ᠡᠪᠤᠯ ᠪᠤᠯᠤᠨ᠎ᠠ ᠭᠡᠳᠡᠭ ᠦᠭᠡᠷ᠎ᠡ ᠶᠢᠷᠳᠢᠨᠴᠤ
ᠨᠡᠶᠢᠲᠡᠯᠡᠭᠰᠡᠨ ᠴᠠᠭ᠄
2020/12/11
          ● ᠷᠢ᠊ · ᠰᠡᠴᠡᠨᠳᠤ       ᠡᠪᠤᠯ ᠪᠤᠯᠤᠨ᠎ᠠ ᠭᠡᠳᠡᠭ ᠦᠩᠭᠡᠷᠡᠭᠰᠡᠨ ᠳᠤ ᠶᠡᠷᠤ ᠨᠢ ᠲᠡᠶᠢᠮᠤ ᠴᠤ ᠰᠠᠶᠢᠬᠠᠨ ᠰᠡᠳᠭᠢᠭᠳᠡᠯ ᠪᠠᠶᠢᠭ᠎ᠠ ᠪᠢᠰᠢ︕       ᠬᠠᠬᠢᠷ ᠬᠦᠢᠳᠡᠨ᠂ ᠴᠠᠰᠤ ᠰᠢᠭᠤᠷᠭᠠᠨ ᠲᠤᠮᠳᠠᠭᠤᠷ᠂ ᠬᠠᠮᠤᠭ ᠮᠠᠯ ᠤᠨ ᠢᠶᠠᠨ ᠬᠤᠶᠢᠨ᠎ᠡ ᠠᠴᠠ ᠬᠠᠨᠴᠤᠢ ᠲᠤᠭᠳᠦ᠋ᠢᠯᠠᠨ᠂ ᠬᠤᠷᠮᠤᠢ ᠲᠡᠷᠪᠡᠯᠵᠡᠬᠦᠯᠤᠨ᠂ ᠵᠢᠭᠭᠢᠨᠡᠨ ᠢᠰᠬᠡᠷᠡᠬᠦ᠂ ᠦᠷᠤᠨ᠎ᠡ ᠶᠢᠨ ᠨᠢᠳᠤ ᠦᠭᠡᠢ ᠭᠤᠶᠠᠳᠠᠬᠤ ᠵᠢᠪᠡᠷ ᠲᠤ ᠲᠡᠯᠳᠡᠷᠢᠵᠤ᠂ ᠬᠠᠶᠠ ᠬᠠᠶᠠ ᠪᠡᠶ᠎ᠡ ᠪᠦᠯᠢᠶᠡᠰᠬᠡᠬᠦ ᠭᠡᠵᠤ ᠮᠠᠯᠴᠢᠨ ᠬᠦᠮᠤᠰ᠂ ᠬᠠᠷᠠᠭᠳᠠᠬᠤ ᠵᠢᠭᠠᠬᠠᠨ ᠪᠤᠳᠡ ᠲᠠᠷᠠᠰᠤ ᠨᠦᠮᠤᠷᠢᠳᠡᠨ᠂ ᠬᠠᠮᠠᠷ ᠠᠮᠠᠨ ᠠᠴᠠ ᠪᠠᠨ ᠠᠭᠤᠷ ᠴᠠᠩ ᠰᠠᠪᠰᠠᠭᠤᠯᠤᠨ᠂ ᠬᠠᠤᠬᠢᠬᠤ ᠲᠡᠭᠷᠢ ᠶᠢᠨ ᠰᠦᠭᠯᠡᠭᠡᠷ ᠴᠠᠭᠠᠨ ᠰᠠᠭᠰᠤᠷᠭᠠᠨ ᠳᠤ ᠦᠯᠢᠭᠡᠷ ᠤᠨ ᠬᠢ ᠶᠤᠮ ᠰᠢᠭ᠋᠃ ᠦᠯᠤ ᠲᠠᠨᠢᠭᠳᠠᠬᠤ ᠨᠢᠭᠡᠨ ᠮᠠᠯᠴᠢᠨ ᠲᠡᠮᠡᠬᠢᠯᠡᠨ ᠪᠦᠭᠳᠦ᠋ᠢᠬᠦ ᠳᠤ ᠭᠤᠤᠯ ᠤᠨ ᠤᠰᠤ ᠨᠢ ᠭᠤᠤᠯ ᠠᠴᠠ ᠪᠠᠨ ᠤᠷᠭᠢᠯᠤᠵᠤ ᠬᠠᠭ᠎ᠠ ᠬᠦᠯᠳᠡᠭᠰᠡᠨ᠂ ᠲᠡᠷᠡ ᠮᠦᠴᠡ ᠳᠤ ᠪᠠᠭ᠎ᠠ ᠦᠳᠡ ᠶᠢᠨ ᠴᠡᠴᠡᠷᠭᠡᠨᠡᠨ ᠴᠠᠶᠢᠪᠠᠶᠢᠬᠤ ᠨᠠᠷᠠᠨ ᠳᠤ ᠬᠠᠷᠠᠯᠠᠨ ᠪᠤᠷᠵᠠᠩᠳᠤᠬᠤ ᠢᠷᠤᠭᠠᠯ ᠲᠤ ᠨᠢ᠂ ᠬᠡᠳᠤᠨ ᠵᠢᠭᠠᠰᠤ ᠬᠦᠳᠡᠯᠤᠨ ᠪᠠᠶᠢᠬᠤ ᠡᠰᠡᠬᠦ ᠨᠢ ᠲᠡᠶᠢᠮᠤ ᠴᠤ ᠮᠡᠳᠡᠭᠳᠡᠮ᠎ᠡ ᠦᠭᠡᠢ᠂ ᠪᠦᠬᠦ ᠶᠠᠭᠤᠮ᠎ᠠ ᠮᠦᠰᠤᠷᠬᠡᠨ᠂ ᠠᠮᠢᠳᠠᠨ ᠪᠤᠳᠠᠰ ᠤᠨ ᠠᠯᠢ ᠠᠯᠢᠨ ᠨᠢ ᠴᠤ ᠠᠮᠢ ᠭᠤᠤᠯ ᠦᠭᠡᠢ ᠶᠤᠮ ᠰᠢᠬ ᠠᠮᠠ ᠬᠠᠮᠠᠷ ᠠᠴᠠ ᠪᠠᠨ ᠲᠠᠰᠤ ᠬᠦᠷᠤᠵᠤ᠂ ᠡᠪᠤᠯ ᠤᠨ ᠬᠦᠢᠳᠡᠨ ᠶᠢᠰᠤ ᠲᠦᠢᠯ ᠳᠤ ᠪᠠᠨ ᠬᠦᠷᠴᠤ᠂ ᠶᠠᠰᠤ ᠶᠠᠩᠬᠢᠨᠡᠳᠡᠯ᠎ᠡ ᠪᠠᠨ ᠱᠠᠷᠭᠢᠷᠠᠵᠤ ᠡᠬᠢᠯᠡᠳᠡᠭ ᠨᠢ ᠲᠡᠭᠡᠷ᠎ᠡ ᠵᠠᠭᠤᠨ ᠤ ᠲᠤᠮᠤᠭ ᠪᠤᠯᠬᠤᠷ ᠦᠨᠤᠳᠤᠷ ᠤᠨ ᠬᠡᠤᠭᠡᠳ ᠤᠳ ᠮᠡᠳᠡᠬᠦ ᠦᠭᠡᠢ᠃       ᠭᠤᠳᠤᠯ ᠢᠶᠠᠨ ᠲᠡᠶᠢᠯᠵᠤ ᠭᠠᠯ ᠤᠨ ᠵᠠᠬ᠎ᠠ ᠳᠤ ᠬᠦᠯ ᠢᠶᠠᠨ ᠡᠭᠡᠭᠡᠵᠤ ᠠᠬ᠎ᠠ ᠲᠡᠬᠦᠤ ᠬᠡᠳᠤᠬᠦᠯᠡ ᠪᠠᠨ ᠡᠪ ᠲᠠᠢ ᠰᠠᠶᠢᠬᠠᠨ ᠶᠠᠭᠠᠬᠢᠵᠤ ᠰᠠᠭᠤᠳᠠᠭ᠂ ᠲᠡᠷᠡ ᠡᠪᠤᠯ ᠤᠨ ᠡᠳᠤᠷ ᠤᠳ ᠢ ᠰᠠᠷᠠᠨ ᠲᠡᠭᠡᠷ᠎ᠡ᠂ ᠤᠳᠤ ᠭᠠᠷᠠᠭ ᠲᠡᠭᠡᠷ᠎ᠡ ᠭᠠᠷᠴᠤ ᠤᠳᠤᠷᠯᠠᠭᠰᠠᠨ ᠶᠤᠮ ᠰᠢᠭ᠋ ᠡᠪᠦᠭᠡ ᠶᠢᠨ ᠪᠠᠨ ᠶᠠᠷᠢᠳᠠᠭ ᠬᠤᠯᠠ ᠶᠢᠨ ᠵᠤᠭᠤᠭ᠂ ᠲᠤᠮᠤᠭ ᠤᠨ ᠶᠠᠭᠤᠮ᠎ᠠ ᠶᠢ ᠢᠯᠡᠬᠦᠴᠡ ᠦᠭᠡ ᠭᠡᠵᠤ ᠲᠠ ᠨᠠᠷ ᠪᠤᠤ ᠪᠤᠳᠤ ᠳ᠋ᠠ︕ ᠮᠡᠳᠡᠬᠦ ᠦᠭᠡᠢ ᠪᠠᠶᠢᠵᠤ ᠪᠤᠯᠤᠨ᠎ᠠ᠂ ᠮᠡᠳᠡᠷᠡᠬᠦ ᠦᠭᠡᠢ ᠪᠠᠶᠢᠵᠤ ᠦᠯᠤ ᠪᠤᠯᠤᠨ᠎ᠠ ᠰᠢᠤ︕       ᠦᠨᠢ ᠮᠦᠩᠬᠡ ᠶᠢᠨ ᠨᠤᠳᠤᠭ ᠲᠤ ᠪᠠᠨ ᠡᠷᠡᠬᠦᠯ ᠡᠩᠬᠡ᠂ ᠴᠢᠬᠢᠷᠠᠭ ᠪᠠᠶᠢᠬᠤ ᠶᠢ ᠪᠠᠶᠢᠭᠠᠯᠢ ᠤᠷᠴᠢᠨ ᠨᠢ ᠲᠡᠭᠡᠵᠤ ᠲᠠᠪᠳᠠᠵᠤ ᠪᠠᠶᠢᠭᠰᠠᠨ ᠶᠤᠮ᠃ ᠦᠭᠡᠷᠡᠳᠡᠵᠤ ᠬᠤᠪᠢᠷᠠᠭᠰᠠᠨ ᠴᠠᠭ ᠠᠭᠤᠷ ᠤᠨ ᠪᠠᠶᠢᠳᠠᠯ᠂ ᠲᠤᠯᠠᠭᠠᠷᠠᠭᠰᠠᠨ ᠬᠦᠯᠤᠮᠵᠢ ᠶᠢᠨ ᠡᠭᠡᠭᠡᠯᠳᠡ ᠳᠤ ᠤᠷᠤᠭᠰᠠᠨ ᠪᠠᠶᠢᠭᠠᠯᠢ ᠤᠷᠴᠢᠨ᠂ ᠨᠡᠶᠢᠭᠡᠮ ᠴᠠᠭ ᠤᠨ ᠬᠦᠭᠵᠢᠯ ᠲᠡᠪᠰᠢᠯ ᠤᠭᠳᠤ ᠰᠠᠨᠠᠭᠳᠠᠮ᠎ᠠ ᠦᠭᠡᠢ ᠪᠤᠯᠳᠠᠯ᠎ᠠ ᠡᠨᠡ ᠡᠪᠤᠯ ᠤᠳ ᠢ ᠦᠨᠤ ᠬᠤᠪᠢᠷᠠᠭᠠᠵᠠᠢ᠃       ᠰᠢᠭᠤᠷᠭ᠎ᠠ ᠰᠦᠷᠴᠤ ᠡᠳᠤᠷ ᠤᠨ ᠴᠢᠨᠡᠭᠡ ᠪᠠᠷ ᠬᠡᠭᠡᠷ᠎ᠡ ᠭᠠᠳᠠᠨ᠎ᠠ᠂ ᠮᠠᠯ ᠢᠶᠠᠨ ᠪᠡᠯᠴᠢᠭᠡᠳᠡᠭ ᠮᠠᠯᠴᠢᠳ ᠤᠳᠤ ᠰᠠᠭᠤᠷᠢᠰᠢᠵᠤ ᠮᠠᠯᠵᠢᠬᠤ ᠪᠤᠯᠤᠭᠰᠠᠨ ᠠᠴᠠ ᠲᠠᠭᠠᠷᠠᠬᠤ ᠡᠳᠤᠷ ᠦᠭᠡᠢ᠂ ᠲᠠᠭᠠᠵᠤ ᠬᠤᠯᠠ ᠶᠠᠪᠤᠬᠤ ᠨᠤᠳᠤᠭ ᠦᠭᠡᠢ᠂ ᠲᠠᠰᠤᠯᠠᠭᠰᠠᠨ ᠲᠠᠰᠤᠯᠠᠭᠰᠠᠨ ᠬᠡᠪᠴᠢᠶᠡᠨ ᠳᠤ ᠪᠠᠨ ᠪᠠᠷᠳᠠᠮ ᠪᠡᠯᠡᠳᠬᠡᠯ ᠲᠠᠢ᠂ ᠴᠠᠰᠤ ᠦᠭᠡᠢ ᠡᠪᠤᠯ ᠠᠴᠠ ᠠᠶᠤᠬᠤ ᠠᠴᠠ ᠪᠢᠰᠢ᠂ ᠴᠠᠰᠤ ᠲᠠᠢ ᠡᠪᠤᠯ ᠠᠴᠠ ᠠᠶᠤᠳᠠᠭ ᠴᠠᠭ ᠨᠢᠭᠡᠨᠳᠡ ᠦᠩᠭᠡᠷᠡᠵᠡᠢ᠃ ᠤᠳᠤᠷ ᠨᠡᠬᠦᠳᠡᠯ ᠤᠰᠠᠳᠴᠤ᠂ ᠤᠷᠤᠨ ᠰᠠᠭᠤᠴᠠ ᠶᠢᠨ ᠲᠤᠯᠠᠭᠠᠯᠠᠭ᠎ᠠ ᠰᠠᠶᠢᠵᠢᠷᠠᠵᠤ᠂ ᠫᠸᠡᠭ ᠬᠤᠷᠤᠭ᠎ᠠ ᠵᠢᠭᠳᠡᠷᠡᠵᠤ ᠢᠵᠢ ᠪᠦᠷᠢᠯᠳᠤᠵᠤ᠂ ᠵᠠᠮ ᠨᠡᠪᠳᠡᠷᠡᠯᠭᠡ ᠪᠠᠰᠠ ᠡᠭᠦᠳᠡᠨ ᠳᠤ ᠨᠢ ᠢᠷᠡᠳᠡᠯ᠎ᠡ ᠵᠠᠰᠠᠮᠠᠯ ᠵᠠᠮ ᠪᠤᠯᠤᠭᠰᠠᠨ ᠠᠴᠠ ᠬᠤᠷᠳᠤᠨ ᠮᠠᠰᠢᠨ ᠲᠠᠪᠬᠢᠨ ᠴᠢᠮᠡᠭᠡ ᠬᠠᠷᠢᠯᠴᠠᠭ᠎ᠠ ᠰᠠᠭᠠᠳ ᠦᠭᠡᠢ᠂ ᠴᠢᠨᠤ ᠮᠢᠨᠤ ᠦᠭᠡᠢ᠂ ᠲᠦᠬᠦᠮ ᠲᠦᠳᠡ ᠭᠢᠯᠠᠰ ᠭᠢᠯᠠᠰᠬᠠᠨ ᠨᠡᠪᠳᠡᠷᠡᠬᠦ ᠪᠤᠯᠤᠭᠰᠠᠨ ᠠᠴᠠ ᠁       ᠦᠨᠤ ᠡᠪᠤᠯ ᠪᠤᠯᠤᠬᠰᠠᠭᠠᠷ ᠶᠠᠩᠵᠤ ᠪᠦᠷᠢ ᠶᠢᠨ ᠴᠠᠰᠤᠨ ᠲᠦᠷᠤᠯ ᠵᠦᠢᠯ ᠳᠤ ᠬᠤᠯᠪᠤᠭᠳᠠᠭᠰᠠᠨ ᠵᠤᠭᠠᠴᠡᠯ ᠤᠨ ᠨᠠᠶᠢᠷ ᠨᠠᠭᠠᠳᠤᠮ᠂ ᠪᠡᠶ᠎ᠡ ᠴᠢᠬᠢᠷᠠᠬᠵᠢᠯᠳᠡ ᠶᠢᠨ ᠠᠵᠢᠯᠯᠠᠭᠠᠨ᠂ ᠡᠯ᠎ᠡ ᠭᠠᠵᠠᠷ ᠤᠷᠤᠨ ᠤ ᠠᠭᠤᠷ ᠠᠮᠢᠰᠬᠤᠯ᠂ ᠪᠠᠶᠢᠭᠠᠯᠢ ᠶᠢᠨ ᠤᠨᠴᠠᠯᠢᠭ ᠠᠴᠠ ᠪᠠᠨ ᠪᠤᠯᠵᠤ ᠪᠦᠳᠤᠭᠡᠭᠰᠡᠨ ᠴᠠᠰᠤ ᠮᠦᠰᠤ᠂ ᠵᠤᠬᠢᠶᠠᠮᠡᠯ ᠱᠤᠭᠤᠮᠡᠯ ᠂ ᠭᠤᠯᠭᠤᠯᠳᠡ᠂ ᠲᠠᠰᠢᠯᠳᠡ ᠭᠡᠳ ᠲᠡᠩᠴᠤ ᠪᠤᠭᠤᠨᠢᠬᠠᠨ ᠡᠪᠤᠯ ᠤᠨ ᠤᠯᠠᠷᠢᠯ ᠢ ᠴᠠᠭᠠᠨ ᠰᠠᠷ᠎ᠠ ᠪᠤᠯᠳᠠᠯ᠎ᠠ ᠴᠠᠭᠯᠠᠰᠢ ᠦᠭᠡᠢ ᠬᠦᠭᠵᠢᠶᠡᠨ ᠨᠠᠷᠬᠢᠶᠠᠨ ᠢᠶᠠᠷ ᠦᠳᠡᠨ᠎ᠡ᠃       ᠡᠪᠤᠯ ᠪᠤᠯᠤᠨ᠎ᠠ ᠭᠡᠳᠡᠭ ᠦᠩᠭᠡᠷᠡᠭᠰᠡᠨ ᠳᠤ ᠶᠡᠷᠤ ᠨᠢ ᠦᠭᠡᠷ᠎ᠡ ᠶᠢᠷᠳᠢᠨᠴᠤ᠂ ᠦᠭᠡᠷ᠎ᠡ ᠨᠢᠭᠡᠨ ᠤᠷᠴᠢᠨ ᠪᠠᠶᠢᠯ᠎ᠠ︕       ᠡᠮᠤᠰᠤᠭ᠍ᠰᠡᠨ ᠦᠰᠤᠳᠠᠢ ᠲᠡᠪᠡᠯ ᠬᠤᠪᠴᠠᠰᠤ ᠪᠠᠨ ᠲᠠᠭᠠᠭᠠᠵᠤ ᠶᠠᠳᠠᠨ ᠪᠤᠭᠤᠭᠳᠠᠨ᠂ ᠨᠦᠰᠡᠷ ᠬᠦᠨᠳᠤ ᠨᠤᠷᠠᠵᠤ ᠬᠦᠯᠳᠡᠭᠰᠡᠨ ᠢᠰᠡᠬᠡᠢ ᠭᠤᠳᠤᠯ ᠢᠶᠠᠨ ᠨᠢᠭᠡ ᠨᠢᠭᠡ ᠠᠯᠬᠤᠮ ᠢᠶᠠᠷ ᠵᠦᠭᠡᠭᠡᠵᠤ ᠲᠠᠯᠪᠢᠨ ᠬᠦᠨ ᠬᠦᠷ ᠴᠠᠰᠤᠨ ᠳᠤ ᠪᠡᠳᠡᠷᠡᠨ᠂ ᠪᠠᠶᠢᠨ᠎ᠠ᠂ ᠪᠠᠶᠢᠬᠤ ᠦᠭᠡᠢ ᠨᠢ ᠦᠯᠤ ᠮᠡᠳᠡᠭᠳᠡᠮ᠎ᠡ ᠤᠷᠤᠰᠢᠨ᠂ ᠪᠠᠷ᠎ᠠ ᠪᠠᠷ᠎ᠠ ᠳᠤ ᠪᠠᠨ ᠬᠤᠶᠢᠨ᠎ᠡ ᠡᠮᠤᠨ᠎ᠡ ᠪᠠᠨ ᠡᠪᠤᠯ ᠠᠴᠠ ᠬᠠᠪᠤᠷ ᠪᠤᠯᠳᠠᠯ᠎ᠠ ᠬᠠᠮᠢᠭ᠎ᠠ ᠴᠤ ᠭᠠᠷᠤᠯ ᠦᠭᠡᠢ ᠬᠠᠶᠢᠪᠠᠵᠤ ᠲᠠᠶᠢᠪᠠᠵᠤ ᠲᠦᠡᠭᠰᠦ᠋ᠢᠳᠡᠭ᠃        ᠴᠠᠰᠤᠨ ᠲᠤᠳᠤᠷ᠎ᠠ ᠯᠡ ᠠᠯᠬᠤᠯᠠᠵᠤ ᠶᠠᠪᠤᠳᠠᠭ᠂ ᠤᠯᠠᠷᠢᠯ ᠲᠤᠳᠤᠷ᠎ᠠ ᠬᠤᠷᠢᠭᠳᠠᠳᠠᠭ᠂ ᠠᠭᠤᠯᠠᠰ ᠲᠤᠮᠳᠠ ᠬᠤᠴᠤᠭᠳᠠᠳᠠᠭ᠂ ᠤᠢ ᠶᠢᠨ ᠲᠤᠮᠳᠡ ᠪᠢᠳᠡᠬᠦᠷᠡᠳᠡᠭ᠂ ᠤᠯᠳᠠᠭᠰᠠᠨ ᠵᠢᠭᠠᠬᠠᠨ ᠬᠠᠷ᠎ᠠ ᠭᠠᠵᠠᠷ ᠢᠶᠠᠨ ᠤᠯᠳᠠᠬᠤ ᠦᠭᠡᠢ ᠪᠤᠯᠳᠠᠯ᠎ᠠ ᠰᠢᠷᠭᠤᠳᠠᠭ᠃ ᠤᠨ ᠳᠤ ᠨᠢᠭᠡ ᠤᠷᠤᠬᠤ ᠨᠢ ᠤᠷᠤᠭ ᠲᠠᠷᠪᠠᠭ᠎ᠠ᠂ ᠤᠢ ᠶᠢᠨ ᠪᠠᠭᠠᠪᠠᠭᠠᠢ ᠰᠢᠭ᠋ ᠤᠶᠢᠳᠬᠠᠷ ᠲᠠᠢ ᠮᠦᠷᠳᠡᠭᠡᠨ ᠤᠷᠤᠠ ᠪᠠᠶᠢᠷᠢᠨ ᠳᠤ ᠪᠠᠨ ᠲᠠᠭᠤ ᠦᠭᠡᠢ ᠤᠨᠳᠠᠬᠤ ᠰᠢᠭ᠋ ᠢᠴᠡᠭᠡᠯᠡᠳᠡᠭ᠃ ᠢᠷᠡᠬᠦ ᠴᠠᠭ ᠨᠢ ᠤᠳᠠᠭᠠᠨ᠂ ᠢᠳᠡᠭᠡᠬᠦ ᠢᠳᠡᠭᠡᠯ ᠨᠢ ᠴᠤ ᠪᠠᠰᠠ ᠤᠳᠠᠭᠠᠨ᠂ ᠤᠳᠠᠵᠤ ᠤᠳᠠᠵᠤ ᠨᠢᠭᠡ ᠰᠢᠨ᠎ᠡ ᠴᠠᠭᠠᠨ ᠰᠠᠷ᠎ᠠ ᠪᠤᠯᠳᠠᠭ᠃       ᠬᠠᠰᠢᠶ᠎ᠡ ᠲᠡᠷᠭᠡ᠂ ᠬᠠᠮ ᠠᠪᠳᠠᠷ᠎ᠠ᠂ ᠬᠠᠨ᠎ᠠ ᠤᠨᠢ ᠪᠠᠨ ᠴᠤ ᠠᠯᠤᠰᠯᠠᠨ ᠲᠤᠭᠠᠯᠠᠨ ᠰᠤᠭᠤᠴᠢᠵᠤ᠂ ᠬᠠᠮᠤᠭ ᠮᠤᠳᠤ ᠪᠠᠨ ᠲᠦᠯᠡᠵᠤ ᠪᠠᠷᠠᠭᠠᠳ᠂ ᠭᠠᠯ ᠠᠯᠳᠠᠵᠤ᠂ ᠭᠠᠳᠠᠨ᠎ᠠ ᠭᠡᠷ ᠬᠤᠶᠠᠷ ᠲᠤ ᠪᠠᠶᠢᠬᠤ ᠨᠢ ᠢᠯᠭᠠᠭᠳᠠᠮ᠎ᠠ ᠦᠭᠡᠢ ᠬᠦᠢᠳᠡᠨ ᠭᠠᠮᠰᠢᠭ ᠵᠤᠳ ᠲᠠᠢ ᠡᠪᠤᠯ ᠤᠨ ᠡᠳᠤᠷ ᠤᠳ ᠭᠠᠩᠳᠠᠭᠤᠨ ᠬᠠᠬᠢᠷ ᠵᠢᠪᠡᠷ ᠢᠶᠠᠷ ᠭᠠᠷ ᠬᠦᠯ ᠬᠡᠵᠢᠶᠡᠳᠡ ᠪᠦᠯᠢᠶᠡᠰᠤᠮ᠎ᠡ ᠦᠭᠡᠢ ᠲᠠᠭᠠᠷᠠᠭᠤᠯᠵᠤ᠂ ᠨᠢᠭᠤᠷ ᠨᠢᠳᠤ ᠦᠭᠡᠢ ᠬᠦᠢᠳᠡᠨ ᠰᠠᠯᠬᠢ ᠭᠤᠶᠠᠳᠠᠯᠠᠵᠤ᠂ ᠨᠠᠷᠠ ᠬᠦᠰᠡᠭᠰᠡᠨ ᠡᠳᠤᠷ ᠮᠢᠨᠤ ᠪᠠᠭ᠎ᠠ ᠨᠠᠰᠤᠨ ᠳᠤ ᠠᠤᠭ᠎ᠠ ᠶᠡᠭᠡ ᠤᠷᠢᠬᠠᠨ ᠬᠠᠪᠤᠷ ᠤᠨ ᠮᠦᠷᠤᠭᠡᠳᠤᠯ ᠪᠠᠶᠢᠳᠠᠭ᠃ ᠡᠪᠤᠯ ᠪᠤᠯᠤᠨ᠎ᠠ ᠭᠡᠳᠡᠭ ᠦᠨᠡᠭᠡᠷ ᠦᠭᠡᠷ᠎ᠡ ᠶᠢᠷᠳᠢᠨᠴᠤ᠂ ᠠᠷᠤ ᠭᠠᠵᠠᠷ ᠤᠨ ᠴᠠᠭᠠᠨ ᠰᠢᠯᠢ ᠳᠤ ᠰᠢᠭᠤᠷᠭ᠎ᠠ ᠲᠤᠷ᠎ᠠ ᠪᠠᠷ ᠪᠤᠰᠴᠤ᠂ ᠠᠳᠤᠭᠤ ᠰᠡᠬᠦᠯ ᠢᠶᠠᠨ ᠨᠦᠮᠤᠷᠢᠳᠤᠨ ᠤᠷᠤᠭᠤᠳᠤᠭᠰᠠᠨ ᠡᠳᠤᠷ ᠤᠳ᠂ ᠬᠦᠬᠡ ᠲᠡᠭᠷᠢ ᠳᠤ ᠰᠢᠪᠠᠭᠤ ᠬᠦᠷᠳᠡᠯ᠎ᠡ ᠲᠡᠶᠢᠮᠤ ᠴᠤ ᠲᠡᠭᠡᠷ᠎ᠡ ᠨᠢᠰᠴᠤ ᠴᠢᠳᠠᠯ ᠦᠭᠡᠢ ᠬᠦᠷ ᠴᠠᠰᠤᠨ ᠲᠡᠭᠡᠬᠦᠷ ᠡᠯᠢᠨ ᠬᠠᠯᠢᠨ ᠪᠦᠷᠳᠤᠯᠵᠠᠵᠤ ᠬᠠᠷᠠᠭᠳᠠᠳᠠᠭ᠃       ᠡᠪᠤᠯ ᠪᠠᠶᠢᠨ᠎ᠠ ᠭᠡᠳᠡᠭ᠂ ᠡ᠊ᠨᠳᠡ ᠪᠢᠰᠢ ᠦᠭᠡᠷ᠎ᠡ ᠨᠢᠭᠡ ᠲᠢᠪ ᠲᠤ ᠤᠷᠤᠨ ᠳᠤ ᠪᠠᠨ ᠰᠠᠭᠤᠭ᠎ᠠ ᠪᠠᠷ ᠢᠶᠠᠨ ᠪᠢᠳᠡ ᠤᠷᠤᠭᠠᠳ ᠠᠪᠳᠠᠭ ᠤᠯᠠᠷᠢᠯ ᠶᠤᠮ᠃       ᠡᠪᠤᠯ ᠦᠩᠭᠡᠷᠡᠨ᠎ᠡ ᠭᠡᠳᠡᠭ᠂ ᠲᠡᠩᠳᠡᠬᠦᠤ ᠲᠠᠭᠠᠭᠠᠵᠤ ᠶᠠᠳᠠᠨ ᠠᠪᠴᠤ ᠶᠠᠪᠤᠭᠰᠠᠨ ᠡᠬᠦᠪᠦᠷᠢ ᠪᠠᠨ ᠤᠷᠬᠢᠨ᠎ᠡ ᠭᠡᠰᠡᠨ ᠦᠬᠡ ᠶᠤᠮ᠃ ᠲᠠᠯ᠎ᠠ ᠬᠠᠭᠵᠠᠷᠠᠭᠰᠠᠨ ᠴᠠᠰᠤᠨ ᠠᠴᠠ ᠪᠠᠨ ᠲᠠᠶᠢᠴᠢᠭᠳᠠᠨ ᠰᠡᠪᠡᠯᠵᠡᠵᠤ᠂ ᠲᠠᠪᠤ ᠭᠤᠷᠪᠠᠨ ᠵᠡᠭᠡᠷ᠎ᠡ ᠪᠡᠶ᠎ᠡ ᠪᠠᠨ ᠲᠠᠮᠢᠷᠵᠢᠭᠤᠯᠤᠨ ᠭᠦᠶᠤᠵᠤ᠂ ᠲᠡᠭᠷᠢ ᠬᠠᠩᠭᠠᠢ ᠲᠡᠨᠢᠬᠦᠨ ᠰᠡᠯᠡᠬᠦᠬᠡᠨ ᠴᠡᠩᠬᠡᠷᠳᠤᠵᠤ᠂ ᠲᠢᠪ ᠲᠡᠯᠡᠬᠡᠢ ᠦᠭᠡᠷ᠎ᠡ ᠪᠤᠯᠳᠠᠭ᠃ ᠡᠪᠤᠯ ᠦᠩᠭᠡᠷᠡᠨ᠎ᠡ ᠭᠡᠳᠡᠭ ᠦᠭᠡᠷ᠎ᠡ ᠶᠢᠷᠳᠢᠨᠴᠤ︕       ᠵᠤᠬᠢᠶᠠᠬᠴᠢ ᠶᠢᠨ ᠬᠠᠶ᠋ᠢᠭ᠄ ᠰᠢᠯᠢ ᠶᠢᠨ ᠭᠤᠤᠯ ᠠᠶᠢᠮᠠᠭ ᠤᠨ ᠵᠡᠬᠦᠨ ᠦᠵᠤᠮᠤᠴᠢᠨ ᠬᠤᠰᠢᠭᠤᠨ ᠤ ᠰᠤᠶᠤᠯ ᠵᠤᠭᠠᠴᠠᠯ ᠪᠡᠶ᠎ᠠ ᠲᠠᠮᠢᠷ ᠤᠨ ᠲᠤᠪᠴᠢᠶ᠎ᠡ
 
ᠢᠷᠡᠯᠲᠡ᠄ ᠬᠢᠩᠭᠠᠨ ᠤ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号