠢ ᠮᠤᠩᠭᠤᠯᠴᠤᠳ ᠤᠨ ᠪᠠᠶᠢᠭᠠᠯᠢ ᠤᠷᠴᠢᠨ ᠢᠶᠠᠨ ᠬᠠᠶᠢᠷᠠᠯᠠᠨ ᠬᠠᠮᠠᠭᠠᠯᠠᠬᠤ | ᠰᠠᠶᠢᠨ ᠰᠠᠶᠢᠬᠠᠨ ᠵᠠᠩᠰᠢᠯ ᠴᠤ ᠠᠭᠤᠯᠤᠭᠳᠠᠵᠦ ᠪᠠᠶᠢᠭ᠎ᠠ ᠶᠤᠮ᠃ ᠮᠤᠩᠭᠤᠯᠴᠤᠳ ᠤᠨ ︽ᠡᠷ᠎ᠡ ᠶᠢᠨ ᠭᠤᠷᠪᠠᠨ | ᠨᠠᠭᠠᠳᠤᠮ︾ ᠴᠤ ᠤᠪᠤᠭᠠᠨ ᠳᠠᠬᠢᠯᠭ᠎ᠠ ᠲᠠᠢ ᠬᠤᠯᠪᠤᠭ᠎ᠠ ᠲᠠᠢ ᠶᠤᠮ᠃ | ᠤᠪᠤᠭ᠎ᠠ ᠳᠠᠬᠢᠯᠭ᠎ᠠ ᠶᠢᠨ ᠢᠷᠡᠯᠳᠡ ᠶᠢ ᠮᠦᠷᠳᠡᠪᠡᠯ ᠤᠤᠯ ᠨᠢ ᠮᠤᠩᠭᠤᠯᠴᠤᠳ ᠤᠪᠤᠭ᠎ᠠ ᠶᠢ ᠨᠦᠯᠦᠭᠡ | ᠶᠡᠬᠡᠳᠡᠢ ᠦᠨᠳᠦᠷ ᠤᠷᠤᠢ ᠪᠤᠶᠤ ᠠᠭᠤᠯᠠ ᠬᠠᠶᠢᠷᠬᠠᠨ ᠤ ᠤᠷᠤᠢ ᠳᠤ ᠴᠢᠯᠠᠭᠤ᠂ ᠮᠤᠳᠤ ᠪᠤᠷᠭᠠᠰᠤ᠂ ᠳᠤᠭᠤᠰᠬ᠎ᠠ | ᠪᠤᠰᠬᠠᠵᠦ ᠳᠡᠭᠷᠢ᠂ ᠭᠠᠵᠠᠷ᠂ ᠯᠤᠤᠰ᠂ ᠠᠭᠤᠯᠠ ᠤᠰᠤᠨ ᠤ ᠨᠠᠪᠳᠠᠭ ᠰᠠᠪᠳᠠᠭ ᠢ ᠰᠢᠳᠤᠨ ᠳᠠᠬᠢᠳᠠᠭ ᠪᠠᠶᠢᠵᠠᠢ᠃ | ᠦᠪᠳᠦᠷ ᠰᠦᠷᠯᠢᠭ ᠭᠠᠵᠠᠷ ᠦᠭᠡᠢ ᠪᠤᠯ ᠤᠪᠤᠭ᠎ᠠ ᠪᠤᠰᠬᠠᠳᠠᠭ ᠭᠠᠵᠠᠷ ᠨᠢ ᠤᠶᠢᠷ᠎ᠠ ᠬᠠᠪᠢ ᠳᠤ ᠪᠠᠨ ᠦᠨᠳᠦᠷᠬᠡᠨ | ᠪᠠᠶᠢᠬᠤ ᠶᠢ ᠠᠩᠬᠠᠷᠤᠨ᠎ᠠ᠃ ᠪᠦᠳᠦᠴᠡ ᠠᠴᠠ ᠨᠢ ᠦᠵᠡᠪᠡᠯ᠂ ᠤᠪᠤᠭ᠎ᠠ ᠨᠢ ᠭᠤᠤᠯ ᠤᠪᠤᠭ᠎ᠠ ᠪᠠ ᠴᠡᠷᠢᠭ | ᠤᠪᠤᠭ᠎ᠠ ᠪᠠᠷ ᠪᠦᠷᠢᠯᠳᠤᠳᠡᠭ᠃ ᠭᠤᠤᠯ ᠤᠪᠤᠭᠠᠨ ᠤ ᠨᠢᠭᠡ ᠲᠠᠯ᠎ᠠ ᠳᠤ ᠠᠷᠪᠠᠨ ᠬᠤᠶᠠᠷ ᠵᠢᠵᠢᠭ ᠤᠪᠤᠭ᠎ᠠ ᠶᠢ ᠨᠢᠭᠡ | ᠱᠤᠭᠤᠮ ᠳᠡᠭᠡᠷ᠎ᠡ ᠪᠤᠰᠬᠠᠳᠠᠭ ᠢ ᠵᠠᠩᠵᠤᠨ ᠤᠪᠤᠭ᠎ᠠ ᠪᠤᠶᠤ ᠴᠡᠷᠢᠭ ᠤᠪᠤᠭ᠎ᠠ᠂ ᠪᠠᠰᠠ ᠡᠯᠴᠢ ᠤᠪᠤᠭ᠎ᠠ ᠭᠡᠳᠡᠭ᠃ | ︽ᠤᠷᠳᠤᠰ ᠰᠤᠶᠤᠯ ᠵᠠᠩ ᠦᠢᠯᠡ︾ ᠭᠡᠬᠦ ᠨᠤᠮ ᠠᠴᠠ ᠪᠠᠭᠤᠯᠭᠠᠪᠠ᠃ | |