ᠠᠯᠠᠭ ᠮᠣᠷᠢ ︵  ᠬᠤᠶᠠᠷ︶
ᠨᠡᠶᠢᠲᠡᠯᠡᠭᠰᠡᠨ ᠴᠠᠭ᠄
2020/10/23
ᠠᠯᠠᠭ ᠮᠣᠷᠢ ᠮᠢᠨᠢ ᠡ ᠬᠥ᠋ ᠠᠲᠠᠷ ᠲᠠᠷᠭᠤᠨ ᠪᠠᠶᠢᠨ᠎ᠠ ᠠᠯᠤᠰ ᠤᠨ ᠢᠶᠠᠨ ᠠᠷᠪᠠᠨ ᠬᠤᠰᠢᠭᠤᠨ ᠳᠤ ᠠᠯᠬᠤᠯᠠᠭᠤᠯᠵᠤ ᠬᠦᠷᠦᠶ᠎ᠡ ᠳ᠋ᠡ ᠬᠥ᠋    ᠠᠮᠠᠷᠠᠭ ᠲᠡᠷᠡ ᠮᠢᠨᠢ ᠡ ᠬᠥ᠋ ᠠᠮᠤᠷᠬᠠᠨ ᠰᠠᠶᠢᠨ ᠦᠦ ᠬᠥ᠋ ᠠᠯᠤᠰ ᠤᠨ ᠢᠶᠠᠨ ᠠᠷᠪᠠᠨ ᠬᠤᠰᠢᠭᠤᠨ ᠳᠤ ᠬᠦᠨᠳᠦ ᠲᠠᠢ ᠰᠠᠭᠤᠨ᠎ᠠ ᠳ᠋ᠠ ᠬᠥ᠋   ᠬᠦᠷᠡᠩ ᠮᠣᠷᠢ ᠮᠢᠨᠢ ᠡ ᠬᠥ᠋ ᠬᠦᠴᠦ ᠪᠠᠷ ᠲᠠᠷᠭᠤᠨ ᠪᠠᠶᠢᠨ᠎ᠠ ᠬᠦᠮᠦᠨ ᠤ ᠪᠠᠨ ᠬᠦᠨᠳᠡᠯᠡᠨ ᠬᠤᠰᠢᠭᠤᠨ ᠳᠤ ᠬᠦᠨᠳᠦᠷᠦᠭᠦᠯᠵᠤ ᠬᠦᠷᠦᠶ᠎ᠡ ᠳ᠋ᠡ ᠬᠥ᠋   ᠬᠡᠦᠬᠡᠨ ᠲᠡᠷᠡ ᠮᠢᠨᠢ ᠡ ᠬᠥ᠋ ᠠᠮᠤᠷᠬᠠᠨ ᠰᠠᠶᠢᠨ ᠦᠦ ᠬᠥ᠋ ᠬᠦᠮᠦᠨ ᠤ ᠪᠠᠨ ᠬᠦᠨᠳᠡᠯᠡᠨ ᠬᠤᠰᠢᠭᠤᠨ ᠳᠤ ᠬᠦᠨᠳᠦ ᠲᠠᠢ ᠰᠠᠭᠤᠨ᠎ᠠ ᠦᠦ ᠬᠥ᠋   ᠪᠤᠭᠤᠷᠤᠯ ᠮᠣᠷᠢ ᠮᠢᠨᠢ ᠡ ᠬᠥ᠋  ᠪᠤᠳᠠᠷᠠᠮ᠎ᠠ ᠵᠢᠷᠤᠭᠠᠯᠠᠨ᠎ᠠ ᠬᠥ᠋ ᠪᠤᠴᠠᠬᠤ ᠶᠢᠨ ᠠᠶᠠᠨ ᠵᠠᠮ ᠳᠤ ᠪᠠᠨ ᠪᠠᠭᠤᠭᠠᠳ ᠭᠠᠷᠤᠭᠠᠷᠠᠢ ᠬᠥ᠋   ᠪᠣᠳᠤᠭᠠᠳ ᠶᠠᠭᠠᠬᠢᠨ᠎ᠠ ᠪᠣᠢ ᠬᠥ᠋  ᠪᠣᠳᠤᠭᠳᠠᠭᠠᠳ ᠶᠠᠭᠠᠬᠢᠨ᠎ᠠ ᠪᠣᠢ ᠬᠥ᠋ ᠪᠠᠳᠮᠠᠷᠠᠭ᠎ᠠ ᠶᠦ ᠡᠷᠢᠭᠡ ᠶᠢᠨ ᠲᠣᠯᠤᠭᠠᠢ ᠳᠤ ᠰᠢᠩᠭᠡᠭᠡᠳ ᠦᠭᠭᠦᠭᠡᠷᠡᠢ ᠬᠥ᠋   ᠰᠠᠭᠠᠷᠠᠯ ᠮᠣᠷᠢ ᠮᠢᠨᠢ ᠡ ᠬᠥ᠋ ᠰᠠᠶᠢᠬᠠᠨ ᠵᠢᠷᠤᠭᠠᠯᠠᠨ᠎ᠠ ᠬᠥ᠋ ᠰᠠᠷ᠎ᠠ ᠶᠢᠨ ᠢᠶᠠᠨ ᠠᠶᠠᠨ ᠵᠠᠮ ᠳᠤ ᠪᠠᠨ ᠪᠠᠭᠤᠭᠠᠳ ᠭᠠᠷᠤᠭᠠᠷᠠᠢ ᠬᠥ᠋   ᠰᠠᠨᠠᠭᠠᠳ ᠶᠠᠭᠠᠬᠢᠨ᠎ᠠ ᠪᠣᠢ ᠬᠥ᠋ ᠰᠠᠨᠠᠭᠳᠠᠭᠠᠳ ᠶᠠᠭᠠᠬᠢᠨ᠎ᠠ ᠪᠣᠢ ᠬᠥ᠋ ᠰᠠᠮᠫᠠᠨ ᠶᠦ ᠵᠠᠯᠠᠭ᠎ᠠ ᠬᠤᠶᠠᠷ ᠲᠤ ᠨᠢ ᠰᠢᠩᠭᠡᠭᠡᠳ ᠦᠭᠭᠦᠭᠡᠷᠡᠢ ᠬᠥ᠋   ᠡᠯᠢᠶ᠎ᠡ ᠮᠢᠨᠢ ᠦᠦᠷᠰᠡᠨ᠎ᠡ ᠬᠥ᠋ ᠡᠷᠭᠢ ᠲᠡᠭᠡᠭᠦᠷ ᠵᠢᠷᠭᠢᠨ᠎ᠡ ᠬᠥ᠋ ᠡᠶᠢᠮᠦ ᠬᠤᠯᠠ ᠶᠠᠪᠤᠬᠤ ᠨᠢ ᠮᠢᠨᠢ ᠦᠢᠯᠡ ᠪᠠ ᠬᠥ᠋   ᠭᠠᠯᠠᠭᠤ ᠮᠢᠨᠢ ᠦᠦᠷᠰᠡᠨ᠎ᠡ ᠬᠥ᠋  ᠭᠠᠳᠠᠭᠤᠷ ᠮᠢᠨᠢ ᠵᠢᠷᠭᠢᠨ᠎ᠡ ᠬᠥ᠋ ᠭᠠᠵᠠᠷ ᠤᠨ ᠬᠤᠯᠠ ᠶᠠᠪᠤᠬᠤ ᠨᠢ ᠮᠢᠨᠢ ᠦᠢᠯᠡ ᠪᠠ ᠬᠥ᠋   ᠶᠠᠷᠢᠭᠠᠳ ᠶᠠᠭᠠᠬᠢᠨ᠎ᠠ ᠪᠣᠢ ᠬᠥ᠋ ᠶᠠᠭᠠᠬᠢᠭᠠᠳ ᠶᠠᠭᠠᠬᠢᠪᠠ ᠳ᠋ᠠ ᠬᠥ᠋ ᠶᠠᠷᠢᠭᠰᠠᠨ ᠤ ᠪᠠᠨ ᠦᠰᠢᠶ᠎ᠡ ᠬᠠᠷᠢᠭᠤ ᠳᠤ ᠬᠠᠨᠢᠯᠠᠭᠠᠳ ᠰᠠᠭᠤᠶ᠎ᠠ ᠳ᠋ᠠ ᠬᠥ᠋   ᠬᠡᠯᠡᠭᠡᠳ ᠶᠠᠭᠠᠬᠢᠨ᠎ᠠ ᠪᠣᠢ ᠬᠥ᠋ ᠬᠡᠯᠡᠯᠴᠡᠭᠡᠳ ᠶᠠᠭᠠᠬᠢᠬᠤᠪ ᠳ᠋ᠠ ᠬᠥ᠋ ᠬᠡᠯᠡᠭᠰᠡᠨ ᠤ ᠪᠠᠨ ᠦᠰᠢᠶ᠎ᠡ ᠬᠠᠷᠢᠭᠤ ᠳᠤ ᠬᠠᠨᠢᠯᠠᠭᠠᠳ ᠰᠠᠭᠤᠶ᠎ᠠ ᠳ᠋ᠠ ᠬᠥ᠋      
 
ᠢᠷᠡᠯᠲᠡ᠄ ᠳᠠᠷᠬᠠᠨ ᠮᠣᠣᠮᠢᠩᠭᠠᠨ ᠬᠤᠯᠪᠤᠭᠠᠳᠦ ᠬᠤᠰᠢᠭᠤᠨ ᠤ ᠳᠠᠭᠤᠤ ︵ᠳᠡᠭᠡᠳᠦ︶
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号