ᠮᠣᠷᠢᠨ ᠬᠤᠭᠤᠷ
ᠨᠡᠶᠢᠲᠡᠯᠡᠭᠰᠡᠨ ᠴᠠᠭ᠄
2020/12/15
      ᠮᠤᠷᠢᠨ ᠬᠤᠭᠤᠷ ᠤᠨ ᠡᠪᠦᠭᠡ ᠪᠣᠯ ᠪᠦᠷ ᠾᠦᠩᠨᠦ ᠶᠢᠨ ᠦᠶ᠎ᠡ ᠶᠢᠨ ᠪᠢᠪᠠ ᠬᠡᠮᠡᠬᠦ ᠭᠦᠭᠵᠢᠮ ᠠᠴᠠ ᠭᠠᠷᠤᠯᠲᠠᠢ ᠰᠢᠨᠠᠭᠠᠨ ᠬᠤᠭᠤᠷ ᠶᠤᠮ᠂ ᠰᠢᠨᠠᠭᠠᠨ ᠬᠤᠭᠤᠷ ᠨᠢ ᠬᠤᠨ᠂ ᠭᠠᠷᠤᠳᠢ᠂ ᠮᠠᠲᠠᠷ᠂ ᠯᠤᠤ᠂ ᠠᠷᠰᠯᠠᠨ ᠲᠣᠯᠣᠭᠠᠢ ᠲᠠᠢ᠂ ᠰᠢᠨᠠᠭᠠᠷᠬᠠᠤ ᠬᠡᠯᠪᠡᠷᠢ ᠶᠢᠨ ᠮᠣᠳᠣᠨ ᠴᠠᠷ᠎ᠠ ᠲᠠᠢ᠂ ᠬᠤᠶᠠᠷ ᠴᠢᠪᠬᠠᠳᠠᠰᠤ ᠲᠠᠢ᠂ ᠲᠣᠪᠰᠢᠭᠤᠷ ᠬᠥᠭᠵᠢᠮ ᠪᠠᠶᠢᠵᠠᠢ᠃ ᠬᠤᠵᠢᠮ ᠦᠶᠡᠰ ᠨᠤᠮᠤ ᠲᠠᠢ ᠪᠣᠯᠵᠤ᠂ ᠲᠣᠯᠣᠭᠠᠢ ᠶᠢᠨ ᠳᠦᠷᠰᠦ ᠶᠢ ᠮᠣᠷᠢᠨ ᠲᠣᠯᠣᠭᠠᠢ ᠪᠠᠷ ᠰᠤᠯᠢᠭᠰᠠᠨ ᠢᠶᠠᠷ ᠮᠣᠷᠢᠨ ᠬᠤᠭᠤᠷ ᠡᠭᠦᠰᠦᠭᠰᠡᠨ ᠪᠠᠶᠢᠨ᠎ᠠ᠃ ᠬᠠᠷᠢᠨ ᠮᠣᠷᠢᠨ ᠲᠣᠯᠣᠭᠠᠢ ᠲᠠᠢ ᠰᠢᠨᠠᠭᠠᠨ ᠬᠤᠭᠤᠷ ᠪᠠᠶᠢᠬᠤ ᠦᠭᠡᠢ ᠪᠥᠭᠡᠳ ᠮᠣᠩᠭᠤᠯᠴᠤᠳ ᠤᠨ ᠡᠷᠲᠡ ᠦᠶ᠎ᠡ ᠠᠴᠠ ᠬᠡᠷᠡᠭᠯᠡᠵᠦ ᠢᠷᠡᠭᠰᠡᠨ ᠨᠢᠭᠡᠨ ᠲᠥᠷᠥᠯ ᠤᠨ ᠴᠢᠪᠬᠠᠳᠠᠰᠤᠲᠤ ᠬᠢᠬᠢᠯᠢᠲᠤ ᠬᠥᠭᠵᠢᠮ ᠪᠤᠶᠤ ᠬᠤᠭᠤᠴᠢᠷ ᠨᠢ ᠮᠣᠷᠢᠨ ᠲᠣᠯᠣᠭᠠᠢ ᠲᠠᠢ ᠪᠠᠶᠢᠵᠠᠢ᠃ ᠬᠤᠭᠤᠴᠢᠷ ᠨᠢ ᠪᠢᠪᠠ ᠭᠦᠭᠵᠢᠮ ᠠᠴᠠ ᠭᠠᠷᠤᠯᠲᠠᠢ ᠴᠦ ᠳᠥᠷᠪᠡᠨ ᠴᠢᠬᠢ ᠲᠠᠢ᠂ ᠬᠤᠣᠰ ᠢᠶᠠᠷ ᠨᠢ ᠬᠥᠭᠯᠡᠭᠰᠡᠨ ᠳᠥᠷᠪᠡᠨ ᠴᠢᠪᠬᠠᠳᠠᠰᠤ ᠲᠠᠢ᠂ ᠨᠤᠮᠤ ᠨᠢ ᠴᠢᠪᠬᠠᠳᠠᠰᠤᠨ ᠤ ᠪᠠᠨ ᠬᠤᠭᠤᠷᠣᠨᠳᠤᠭᠤᠷ ᠣᠷᠣᠭᠰᠠᠨ ᠪᠠᠶᠢᠳᠠᠭ ᠢᠶᠠᠷ ᠢᠶᠠᠨ ᠮᠣᠷᠢᠨ ᠬᠤᠭᠤᠷ ᠠᠴᠠ ᠢᠯᠭᠠᠷᠠᠳᠠᠭ ᠬᠥᠭᠵᠢᠮ ᠤᠨ ᠵᠢᠮᠰᠡᠭ ᠪᠥᠭᠡᠳ ᠨᠤᠲᠤᠭ ᠪᠦᠷᠢ ᠳᠤ ᠶᠠᠩᠵᠤ ᠪᠦᠷᠢ ᠪᠠᠷ ᠨᠡᠷᠡᠯᠡᠭᠳᠡᠵᠦ ᠪᠠᠶᠢᠭᠠᠳ ᠬᠤᠵᠢᠮ ᠨᠢ ᠬᠤᠭᠤᠴᠢᠷ ᠬᠡᠮᠡᠨ ᠨᠡᠷᠡᠯᠡᠭᠳᠡᠬᠦ ᠪᠣᠯᠵᠠᠢ᠃         ᠮᠣᠷᠢᠨ ᠬᠤᠭᠤᠷ ᠭᠡᠳᠡᠭ ᠡᠨᠡ ᠬᠦ ᠨᠡᠷ᠎ᠡ ᠪᠠᠷᠠᠭᠤᠨ ᠤᠷᠠᠳ ᠮᠣᠩᠭᠤᠯ ᠤᠨ ᠳᠠᠭᠤᠴᠢ ᠬᠤᠭᠤᠷᠴᠢ ᠬᠥᠬᠦᠭᠡ ᠨᠠᠮᠵᠢᠯ ᠤᠨ ᠵᠢᠬᠦᠷᠲᠤ ᠬᠦᠯᠦᠭ ᠤᠨ ᠲᠣᠮᠤᠭ ᠲᠠᠢ ᠬᠤᠯᠪᠣᠭᠠᠲᠠᠢ᠃ ᠮᠢᠩᠭᠠᠳ ᠤᠨ ᠴᠠᠭᠠᠨ ᠰᠢᠪᠠᠭᠤ ᠤᠪᠤᠭ ᠤᠨ ᠬᠢᠨ ᠤ ᠭᠠᠷᠤᠯ ᠤᠨ ᠳᠣᠮᠤᠭ ᠲᠤ ᠡᠪᠦᠭᠡᠳ ᠳᠡᠭᠡᠳᠦᠰ ᠢᠶᠠᠨ ᠬᠥᠬᠦᠭᠡ ᠨᠠᠮᠵᠢᠯ ᠲᠠᠢ ᠬᠤᠯᠪᠣᠳᠠᠭ ᠪᠥᠭᠡᠳ ᠬᠥᠬᠦᠭᠡ ᠨᠠᠮᠵᠢᠯ ᠵᠢᠬᠦᠷᠲᠤ ᠴᠠᠭᠠᠨ ᠮᠣᠷᠢ ᠪᠣᠯᠵᠤ ᠬᠤᠪᠢᠷᠠᠭᠰᠠᠨ ᠬᠤᠨ ᠬᠥᠯᠥᠭᠯᠡᠵᠦ ᠶᠠᠪᠤᠭᠰᠠᠨ ᠶᠤᠮ ᠭᠡᠨ᠎ᠡ ᠯᠠᠢ ᠭᠡᠵᠦ ᠭᠠᠷᠳᠠᠭ ᠨᠢ ᠰᠣᠨᠢᠷᠬᠠᠯᠲᠠᠢ᠃ ᠮᠣᠷᠢᠨ ᠬᠤᠭᠤᠷ ᠨᠢ ᠮᠣᠩᠭᠤᠯᠴᠤᠳ ᠤᠨ ᠭᠤᠴᠣ ᠬᠦᠨᠳᠦᠳᠬᠡᠨ ᠬᠠᠶᠢᠷᠠᠯᠠᠳᠠᠭ ᠬᠥᠭᠵᠢᠮ ᠤᠨ ᠵᠢᠮᠰᠡᠭ ᠪᠠ ᠡᠰᠢᠨ ᠤ ᠦᠵᠦᠭᠦᠷᠲᠦ ᠰᠡᠶᠢᠯᠦᠭᠰᠡᠨ ᠮᠣᠷᠢᠨ ᠲᠣᠯᠣᠭᠠᠢ ᠪᠠᠷ ᠢᠶᠠᠨ ᠲᠡᠶᠢᠨ ᠬᠦ ᠨᠡᠷᠡᠯᠡᠭᠳᠡᠭᠰᠡᠨ ᠪᠠᠶᠢᠨ᠎ᠠ᠃ ᠮᠣᠷᠢᠨ ᠬᠤᠭᠤᠷ ᠤᠨ ᠴᠠᠷ᠎ᠠ ᠨᠢ ᠭᠤᠨᠵᠣᠭᠤᠢ ᠳᠥᠷᠪᠡᠯᠵᠢᠨ ᠬᠡᠯᠪᠡᠷᠢ ᠲᠠᠢ ᠪᠥᠭᠡᠳ ᠲᠡᠭᠦᠨ ᠢ ᠢᠮᠠᠭᠠᠨ ᠤ ᠶᠤᠮ ᠦᠦ ᠪᠣᠲᠣᠭᠤᠨ ᠤ ᠠᠷᠠᠰᠤ ᠪᠠᠷ ᠪᠦᠷᠢᠵᠦ᠂ ᠨᠣᠭᠤᠭᠠᠨ ᠪᠣᠳᠤᠭ ᠢᠶᠠᠷ ᠪᠣᠳᠣᠳᠠᠭ ᠪᠠᠶᠢᠪᠠ ᠃ ᠮᠥᠨ ᠮᠣᠷᠢᠨ ᠲᠣᠯᠣᠭᠠᠢ ᠶᠢ ᠨᠢ ᠴᠦ ᠨᠣᠭᠤᠭᠠᠨ ᠪᠣᠳᠤᠭ ᠢᠶᠠᠷ ᠪᠣᠳᠣᠳᠠᠭ᠃ ᠡᠨᠡ ᠨᠢ ᠮᠣᠩᠭᠤᠯᠴᠤᠳ ᠨᠣᠭᠤᠭᠠᠨ ᠥᠩᠭᠡ ᠶᠢ ᠭᠠᠵᠠᠷ ᠳᠡᠯᠡᠬᠡᠢ᠂ ᠦᠷᠡᠵᠢᠯ ᠰᠢᠮ᠎ᠡ᠂ ᠬᠠᠶᠢᠷ᠎ᠠ ᠰᠡᠳᠬᠢᠯ ᠤᠨ ᠪᠡᠯᠭᠡ ᠲᠡᠮᠳᠡᠭ ᠭᠡᠵᠦ ᠦᠵᠡᠳᠡᠭ ᠪᠠᠶᠢᠭᠰᠠᠨ ᠲᠠᠢ ᠬᠤᠯᠪᠣᠭᠠᠲᠠᠢ᠃ ᠮᠣᠷᠢᠨ ᠬᠤᠭᠤᠷ ᠢᠶᠠᠨ ᠮᠣᠩᠭᠤᠯᠴᠤᠳ ᠡᠷᠲᠡᠨ ᠠᠴᠠ ᠬᠦᠨᠳᠦᠳᠬᠡᠨ᠂ ᠠᠶᠢᠯ ᠪᠣᠯᠭᠠᠨ ᠮᠣᠷᠢᠨ ᠬᠤᠭᠤᠷ ᠲᠠᠢ ᠪᠠᠶᠢᠬᠤ ᠶᠢ ᠴᠢᠬᠤᠯᠠᠴᠢᠯᠠᠳᠠᠭ᠃ ᠮᠣᠷᠢᠨ ᠬᠤᠭᠤᠷ ᠢᠶᠠᠨ ᠬᠤᠶᠢᠮᠤᠷ ᠤᠨ ᠠᠪᠳᠠᠷ᠎ᠠ ᠶᠢᠨ ᠪᠠᠷᠠᠭᠤᠨ ᠵᠡᠭᠦᠨ ᠲᠠᠯ᠎ᠠ ᠪᠤᠶᠤ ᠭᠡᠷ ᠤᠨ ᠬᠢ ᠪᠠᠨ ᠬᠠᠮᠤᠭ ᠤᠨ ᠬᠦᠨᠳᠦᠲᠡᠢ ᠪᠠᠶᠢᠷᠢᠨ ᠳᠤ ᠵᠠᠯᠠᠳᠠᠭ ᠪᠠᠶᠢᠪᠠ᠃
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号