︽ᠬᠤᠯᠠᠭᠠᠶᠢᠴᠢ︾ ᠶᠢᠨ ᠦᠴᠢᠯᠭᠡ ︵ᠦᠭᠦᠯᠡᠯᠭᠡ︶
ᠨᠡᠶᠢᠲᠡᠯᠡᠭᠰᠡᠨ ᠴᠠᠭ᠄
2020/11/27
      — ᠦᠨᠡᠭᠡ ᠶᠢ ᠬᠦᠮᠦᠰ ᠬᠤᠯᠵᠢᠨ ᠭᠡᠳᠡᠭ᠂ ᠭᠡᠳᠡᠯ᠎ᠡ ᠬᠦᠮᠦᠰ ᠲᠡᠭᠦᠨ ᠠᠴᠠ ᠳᠠᠪᠠᠨ᠎ᠠ                      ● ᠪᠠᠶᠠᠨᠬᠦᠤ       ᠬᠤᠷᠢᠮᠯᠠᠭᠠᠳ ᠬᠤᠶᠠᠷ ᠵᠢᠯ ᠤᠨ ᠨᠢᠭᠤᠷ ᠢ ᠦᠵᠡᠭᠰᠡᠨ ᠦᠨᠦᠬᠢ ᠡᠷ᠎ᠡ ᠶᠢᠨ ᠠᠮᠢᠳᠤᠷᠠᠯ ᠠᠬᠤᠢ ᠨᠡᠯᠢᠶᠡᠳ ᠵᠦᠭᠰᠢᠷᠡᠭᠰᠡᠨ ᠳᠤ ᠪᠠᠨ ᠬᠦᠭᠰᠡᠵᠦ᠂ ᠬᠡᠣᠬᠡᠳ ᠠᠪᠬᠤ ᠰᠠᠨᠠᠭ᠎ᠠ ᠣᠷᠣᠵᠦ᠂ ᠬᠡᠭᠡᠨᠴᠢᠷ ᠪᠦᠰᠡᠭᠦᠢ ᠶᠢᠨ ᠢᠶᠠᠨ ᠬᠡᠪᠡᠯᠢ ᠲᠠᠶᠢᠰᠢ ᠬᠠᠷᠠᠭ᠎ᠠ ᠰᠢᠯᠵᠢᠭᠦᠯᠪᠡ᠃ ᠡᠬᠡᠨᠡᠷ᠄ ︽ᠵᠠᠯᠠᠭᠤ ᠡᠷᠢᠨ ᠳᠤ ᠵᠠᠪᠳᠤᠵᠤ ᠨᠢᠭᠡ ᠵᠤᠭᠠᠴᠠᠭᠠᠳ ᠮᠡᠳᠡᠶ᠎ᠡ︾ ᠭᠡᠬᠦ ᠳᠤ ᠡᠷ᠎ᠡ ᠨᠢ᠄ ︽ᠵᠠ᠂ ᠣᠶᠢᠷ᠎ᠠ ᠬᠠᠪᠢ ᠪᠠᠷ ᠣᠷᠢᠶᠠᠵᠤ ᠢᠷᠡᠶ᠎ᠡ︾ ᠭᠡᠭᠰᠡᠭᠡᠷ ᠣᠷᠴᠢᠮ ᠬᠤᠯᠠᠶᠢᠭᠠᠴᠢ ᠬᠢᠮᠤᠰᠤᠴᠢᠨ ᠰᠠᠮᠠᠭᠤᠷᠠᠵᠤ ᠭᠡᠷᠰᠡᠤᠯᠡᠬᠦ ᠦᠭᠡᠢ ᠪᠤᠯ ᠪᠤᠯᠬᠤ ᠦᠭᠡᠢ ᠭᠡᠳ ᠵᠤᠷᠪᠤᠰ ᠴᠠᠭᠠᠰᠤᠨ ᠳᠤ᠂ ︽ᠡᠷᠬᠢᠮ ᠲᠠ ᠦᠷᠯᠦᠭᠡ ᠦᠳᠡᠰᠢ ᠴᠤ ᠬᠠᠮᠢᠶ᠎ᠠ ᠦᠭᠡᠢ ᠦᠭᠡᠶᠢᠭᠦᠤ ᠮᠢᠨᠦ ᠦᠷᠦᠭᠡᠨ ᠳᠤ ᠢᠷᠡᠪᠡᠯ ᠡᠭᠦᠳᠡ ᠶᠢ ᠪᠠᠬᠢ ᠳᠠᠷᠤᠭᠠᠳ ᠶᠠᠪᠤᠭᠠᠷᠠᠢ᠂ ᠦᠯᠮᠡᠢ ᠦᠨᠳᠡᠯᠵᠡᠨ ᠢᠷᠡᠭᠰᠡᠨ ᠳᠤ ᠴᠢᠨᠢ ᠦᠴᠦᠬᠡᠨ ᠪᠣᠯᠪᠠᠴᠤ ᠮᠢᠩᠭᠠᠨ ᠵᠣᠭᠤᠰ ᠢ ᠵᠤᠷᠪᠤᠰ ᠴᠠᠭᠠᠰᠤ ᠲᠠᠢ ᠬᠠᠮᠳᠣ ᠲᠠᠯᠪᠢᠯ᠎ᠠ᠂ ᠡᠷᠢᠶᠡᠯ ᠦᠭᠡᠢ ᠬᠠᠷᠮᠠᠯᠠᠭᠠᠷᠠᠢ︾ ᠬᠡᠮᠡᠨ ᠳᠡᠷᠢ ᠲᠡᠭᠰᠢ ᠪᠢᠴᠢᠭᠡᠳ ᠪᠠᠭ᠋ᠠᠨ ᠰᠡᠳᠭᠢᠵᠤ᠂ ᠵᠠᠯᠭᠠᠭᠠᠳ ︽ᠡᠮᠦᠨ᠎ᠡ ᠠᠰᠠᠷ ᠤᠨ ᠬᠡᠳᠦᠳᠤᠭᠡᠷ ᠨᠢᠭᠡᠴᠢ ᠶᠢᠨ ᠠᠯᠢ ᠠᠯᠢ ᠨᠣᠮᠧᠷᠳᠤ ᠪᠠᠶᠠᠨ ᠡᠷᠦᠬᠡ᠂ ᠪᠡᠯᠡᠨ ᠵᠣᠭᠤᠰ ᠲᠠᠢ ᠮᠦᠷᠳᠡᠭᠡᠨ ᠭᠠᠵᠠᠷ ᠤᠨ ᠳᠡᠰ ᠤᠨ ᠳᠠᠷᠤᠭ᠎ᠠ ᠪᠢᠰᠢ ᠪᠣᠯ ᠰᠠᠯᠠᠭᠠᠨ ᠳᠠᠷᠤᠭ᠎ᠠ᠂ ᠡᠰᠡᠬᠦᠯ᠎ᠡ ᠬᠦᠳᠡᠭᠡ ᠠᠴᠠ ᠰᠢᠨᠡᠬᠡᠨ ᠰᠢᠯᠵᠢᠵᠦ ᠰᠠᠭᠤᠷᠢᠰᠢᠭᠰᠠᠨ ᠠᠯᠪᠠᠨ ᠭᠠᠵᠠᠷ ᠤᠨ ᠲᠣᠮᠤᠭᠠᠲᠡᠳ᠂ ᠠᠬᠤ ᠴᠤ ᠪᠠᠶᠢᠷᠢ ᠰᠠᠭᠤᠷᠢ ᠲᠠᠢ ᠠᠯᠪᠠᠳᠠᠨ ᠤ ᠲᠣᠭᠤᠷᠢᠭ︾ ᠭᠡᠵᠦ ᠤᠭᠰᠠᠷᠠᠭᠤᠯᠵᠤ ᠪᠢᠴᠢᠬᠦ ᠶᠢ ᠬᠢᠴᠢᠶᠡᠨ᠎ᠡ᠃      ᠬᠤᠷᠢᠮ ᠤᠨ ᠬᠠᠯᠠᠭᠤᠨ ᠳᠤ ᠪᠠᠨ ᠪᠠᠶᠢᠬᠤ ᠬᠤᠶᠠᠷ ᠬᠤᠶᠢᠨ᠎ᠠ ᠡᠮᠦᠨ᠎ᠡ ᠬᠤᠳᠠ ᠬᠦᠳᠡᠭᠡ ᠦᠯᠡᠳᠡᠭᠡᠯ ᠦᠭᠡᠢ ᠲᠣᠭᠤᠷᠢᠵᠤ ᠭᠦᠢᠴᠡᠭᠡᠳ᠂ ᠰᠡᠭᠦᠵᠢ ᠰᠠᠵᠢᠨ ᠠᠷᠠᠢ ᠴᠢᠮᠠᠢ ᠡᠭᠦᠳᠡᠨ ᠲᠦᠯᠬᠢᠭᠦᠷ ᠢᠶᠠᠨ ᠠᠳᠬᠤᠪᠠ᠃       ᠡᠷ᠎ᠡ ᠨᠦᠬᠦᠷ ᠨᠢ ᠨᠠᠮᠵᠢᠭᠤᠯ ᠣᠷᠣ ᠳᠤ ᠪᠠᠨ ᠭᠠᠷᠤᠮᠠᠭᠴᠠ ᠬᠠᠮᠠᠷ ᠬᠤᠷᠬᠢᠷᠠᠭᠤᠯᠤᠨ ᠤᠨᠳᠠᠵᠤ ᠠᠮᠵᠢᠪᠠ᠃       ᠡᠬᠡᠨᠡᠷ ᠨᠢ ᠡᠭᠦᠷᠴᠦ ᠲᠡᠭᠦᠷᠦᠭᠰᠡᠨ ᠡᠨᠡ ᠲᠡᠷᠡ ᠪᠠᠨ ᠲᠢᠭᠯᠡᠵᠦ᠂ ᠡᠩᠬᠦᠷ ᠭᠠᠵᠠᠷ ᠡᠮᠦᠰᠴᠤ ᠵᠡᠭᠦᠭᠰᠡᠨ ᠢᠶᠠᠨ ᠬᠦᠷᠳᠡᠯ᠎ᠡ ᠤᠬᠢᠶᠠᠵᠤ ᠴᠡᠪᠡᠷᠯᠡᠭᠡᠳ᠂ ᠤᠷᠳᠤ ᠰᠢᠭ᠋ ᠨᠢᠭᠡ ᠠᠮᠢᠰᠬᠤᠨ᠂ ᠤᠰᠤ ᠰᠠᠪᠠᠯᠠᠵᠤ ᠤᠮᠳᠠ ᠲᠠᠷᠤᠬᠤ ᠪᠠᠷ ᠨᠢᠳᠦ ᠪᠡᠯᠴᠢᠭᠡᠬᠦ ᠬᠤᠷᠤᠮ ᠰᠢᠷᠡᠭᠡᠨ ᠳᠡᠭᠡᠷ᠎ᠡ ᠣᠪᠣᠭ᠎ᠠ ᠵᠤᠭᠤᠰ ᠲᠣᠷᠭᠠᠨ ᠮᠡᠯᠮᠡᠢ ᠳᠤ ᠨᠢ ᠳᠤᠰᠪᠠ᠃ ᠨᠠᠷᠢᠨ ᠠᠵᠢᠭᠯᠠᠪᠠᠯ᠂ ︽ᠨᠠᠶᠢᠵᠢ ᠬᠡᠮᠡᠷ ᠨᠢᠩᠵᠢᠨ ᠰᠡᠳᠬᠢᠯ ᠲᠠᠢ ᠲᠠᠨ ᠳᠤ ᠵᠢᠷᠦᠬᠡᠨ ᠭᠤᠤᠯ ᠠᠴᠠ ᠭᠦᠨ ᠲᠠᠯᠠᠷᠬᠠᠵᠤ ᠪᠠᠶᠢᠨᠡᠮ᠃ ᠲᠠᠨᠢᠯᠴᠠᠭᠤᠯᠤᠭᠰᠠᠨ ᠡᠭᠦᠳᠡᠨ ᠴᠢᠨᠢ ᠲᠠᠳᠠᠭᠠᠯᠵᠠᠯ ᠦᠭᠡᠢ ᠬᠦᠷᠬᠦ ᠶᠢ ᠤᠮᠠᠷᠳᠠᠭᠰᠠᠨ ᠦᠭᠡᠢ ᠨᠢ ᠦᠨᠡᠨ᠃ ᠦᠭᠭᠢᠶᠡᠮᠦᠷᠴᠢ ᠰᠡᠳᠭᠢᠯ ᠤᠨ ᠬᠠᠷᠢᠭᠤ ᠳᠤ ᠦᠴᠦᠬᠡᠨ ᠲᠡᠳᠦᠢ ᠵᠣᠭᠤᠰ ᠦᠯᠡᠳᠡᠭᠡᠨ ᠦᠭᠭᠦᠯ᠎ᠡ᠃       ᠠᠯᠠᠭ ᠨᠢᠳᠦ ᠡᠷᠢᠶᠡᠯᠵᠡᠵᠦ᠂ ᠠᠷᠪᠠᠳᠤ ᠶᠢᠨ ᠲᠠᠪᠢᠰᠭᠡᠷ ᠢ ᠠᠬᠢᠨ ᠲᠠᠬᠢᠨ ᠯᠠᠪᠯᠠᠭᠰᠠᠨ ᠳᠤ ᠠᠷᠪᠠᠨ ᠲᠦᠮᠡ ᠠᠰ ᠪᠠᠶᠢᠬᠤ ᠶᠢ ᠠᠨᠳᠠᠬᠤ ᠦᠭᠡᠢ ᠠᠵᠢᠵᠦ ᠵᠠᠪᠳᠤᠪᠠ᠃ ᠪᠣᠷᠤ ᠵᠢᠷᠦᠬᠡ ᠨᠢ ᠪᠣᠯᠭᠢᠨ᠂ ᠪᠣᠳᠤᠯ ᠤᠨ ᠪᠦᠵᠦᠩᠬᠡᠢ ᠨᠢ ᠪᠦᠵᠢᠭᠰᠡᠨ ᠪᠦᠰᠡᠭᠦᠢ ᠮᠠᠨᠢ ᠪᠦᠳᠦᠭᠦᠨ ᠣᠯᠵᠠ ᠳᠤ ᠤᠭᠯᠤ ᠦᠰᠦᠷᠴᠤ ᠪᠣᠷᠪᠢ ᠨᠢ ᠱᠠᠯᠠ ᠬᠦᠷᠴᠤ ᠵᠠᠪᠳᠤᠯ ᠦᠭᠡᠢ ᠬᠤᠨᠤᠭ ᠤᠨ ᠦᠷᠦᠭᠡᠨ ᠳᠤ ᠪᠠᠨ ᠬᠡᠢ ᠲᠠᠳᠠᠭᠤᠯᠤᠨ ᠣᠷᠤᠭᠠᠳ ᠡᠨᠡ ᠬᠦ ᠪᠠᠶᠠᠷ ᠪᠠᠶᠠᠰᠤᠯ ᠢ ᠬᠤᠪᠢᠶᠠᠯᠴᠠᠵᠤ᠂ ᠰᠠᠭᠤᠵᠤ ᠶᠠᠷᠢᠵᠤ ᠶᠠᠩᠰᠢᠪᠠᠯ ᠢᠯᠡᠭᠦᠴᠡ ᠰᠢᠭ ᠰᠠᠨᠠᠭᠳᠠᠵᠠᠢ᠂ ᠦᠨᠤᠬᠢ ᠬᠤᠶᠠᠷ ᠲᠤ᠃       ᠳᠠᠷᠠᠭ᠎ᠠ ᠡᠳᠦᠷ ᠤᠨ ᠦᠳᠡ ᠠᠯᠳᠠ ᠪᠠᠷ ᠦᠨᠦᠬᠢ ᠬᠤᠯᠠᠭᠠᠶᠢᠴᠢ ᠦᠨᠵᠢᠬᠦ ᠵᠡᠭᠦᠳᠦᠨ ᠳᠤ ᠪᠠᠨ ᠦᠷᠭᠡᠯᠡᠵᠦ ᠠᠬᠤ ᠳᠤ᠂ ᠲᠠᠩᠨᠠᠵᠤ ᠢᠷᠡᠭᠰᠡᠨ ᠴᠠᠭᠳᠠᠭ᠎ᠠ ᠳᠤ ᠭᠠᠪᠠᠯᠠᠭᠳᠠᠪᠠ᠃       ᠦᠨᠡᠨ ᠢ ᠨᠢ ᠣᠯᠵᠤ᠂ ᠦᠴᠢᠭ ᠢ ᠠᠪᠬᠤ ᠪᠠᠷ᠂ ᠴᠠᠭᠳᠠᠭ᠎ᠠ ᠨᠠᠷ ᠤᠨ ᠡᠳᠦᠷ ᠰᠦᠨᠢ ᠦᠭᠡᠢ ᠦᠬᠦᠰᠢᠷᠡᠳᠡᠯ᠎ᠡ ᠰᠢᠭᠦᠬᠦ ᠡᠭᠡᠯᠵᠢᠯᠡᠯ ᠳᠤ᠂ ᠦᠨᠦᠬᠢ ᠬᠤᠯᠠᠭᠠᠶᠢᠴᠢ ᠡᠴᠦᠰ ᠲᠤ ᠪᠠᠨ ᠦᠴᠢᠯᠭᠡ ᠶᠢᠨ ᠴᠠᠭᠠᠰᠤᠨ ᠳᠤ ᠦᠪᠡᠷ ᠤᠨ ᠨᠡᠷ᠎ᠡ ᠪᠠᠨ ᠡᠷᠬᠡ ᠦᠭᠡᠢ ᠬᠠᠳᠠᠪᠠ᠃ ᠭᠡᠳᠡᠯ᠎ᠡ᠂ ᠡᠨᠡ ᠬᠦ ᠡᠷ᠎ᠡ ᠡᠮ᠎ᠡ ᠬᠤᠶᠠᠷ ᠤᠨ ᠭᠡᠷ ᠲᠤ ᠣᠷᠤᠭᠰᠠᠨ ᠤᠴᠢᠷ ᠢᠶᠠᠨ ᠦᠴᠢᠭ ᠤᠨ ᠦᠭᠡᠨ ᠳᠤ ᠣᠷᠬᠢᠨ᠂ ᠦᠷᠦᠴᠡᠨ ᠳᠤ ᠪᠠᠨ ᠨᠢᠭᠤᠬᠤ ᠶᠢ ᠲᠠᠰᠤ ᠪᠣᠳᠣᠵᠠᠢ᠃       ︽ᠪᠠᠶᠠᠷ ᠬᠡᠳᠦᠷᠡᠪᠡᠯ ᠪᠠᠷᠴᠢᠳ ᠪᠣᠯᠤᠨ᠎ᠠ︾ ᠭᠡᠳᠡᠭᠴᠢᠯᠡᠨ ᠠᠷᠪᠠᠨ ᠲᠦᠮᠡ ᠶᠢ ᠠᠳᠬᠤᠨ ᠳᠤ ᠪᠠᠨ ᠣᠷᠤᠭᠤᠯᠤᠭᠰᠠᠨ ᠡᠷ᠎ᠡ ᠡᠮ᠎ᠡ ᠬᠤᠶᠠᠭᠤᠯᠠ ᠭᠡᠨᠡᠳᠲᠡ ᠰᠡᠭᠡᠰᠬᠢᠨ᠂ ᠬᠤᠯᠠᠭᠠᠶᠢᠴᠢ ᠪᠠᠷᠢᠭᠳᠠᠭᠰᠠᠭᠠᠷ ᠬᠠᠤᠯᠢ ᠶᠢᠨ ᠭᠠᠵᠠᠷ ᠬᠤᠪᠬᠤ ᠬᠦᠨᠳᠦᠷᠪᠡᠯ ᠪᠠᠷᠠᠭᠰᠠᠨ ᠬᠡᠷᠡᠭ ᠪᠣᠯᠤᠨ᠎ᠠ ᠭᠡᠵᠤ ᠪᠠᠷᠤᠭᠯᠠᠭᠠᠳ ᠬᠤᠭᠤᠯᠠ ᠢᠳᠡᠭᠡᠳ ᠠᠮᠳᠠ ᠦᠭᠡᠢ ᠂ ᠬᠤᠨᠤᠬᠤ ᠣᠷᠤᠨ ᠳᠤ ᠪᠠᠨ ᠨᠦᠢᠷ ᠦᠭᠡᠢ ᠪᠣᠯᠵᠤ᠂ ᠵᠤᠪᠠᠯᠠᠩ ᠤᠨ ᠳᠠᠪᠠᠯᠭᠠᠨ ᠳᠤ ᠲᠡᠭᠳᠡᠵᠦ᠂ ᠵᠦᠳᠡᠭᠦᠷᠢ ᠶᠢᠨ ᠲᠠᠮᠤ ᠶᠢᠨ ᠡᠭᠦᠳᠡᠨ ᠳᠤ ᠬᠦᠯᠢᠭᠡᠯᠵᠡᠯ᠎ᠡ᠃        ᠦᠴᠢᠭ ᠢ ᠠᠪᠤᠭᠰᠠᠨ ᠴᠠᠭᠳᠠᠭ᠎ᠠ ᠨᠠᠷ ᠤᠨ ᠦᠷᠭᠦᠯᠵᠢᠯᠡᠬᠦ ᠠᠵᠢᠯ ᠶᠡᠷᠦ ᠵᠤᠭᠰᠤᠭ᠎ᠠ ᠦᠭᠡᠢ᠃ ᠡᠮᠦᠨ᠎ᠡ ᠠᠰᠠᠷ ᠲᠤ ᠰᠢᠯᠵᠢᠵᠦ ᠶᠠᠪᠤᠯ᠎ᠠ᠃       ᠰᠠᠬᠢᠯᠭ᠎ᠠ ᠪᠠᠳᠤ ᠪᠠᠶᠢᠴᠠᠭᠠᠬᠤ ᠬᠤᠷᠢᠶ᠎ᠠ ᠬᠢᠨᠠᠨ ᠪᠠᠶᠢᠴᠠᠭᠠᠬᠤ ᠵᠦᠪᠯᠡᠯ ᠤᠨ ᠬᠢᠨ ᠱᠠᠯᠠᠪᠳᠡᠨ ᠰᠢᠢᠳᠪᠦᠷᠢᠯᠡᠬᠦ ᠴᠢᠬᠤᠯᠠ ᠲᠠᠢ ᠲᠤᠯᠠ A ᠲᠣᠭᠤᠷᠢᠭ ᠲᠤ ᠰᠠᠭᠤᠭ᠎ᠠ ᠠ᠊ ᠳᠠᠷᠤᠭ᠎ᠠ ᠶᠢᠨ ᠠᠯᠪᠠᠨ ᠭᠡᠷ ᠲᠤ ᠬᠦᠷᠬᠦ ᠨᠢ ᠲᠤᠯᠭᠠᠮ ᠱᠠᠭᠠᠷᠳᠠᠭᠳᠠᠪᠠ᠃       ᠡᠨᠡ ᠬᠦ ᠠ᠊ ᠳᠠᠷᠤᠭ᠎ᠠ ᠶᠢᠨ ᠭᠡᠷ ᠤᠨ ᠨᠢᠭᠤᠴᠠ ᠲᠠᠪᠰᠠᠭ ᠠᠴᠠ ᠬᠦᠮᠦᠰ ᠢ ᠰᠣᠴᠢᠭᠠᠮᠠᠷ ᠵᠣᠭᠤᠰ ᠰᠢᠭᠦᠷᠡᠭᠰᠡᠨ ᠬᠡᠷᠡᠭ ᠵᠠᠷᠭᠤ ᠬᠦᠨᠳᠦ ᠲᠣᠯᠠ ᠬᠦᠯ ᠲᠠᠯᠪᠢᠵᠠᠭᠠᠨ ᠣᠴᠢᠵᠠᠭᠠᠪᠠ᠃       ︽ᠠ᠊ ᠳᠠᠷᠤᠭ᠎ᠠ ᠲᠠ ᠮᠢᠨᠢ ᠲᠠᠪᠠᠳᠠᠢ ᠰᠠᠭᠤᠵᠤ ᠲᠠᠭᠠᠳᠠᠢ ᠠᠵᠢᠯᠯᠠᠵᠤ ᠪᠠᠶᠢᠨ᠎ᠠ ᠤᠤ︖︾ ᠭᠡᠪᠡᠯ ︽ᠵᠦᠭᠡᠷ᠂ ᠵᠦᠭᠡᠷ᠃ ᠣᠷᠴᠢᠮ ᠬᠠᠷ᠎ᠠ ᠪᠦᠯᠦᠭᠳᠡᠨ ᠬᠠᠷᠬᠢᠰ ᠬᠦᠴᠦᠨ ᠢ ᠠᠷᠢᠯᠠᠭ᠋ᠬᠤ ᠭᠡᠳ ᠶᠠᠭᠠᠷᠡᠤ᠂ ᠲᠠ ᠨᠠᠷ ᠴᠢᠨᠢ ︖︾ ᠭᠡᠵᠦ ᠯᠠᠪᠯᠠᠪᠠᠯ ︽ᠬᠤᠳᠠ ᠶᠢᠨ ᠰᠠᠬᠢᠯᠭ᠎ᠠ ᠪᠠᠳᠤ ᠪᠠᠶᠢᠴᠠᠭᠠᠬᠤ ᠬᠤᠷᠢᠶ᠎ᠠ ᠬᠢᠨᠠᠨ ᠪᠠᠶᠢᠴᠠᠭᠠᠬᠤ ᠵᠦᠪᠯᠡᠯ ᠤᠨ ᠪᠢᠳᠡ ᠠᠰᠠᠭᠤᠵᠦ ᠰᠤᠷᠠᠭᠯᠠᠬᠤ ᠶᠠᠪᠤᠳᠠᠯ ᠲᠤᠬᠢᠭᠠᠳ ᠢᠷᠡᠪᠡ︾ ᠭᠡᠯ᠎ᠡ᠃       ᠠ᠊ ᠳᠠᠷᠤᠭ᠎ᠠ ᠬᠡᠮᠡᠭᠴᠢ ᠠᠯᠪᠠᠨ ᠰᠠᠭᠤᠳᠠᠯ ᠳᠤ ᠪᠠᠨ ᠯᠠᠷᠵᠠᠳᠠᠶᠢᠬᠠᠨ ᠰᠠᠭᠤᠭ᠎ᠠ ᠴᠦᠨᠳᠦᠭᠡᠷ ᠭᠡᠳᠡᠰᠦ᠂ ᠴᠦᠭᠳᠦ᠋ᠢᠭᠰᠡᠨ ᠴᠢᠷᠠᠢ ᠲᠠᠢ ᠡᠷ᠎ᠡ᠃ ᠤᠴᠢᠷ ᠢ ᠰᠤᠨᠤᠰᠤᠩᠭᠤᠳᠠ᠂ ᠰᠡᠳᠭᠢᠯ ᠲᠠᠯᠪᠢᠨ ᠰᠣᠨᠤᠰᠬᠤ ᠪᠠᠷ ᠠᠪᠠᠷᠢᠯᠠᠵᠤ ᠠᠭᠰᠠᠨ ᠠᠴᠠ ᠭᠡᠨᠡᠳᠳᠡ ︽ᠬᠤᠸᠠᠰ᠂ ᠬᠤᠸᠠᠰ︾ ᠭᠡᠳᠡᠯ᠎ᠡ ᠢᠨᠢᠶᠡᠭᠡᠳ᠂ ︽ᠬᠠᠤᠯᠢᠴᠢᠳ ᠲᠠ ᠬᠤᠤᠳᠤᠣᠭᠤᠷᠠᠭᠰᠠᠨ ᠦᠭᠡᠢ ᠪᠣᠯ ᠠᠰᠳᠠᠭᠠᠨ ᠬᠦᠮᠦᠨ ᠢ ᠠᠪᠤᠨ ᠡᠷᠢᠴᠢᠬᠡᠯ᠎ᠡ ᠭᠡᠵᠤ ᠮᠡᠳᠡ︕ ᠨᠠᠰᠤᠨ ᠲᠣᠷᠰᠢᠳᠠ ᠨᠠᠮ ᠳᠤ ᠪᠠᠨ ᠴᠢᠭᠡᠴᠢ ᠰᠢᠳᠤᠷᠭᠤ ᠵᠢᠳᠭᠦᠭᠰᠡᠨ ᠪᠢ᠂ ᠬᠤᠨᠢᠨ ᠮᠢᠬ᠎ᠠ ᠶᠢ ᠬᠤᠳᠤᠭᠤᠳᠤ ᠰᠤᠨᠳᠠᠯ᠎ᠠ ᠢᠳᠡᠭᠰᠡᠨ ᠨᠢ ᠦᠨᠡᠨ᠂ ᠬᠡᠬᠡᠯᠢ ᠬᠠᠭ᠋ᠤᠣᠯᠢ ᠳᠤ ᠨᠢ ᠬᠤᠷᠤᠭᠤ ᠲᠦᠷᠢᠭᠰᠡᠨ ᠦᠭᠡᠢ ᠶᠢ ᠬᠠᠷᠠᠬᠤ ᠨᠢᠳᠦ ᠲᠠᠢ ᠬᠦᠮᠦᠰ᠂ ᠬᠠᠨᠢ ᠨᠦᠬᠦᠳ ᠮᠢᠨᠢ ᠪᠦᠷ ᠮᠡᠳᠡᠨ᠎ᠡ ᠰᠢᠤ︕︾ ᠭᠡᠰᠡᠨ ᠳᠤ ︽ᠬᠤᠯᠡᠭᠠᠶᠢᠴᠢ ᠶᠢᠨ ᠦᠴᠢᠭᠯᠡᠭᠰᠡᠨ ᠭᠡᠷᠡᠴᠢ ᠪᠤᠢ︾ ᠭᠡᠰᠡᠨ ᠳᠤ ︽ᠮᠣᠭᠠᠢ ᠶᠢᠨ ᠡᠷᠢᠶᠡᠨ ᠨᠢ ᠭᠠᠳᠠᠨ᠎ᠠ ᠪᠠᠨ᠂ ᠬᠦᠮᠦᠨ ᠤ ᠡᠷᠢᠶᠡᠨ ᠨᠢ ᠳᠤᠳᠤᠷ᠎ᠠ ᠪᠠᠨ︾ ᠭᠡᠳᠡᠭ ᠢ ᠲᠠᠨᠤᠰ ᠮᠡᠳᠡᠬᠦ ᠪᠠᠶᠢᠯᠭᠦᠢ᠃       ᠡᠭᠦᠳᠡᠨ ᠳᠤ ᠨᠢ ᠬᠦᠷᠦᠭᠡᠳ ᠦᠷᠦᠭᠡᠰᠦ ᠲᠠᠢ ᠦᠭᠡᠨ ᠳᠤ ᠬᠠᠳᠬᠤᠭᠳᠠᠭᠰᠠᠨ ᠬᠠᠤᠯᠢᠴᠢᠳ ᠮᠠᠨᠢ ︽ᠠ᠂ ᠲᠡᠶᠢᠮᠦ᠂ ᠲᠡᠶᠢᠮᠦ᠃ ᠮᠡᠳᠡᠯ᠎ᠡ᠂ ᠮᠡᠳᠡᠯ᠎ᠡ︾ ᠭᠡᠭᠰᠡᠭᠡᠷ ᠴᠢᠷᠠᠢ ᠨᠢᠯᠴᠢᠬᠢᠭᠦᠯᠦᠨ ᠴᠦᠷᠬᠡᠯᠡᠵᠤ ᠢᠷᠡᠭᠰᠡᠨ ᠮᠦᠷ ᠢᠶᠠᠷ ᠢᠶᠠᠨ ᠪᠣᠴᠠᠪᠠ᠃        ᠳᠠᠷᠠᠭ᠎ᠠ ᠡᠳᠦᠷ ᠤᠨ ᠰᠦᠨᠢ ᠨᠢ ᠰᠠᠬᠢᠯᠭ᠎ᠠ ᠪᠠᠳᠤ ᠪᠠᠶᠢᠴᠠᠭᠠᠬᠤ ᠬᠤᠷᠢᠶ᠎ᠠ ᠬᠢᠨᠠᠨ ᠪᠠᠶᠢᠴᠠᠭᠠᠬᠤ ᠵᠦᠪᠯᠡᠯ ᠤᠨ ᠨᠦᠭᠦᠬᠡ ᠲᠣᠭᠤᠶᠢᠯᠠᠩ ᠤᠨ ᠨᠦᠬᠦᠳ ᠬᠠᠷ᠎ᠠ ᠪᠦᠷᠦᠢ ᠪᠠᠷ A ᠰᠠᠯᠠᠭᠠᠨ ᠳᠠᠷᠤᠭ᠎ᠠ ᠶᠢᠨ ᠦᠷᠦᠭᠡᠨ ᠳᠤ ᠴᠢᠮᠡᠭᠡ ᠢᠮᠡᠭᠡ ᠦᠭᠡᠢ ᠰᠢᠭᠤᠳ ᠲᠠᠯᠪᠢᠭᠠᠳ ᠤᠴᠢᠪᠠ᠃ ︽ᠠᠯᠢ ᠡᠳᠦᠷ ᠶᠠᠮᠠᠷ ᠴᠠᠭ ᠲᠤ ᠡᠷᠬᠢᠮ ᠲᠠᠨ ᠤ ᠭᠡᠷ ᠤᠨ ᠬᠤᠷᠭᠤ ᠠᠪᠳᠠᠷ᠎ᠠ ᠠᠴᠠ ᠬᠡᠳᠦᠨ ᠠᠷᠪᠠᠨ ᠲᠦᠮᠡᠨ ᠲᠦᠭᠦᠷᠢᠭ ᠬᠢᠮᠤᠰᠤᠯᠠᠪᠠ ᠬᠡᠮᠡᠨ ᠬᠡᠷᠡᠭ ᠤᠨ ᠰᠡᠵᠢᠭᠳᠡᠨ ᠠᠮᠠᠨ ᠦᠴᠢᠭ ᠦᠭᠪᠡ︾ ᠭᠡᠪᠡᠯ A ᠰᠠᠯᠠᠭᠠᠨ ᠳᠠᠷᠤᠭ᠎ᠠ ᠠᠪᠤᠨ ᠳᠤᠣᠷ᠎ᠠ ᠨᠢ ᠴᠢᠷᠠᠢ ᠪᠠᠷᠦ᠋ᠢᠵᠤ᠂ ᠠᠶᠠᠭ᠎ᠠ ᠲᠠᠢ ᠱᠦᠯᠦ ᠪᠠᠨ ᠲᠠᠱ ᠭᠡᠳᠡᠯ᠎ᠡ ᠲᠠᠯᠪᠢᠭᠠᠳ ︽ᠨᠠᠳᠠ ᠳᠤ ᠡᠶᠢᠮᠦᠷᠬᠦᠤ ᠤᠷᠤᠭᠤᠳᠠᠭᠰᠠᠨ ᠤᠴᠢᠷ ᠣᠭᠳᠤ ᠦᠭᠡᠢ᠃ ᠶᠠᠮᠠᠷ ᠶᠠᠷᠰᠢᠭ ᠲᠠᠢ ᠤᠯᠤᠰ ᠪᠤᠢ᠂ ᠶᠠᠷᠳᠠᠭ ︵ᠶᠠᠳᠠᠭᠤ︶ ᠨᠠᠳᠠ ᠶᠠᠩᠵᠤᠣᠷ ᠠᠴᠠ ᠦᠭᠡᠷ᠎ᠡ ᠶᠠᠭᠤᠮ᠎ᠠ ᠠᠯᠠᠭ᠎ᠠ᠃ ᠲᠠ ᠪᠤᠷᠤᠭᠤ ᠡᠭᠦᠳᠡ ᠶᠢ ᠲᠣᠭᠰᠢᠴᠢᠬᠠᠪᠠ︾ ᠭᠡᠵᠡᠢ᠃ ︽ᠡᠳ᠋ ᠮᠦᠩᠭᠦᠨ ᠤ ᠬᠤᠬᠢᠷᠠᠭᠤᠯᠤᠯ ᠲᠠᠢ ᠪᠠᠶᠢᠭᠠᠳ ᠬᠡᠯᠡᠬᠦ ᠦᠭᠡᠢ ᠴᠢᠨᠢ︖ ᠪᠠᠰᠠ ᠨᠢᠭᠡᠨ ᠪᠤᠷᠤᠭᠤ ᠡᠰᠢᠯᠡᠭᠰᠡᠨ ᠰᠦᠬᠡ᠂ ᠪᠣᠷᠤᠩᠬᠤᠢ ᠨᠤᠮᠳᠡᠨ ᠪᠢᠯᠢᠤ︖︾ ᠬᠡᠮᠡᠭᠰᠡᠭᠡᠷ ᠤᠷᠮ᠎ᠡ ᠦᠭᠡᠶᠢᠬᠡᠨ ᠡᠭᠡᠪᠡ᠃       ᠰᠠᠬᠢᠯᠭ᠎ᠠ ᠪᠠᠳᠤ ᠪᠠᠶᠢᠴᠠᠭᠠᠬᠤ ᠬᠤᠷᠢᠶ᠎ᠠ ᠬᠢᠨᠠᠨ ᠪᠠᠶᠢᠴᠠᠭᠠᠬᠤ ᠵᠦᠪᠯᠡᠯ ᠲᠠᠢ ᠠᠭᠤᠯᠵᠠᠭᠰᠠᠨ ᠦᠨᠦᠬᠢ ᠬᠤᠶᠠᠷ ᠳᠠᠷᠤᠭ᠎ᠠ᠂ ᠲᠡᠷᠡ ᠦᠶ᠎ᠡ ᠠᠴᠠ ᠡᠬᠢᠯᠡᠨ ᠰᠠᠨᠠᠭ᠎ᠠ ᠰᠡᠳᠭᠢᠯ ᠠᠯᠮᠠᠶᠢᠷᠠᠵᠤ᠂ ᠬᠡᠪᠳᠡᠨ ᠤᠨᠳᠡᠨ ᠪᠤᠳᠤᠯ ᠤᠨ ᠳᠠᠷᠤᠭᠠᠰᠤ ᠨᠡᠮᠡᠭᠳᠡᠨ᠂ ᠪᠦᠰᠡᠭᠦᠢ ᠬᠡᠤᠬᠡᠳ ᠨᠢ ᠪᠦᠭᠴᠢᠮ ᠣᠷᠴᠢᠨ ᠳᠤ ᠪᠦᠬᠦᠭᠳᠡᠨ᠂ ᠦᠴᠢᠯᠭᠡ ᠦᠭᠭᠦᠭᠰᠡᠨ ᠬᠤᠯᠠᠭᠠᠶᠢᠴᠢ ᠶᠢ ᠪᠣᠳᠤᠭᠰᠠᠭᠠᠷ ᠳᠣᠳᠤᠷ᠎ᠠ ᠨᠢ ᠪᠣᠴᠠᠯᠵᠤ ᠢᠷᠡᠨ᠂ ᠬᠦᠯ ᠳᠡᠪᠢᠰᠴᠤ ᠬᠦᠮᠦᠬᠡᠢ ᠵᠠᠭᠤᠨ ᠬᠤᠷᠤᠰᠴᠤ᠂ ᠪᠣᠯᠬᠤ ᠳᠤ ᠬᠦᠷᠪᠡᠯ ᠪᠦᠯᠢ ᠪᠠᠷ ᠨᠢ ᠰᠦᠨᠦᠭᠡᠬᠦ ᠪᠣᠳᠤᠯᠭ᠎ᠠ ᠪᠠᠶᠢᠪᠠᠴᠤ ᠪᠦᠭᠬᠦᠵᠦ ᠲᠠᠩᠨᠠᠬᠤ ᠡᠳᠡᠭᠡᠳ ᠲᠤ ᠰᠡᠷᠡᠭᠳᠡᠪᠡᠯ ᠪᠠᠷᠠᠭᠰᠠᠨ ᠬᠡᠷᠡᠭ ᠪᠣᠯᠳᠠᠭ ᠢ ᠪᠠᠷᠤᠭᠴᠠᠯᠠᠵᠤ ᠪᠠᠶᠢᠪᠠ᠃        ᠠᠯᠪᠠᠨ ᠪᠠᠶᠢᠭᠤᠯᠭ᠎ᠠ ᠳᠤ ᠪᠠᠨ ᠠᠩᠬ᠎ᠠ ᠲᠤᠰᠬᠠᠢ ᠲᠡᠷᠭᠡ ᠪᠠᠷ ᠬᠦᠷᠭᠡᠵᠦ ᠲᠣᠰᠴᠤ ᠪᠠᠶᠢᠭᠰᠠᠨ ᠠᠴᠠ ᠡᠨᠡ ᠤᠴᠢᠷ ᠶᠠᠭᠤ ᠮᠠᠭᠠᠳ ᠭᠡᠵᠦ ᠰᠡᠵᠢᠭ ᠠᠪᠴᠤ ᠶᠠᠪᠠᠭᠠᠨ ᠢᠶᠠᠷ ᠨᠠᠭᠠᠰᠢ ᠴᠠᠭᠠᠰᠢ ᠶᠠᠪᠤᠬᠤ ᠪᠣᠯᠵᠤ᠂ ᠡᠨᠡ ᠴᠤ ᠭᠠᠶᠢᠭᠤᠢ ᠭᠡᠵᠤ ᠳᠣᠳᠤᠷ᠎ᠠ ᠪᠠᠨ ᠪᠣᠳᠤᠨ᠎ᠠ᠃ ᠰᠠᠯᠪᠤᠷᠢ ᠵᠡᠭᠡᠯᠢ ᠪᠠᠷ ᠶᠠᠪᠤᠬᠰᠠᠨ ᠴᠤ ᠵᠦᠷᠢᠭᠡᠳ ᠭᠠᠷᠬᠤ ᠤᠯᠣᠰ ᠬᠤᠷᠤᠭᠤ ᠪᠠᠷ ᠵᠢᠭᠠᠬᠤ ᠡᠰᠡᠪᠡᠯ ᠬᠤᠪᠴᠢ ᠦᠭᠡ ᠪᠠᠷ ᠲᠠᠭᠠᠷᠢᠵᠦ ᠪᠠᠶᠢᠬᠤ ᠮᠡᠲᠤ ᠰᠠᠨᠠᠭᠳᠠᠵᠤ᠂ ᠠᠵᠢᠬᠤ ᠨᠢᠳᠦ ᠨᠢ ᠠᠰᠳᠠᠭᠠᠨ᠂ ᠠᠯᠬᠤᠵᠤ ᠭᠢᠰᠭᠢᠬᠦ ᠨᠢ ᠦᠭᠡᠷᠡᠳᠡᠵᠤ ᠡᠬᠢᠯᠡᠪᠡ᠃ ᠡᠷᠦᠬᠡ ᠭᠡᠷ ᠲᠤ ᠪᠠᠨ ᠣᠷᠤᠪᠠᠯ ᠦᠭᠡ ᠳᠠᠭᠤᠨ ᠴᠦᠭᠡᠷᠡᠵᠤ᠂ ᠤᠨᠳᠠᠬᠤ ᠵᠡᠭᠦᠳᠦᠨ ᠳᠤ ᠪᠠᠨ ᠦᠷᠭᠦᠵᠦ ᠪᠣᠰᠬᠤ ᠬᠡᠮᠵᠢᠶᠡᠨ ᠳᠤ ᠬᠦᠷᠴᠡᠢ᠃        ᠨᠢᠭᠡ ᠮᠡᠳᠡᠬᠦ ᠳᠤ᠂ ︽ᠵᠢᠭᠡᠭᠦᠨ ᠪᠣᠷᠤᠭᠠᠨ ᠤ ᠳᠠᠷᠠᠭ᠎ᠠ ᠬᠦᠢᠳᠡᠨ ᠬᠢᠷᠠᠭᠤ ᠤᠨᠠᠬᠤ︾ ᠭᠡᠭᠴᠢ ᠪᠠᠷ ᠬᠤᠳᠠ ᠶᠢᠨ ᠰᠠᠬᠢᠯᠭ᠎ᠠ ᠪᠠᠳᠤ ᠪᠠᠶᠢᠴᠠᠭᠠᠬᠤ ᠬᠤᠷᠢᠶ᠎ᠠ ᠬᠢᠨᠠᠨ ᠪᠠᠶᠢᠴᠠᠭᠠᠬᠤ ᠵᠦᠪᠯᠡᠯ ᠤᠨ ᠬᠠᠷᠢᠭᠤ ᠮᠡᠳᠡᠭᠦᠯᠦᠯᠳᠡ ᠶᠢᠨ ᠬᠤᠷᠠᠯ ᠳᠤ ᠰᠠᠭᠤ ᠭᠡᠰᠡᠨ ᠴᠢᠮᠡᠭᠡ ᠶᠢ ᠲᠣᠰᠤᠭᠰᠠᠨ ᠪᠠᠶᠢᠨ᠎ᠠ᠃ ᠡᠨᠡ ᠬᠤᠶᠠᠷ ᠤᠨ ᠬᠤᠪᠳᠤᠯ ᠵᠢᠷᠦᠬᠡᠨ ᠤ ᠴᠣᠬᠢᠯᠭ᠎ᠠ ᠴᠢᠩᠭᠠᠷᠠᠵᠤ᠂ ᠬᠤᠷᠠᠯ ᠤᠨ ᠲᠠᠯᠠᠪᠠᠢ ᠳᠤ ᠭᠠᠪᠠᠯᠠᠭᠳᠠᠴᠢᠬᠠᠮᠣ ᠭᠡᠵᠤ ᠤᠴᠢᠷ ᠤᠨ ᠡᠮᠦᠨ᠎ᠡ ᠬᠤᠶᠢᠨ᠎ᠠ ᠶᠢ ᠲᠤᠩᠭᠠᠵᠤ᠂ ᠬᠡᠷᠡᠭ ᠤᠨ ᠬᠦᠨᠳᠦ ᠬᠦᠩᠭᠡᠨ ᠢ ᠭᠦᠨ ᠰᠡᠳᠭᠢᠵᠦ᠂ ᠬᠠᠶᠠ ᠬᠤᠷᠠᠯ ᠤᠨ ᠴᠠᠭ ᠠᠴᠠ ᠵᠠᠪᠰᠢᠨ ᠪᠡᠶ᠎ᠡ ᠪᠠᠨ ᠲᠤᠰᠢᠶᠠᠬᠤ ᠪᠣᠳᠤᠯ ᠴᠤ ᠲᠠᠷᠢᠬᠢᠨ ᠳᠤ ᠨᠢ ᠲᠦᠳᠡᠭᠡᠨ ᠬᠠᠷᠪᠤᠨ ᠤᠷᠤᠭᠰᠠᠨ ᠠᠵᠢ᠃       ᠬᠤᠷᠠᠯ ᠤᠨ ᠲᠠᠯᠠᠪᠠᠢ ᠨᠠᠮ ᠵᠢᠮᠬᠡᠨ᠃ ᠬᠤᠷᠤᠬᠠᠢ ᠶᠠᠪᠤᠵᠦ ᠪᠠᠳᠠᠭᠠᠨ᠎ᠠ ᠣᠩᠨᠡᠬᠦ ᠴᠤ ᠣᠯᠵᠤ ᠰᠤᠨᠤᠰᠤᠮᠠᠷ ᠣᠭᠳᠤᠬᠠᠨ ᠴᠤ ᠠᠨᠢᠷ ᠴᠢᠮᠡᠭᠡ ᠦᠭᠡᠢ ᠨᠢ ᠭᠠᠶᠢᠬᠠᠯᠳᠠᠢ᠃ ᠬᠤᠷᠠᠯ ᠳᠤ ᠰᠠᠭᠠᠳᠠᠭᠰᠠᠳ ᠤᠨ ᠵᠠᠷᠢᠮ ᠨᠢ ᠮᠠᠳᠠᠶᠢᠵᠤ ᠮᠡᠯᠴᠡᠶᠢᠨ ᠰᠠᠭᠤᠵᠤ᠂ ᠬᠠᠶᠠ ᠨᠢᠭᠡ ᠨᠢ ᠬᠠᠮᠠᠷ ᠤᠨ ᠦᠵᠦᠭᠦᠷ ᠢᠶᠠᠨ ᠬᠠᠷᠠᠵᠤ ᠰᠠᠭᠤᠨ᠎ᠠ᠃        ᠬᠤᠷᠠᠯ ᠤᠨ ᠭᠤᠤᠯ ᠰᠠᠭᠤᠳᠠᠯ ᠳᠤ ᠰᠠᠭᠤᠭᠰᠠᠨ ᠳᠠᠷᠤᠭ᠎ᠠ᠄        ᠰᠠᠭᠤᠳᠠᠯ ᠳᠤ ᠪᠠᠨ ᠰᠠᠭᠤᠷᠢ ᠠᠯᠳᠠᠮ᠎ᠠ ᠬᠤᠶᠠᠷ ᠳᠠᠷᠤᠭ᠎ᠠ ᠮᠢᠨᠢ ᠴᠢᠷᠠᠢ ᠳᠤ ᠪᠠᠨ ᠦᠯᠦ ᠮᠡᠳᠡᠭᠳᠡᠮ᠎ᠡ ᠠᠭᠰᠠᠨ ᠴᠤ ᠴᠡᠭᠡᠵᠢᠨ ᠳᠤ ᠪᠠᠨ ᠠᠮᠢ ᠲᠠᠮᠡᠴᠡᠵᠦ ᠪᠠᠶᠢᠯ᠎ᠠ᠃       ᠵᠣᠯ ᠢᠶᠠᠷ ᠵᠠᠭᠠᠮᠠᠳᠠᠭᠰᠠᠨ ᠦᠭᠡᠢ ᠦᠨᠦᠬᠢ ᠬᠤᠶᠠᠷ ᠳᠠᠷᠤᠭ᠎ᠠ ᠪᠣᠷᠬᠠᠨ ᠳᠤ ᠪᠠᠨ ᠵᠠᠯᠪᠠᠷᠢᠵᠤ᠂ ᠪᠣᠶᠠᠨ ᠳᠤ ᠪᠠᠨ ᠳᠠᠭᠠᠳᠬᠠᠵᠤ᠂ ᠬᠤᠷᠠᠯ ᠤᠨ ᠡᠭᠦᠳᠡᠨ ᠪᠣᠱᠤᠭ᠎ᠠ ᠶᠢ ᠠᠷᠠᠢ ᠭᠡᠵᠤ ᠭᠢᠰᠭᠢᠬᠦ ᠦᠶᠡᠰ᠂ ᠪᠡᠶ᠎ᠡ ᠶᠢᠨ ᠬᠦᠯᠦᠰᠦ ᠪᠡᠯᠬᠦᠭᠡᠰᠦ ᠶᠢ ᠨᠢ ᠲᠠᠭᠠᠨ ᠪᠡᠯᠴᠢᠵᠦ᠂ ᠪᠤᠷᠪᠢ ᠪᠠᠨ ᠵᠦᠳᠡᠭᠦᠤ ᠴᠢᠷᠴᠦ ᠠᠯᠪᠠᠨ ᠭᠡᠷ ᠲᠤ ᠪᠠᠨ ᠣᠷᠤᠩᠭᠤᠳᠠ ᠳᠡᠭᠡᠷ᠎ᠡ ᠨᠢᠭᠡ ᠠᠮᠢᠰᠬᠤᠯ ᠰᠦᠢᠯᠠᠪᠠ᠃        ︽ᠰᠦᠬᠡ ᠳᠠᠯᠠᠶᠢᠭᠰᠠᠨ ᠴᠢᠯᠦᠭᠡᠨ᠎ᠡ ᠦᠬᠡᠷ ᠠᠮᠠᠷᠠᠬᠤ ᠭᠡᠭᠴᠢ︾ ᠪᠠᠷ ᠭᠤᠷᠪᠠ ᠬᠤᠨᠤᠭ ᠴᠢᠮᠡᠭᠡ ᠢᠮᠡᠭᠡ ᠦᠭᠡᠢ᠂ ᠰᠤᠯᠠ ᠰᠠᠭᠤᠵᠤ ᠰᠤᠭᠤᠯᠳᠤᠷ ᠶᠠᠪᠤᠭᠰᠠᠨ ᠡᠳᠡ ᠨᠡᠷ ᠬᠡᠨᠡᠳᠳᠡ ᠦᠳᠡ ᠶᠢᠨ ᠬᠤᠶᠢᠨᠠᠬᠢ ᠭᠤᠷᠪᠠᠨ ᠴᠠᠭ ᠲᠤ ᠬᠤᠳᠠ ᠶᠢᠨ ᠵᠠᠰᠠᠭ ᠵᠠᠬᠢᠷᠭᠠᠨ ᠤ ᠶᠡᠭᠡ ᠬᠤᠷᠠᠯ ᠤᠨ ᠲᠠᠩᠬᠢᠮ ᠳᠤ ᠨᠠᠮ ᠤᠨ ᠭᠡᠰᠢᠭᠦᠳ ᠤᠨ ᠦᠷᠭᠡᠳᠭᠡᠭᠰᠡᠨ ᠬᠤᠷᠠᠯ ᠲᠠᠢ ᠭᠡᠬᠦ ᠤᠳᠠᠰᠤ ᠶᠢ ᠤᠭᠵᠣᠮᠬᠠᠨ ᠲᠣᠰᠪᠠ᠃        ᠪᠠᠯᠠᠳᠠᠵᠤ ᠪᠠᠴᠢᠮᠳᠠᠭᠰᠠᠨ ᠤᠯᠤᠰ ᠪᠠᠷᠢᠵᠤ ᠲᠠᠯᠪᠢᠬᠤ ᠪᠠᠨ ᠠᠯᠳᠠᠵᠤ᠂ ᠪᠠᠭ᠋ᠠᠨ ᠴᠤ ᠬᠤᠵᠢᠭᠳᠠᠯ ᠦᠭᠡᠢ ᠬᠤᠷᠠᠯ ᠤᠨ ᠭᠠᠵᠠᠷ ᠦᠰᠦᠭᠡᠢ ᠵᠠᠯᠭᠠᠯᠳᠤᠨ ᠬᠦᠷᠵᠡᠭᠡᠪᠡ᠃       ᠬᠤᠷᠠᠯ ᠡᠬᠢᠯᠡᠩᠭᠦᠳᠡ ᠬᠤᠳᠠ ᠶᠢᠨ ᠨᠠᠮ ᠤᠨ ᠬᠤᠷᠢᠶᠠᠨ ᠤ ᠰᠠᠬᠢᠯᠭ᠎ᠠ ᠪᠠᠳᠣ ᠪᠠᠶᠢᠴᠠᠭᠠᠬᠤ ᠬᠤᠷᠢᠶ᠎ᠠ ᠬᠢᠨᠡᠨ ᠪᠠᠶᠢᠴᠠᠭᠠᠬᠤ ᠵᠦᠪᠯᠡᠯ ᠤᠨ ᠠᠯᠪᠠᠨ ᠪᠢᠴᠢᠭ ᠢ ᠲᠤᠩᠬᠠᠭᠯᠠᠪᠠ᠃       ᠪᠢᠴᠢᠭ ᠲᠤ᠄ ︽ᠠᠯᠢ ᠨᠢᠭᠡᠴᠢ ᠶᠢᠨ ᠬᠡᠨ ᠁ ᠠᠷᠠᠳ ᠤᠨ ᠠᠴᠤᠭ ᠬᠦᠯᠦᠰᠦ ᠶᠢ ᠬᠤᠨᠵᠢᠵᠤ᠂ ᠠᠯᠪᠠᠨ ᠤ ᠵᠤᠭᠤᠰ ᠢ ᠱᠠᠮᠰᠢᠭᠰᠠᠨ ᠪᠠ ᠬᠤᠪᠢᠨ ᠤ ᠭᠡᠷ ᠲᠤ ᠨᠢ ᠬᠤᠯᠠᠭᠠᠶᠢᠴᠢ ᠣᠷᠤᠵᠤ ᠬᠠᠮᠤᠭ ᠪᠠᠶᠢᠭᠰᠠᠨ ᠢ ᠨᠢ ᠴᠦᠯᠪᠡᠵᠤ᠂ ᠠᠯᠪᠠᠨ ᠠᠴᠠ ᠠᠵᠢᠯᠳᠡᠨ ᠲᠤᠮᠢᠯᠠᠵᠤ ᠠᠰᠠᠭᠤᠵᠤ ᠰᠤᠷᠠᠭᠯᠠᠵᠤ ᠪᠠᠶᠢᠬᠤ ᠳᠤ ᠠᠵᠢᠯ ᠢ ᠬᠠᠮᠵᠢᠵᠤ ᠠᠮᠠᠨ ᠦᠴᠢᠯᠭᠡ ᠴᠤ ᠦᠭᠡᠢ ᠦᠩᠭᠡᠷᠠᠬᠦᠯᠪᠡ᠃ ᠡᠨᠡ ᠪᠦᠬᠦᠨ ᠢ ᠪᠢᠳᠡ ᠪᠠᠳᠣ ᠭᠡᠷᠡᠴᠢ᠂ ᠪᠡᠯᠡᠳᠭᠡᠯ ᠲᠠᠢ ᠬᠢᠭᠰᠡᠨ ᠶᠤᠮ᠃ ᠭᠡᠳᠡᠯ᠎ᠡ᠂ ᠵᠠᠷᠢᠮ ᠬᠦᠮᠦᠰ ᠵᠣᠷᠢᠭᠤᠳᠠ ᠪᠠᠷ ᠵᠦᠷᠢᠴᠡᠵᠤ᠂ ᠵᠢᠭᠤᠳᠠᠵᠤ ᠵᠠᠶᠢᠯᠠᠬᠤ ᠪᠤᠳᠤᠯ ᠲᠠᠢ ᠪᠠᠶᠢᠪᠠ᠃ ᠡᠮᠦᠨ᠎ᠡ ᠬᠡᠳᠦᠨ ᠡᠳᠦᠷ ᠤᠨ ᠴᠠᠭ ᠲᠤ ᠪᠡᠶ᠎ᠡ ᠪᠠᠨ ᠲᠤᠰᠢᠶᠠᠭᠰᠠᠨ ᠪᠣᠯ ᠶᠠᠯ᠎ᠠ ᠨᠢ ᠬᠦᠩᠭᠡᠨ ᠪᠣᠯᠤᠨ᠎ᠠ᠃︾       ᠤᠳᠠᠯ ᠦᠭᠡᠢ ᠦᠪᠴᠢ ᠬᠤᠶᠠᠭᠯᠠᠭᠰᠠᠨ ᠴᠠᠭᠳᠠᠭ᠎ᠠ ᠨᠠᠷ ᠠᠯᠬᠤᠮ ᠳᠠᠷᠠᠭ᠎ᠠ ᠲᠠᠢ ᠤᠷᠤᠵᠤ ᠢᠷᠡᠭᠡᠳ ᠤᠷᠤ ᠶᠢᠨ ᠨᠣᠮᠧᠷ ᠢ ᠵᠢᠭᠠᠵᠤ ᠳᠣᠬᠢᠭᠠᠳ᠂ ᠰᠠᠭᠤᠳᠠᠯ ᠠᠴᠠ ᠨᠢ ᠰᠤᠭᠤ ᠲᠠᠳᠠᠨ ᠮᠥᠷᠯᠡᠭᠦᠯᠦᠨ ᠵᠢᠭᠰᠠᠭᠠᠵᠤ ᠬᠦᠳᠦᠯᠦᠨ ᠭᠠᠷᠪᠠ᠃ ᠡᠳᠡ ᠨᠡᠷ ᠤᠨ ᠳᠤᠮᠳᠠ ᠡᠬᠢᠨ ᠳᠤ ᠲᠤᠷᠠᠳᠤᠭᠰᠠᠨ ᠬᠤᠶᠠᠷ ᠴᠤ ᠪᠠᠭᠳᠠᠪᠠ᠃       ᠵᠣᠬᠢᠶᠠᠭᠴᠢ ᠶᠢᠨ ᠬᠠᠶ᠋ᠢᠭ᠄ ᠬᠤᠷᠴᠢᠨ ᠪᠠᠷᠡᠭᠤᠨ ᠭᠠᠷᠣᠨ ᠡᠮᠦᠨᠡᠳᠤ ᠬᠤᠰᠢᠭᠤᠨ ᠤ ᠪᠠᠭᠰᠢ ᠶᠢᠨ ᠬᠦᠭᠵᠢᠯᠳᠡ ᠶᠢᠨ ᠲᠦᠪ
 
ᠢᠷᠡᠯᠲᠡ᠄ ᠬᠢᠩᠭᠠᠨ ᠤ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号