ᠪᠠᠭ᠋ᠠᠷᠬᠠᠯ ᠢ ᠲᠠᠳᠠᠭᠰᠠᠨ ᠭᠠᠥᠯᠢᠨ ᠫᠠᠢ ᠶᠢᠨ ᠤᠷᠤᠯᠳᠤᠭᠠᠨ
ᠨᠡᠶᠢᠲᠡᠯᠡᠭᠰᠡᠨ ᠴᠠᠭ᠄
2020/12/25
      ᠤᠯᠠᠭᠠᠨᠮᠤᠳᠤ ᠲᠠᠯ᠎ᠠ ᠨᠤᠳᠤᠭ ᠤᠨ ᠮᠦᠩᠬᠦᠨ ᠡᠪᠤᠯ ᠤᠨ ᠨᠠᠭᠠᠳᠤᠮ 12 ᠰᠠᠷ᠎ᠠ ᠶᠢᠨ 19 — 20 ᠤ ᠡᠳᠤᠷ ᠪᠤᠯᠳᠠᠯ᠎ᠠ ᠨᠢᠵᠢᠬᠢᠷ ᠰᠠᠶᠢᠬᠠᠨ ᠶᠠᠪᠤᠭᠳᠠᠯ᠎ᠠ᠃       ᠭᠠᠥᠯᠢᠨ ᠫᠠᠢ ᠶᠢᠨ ᠤᠷᠤᠯᠳᠤᠭᠠᠨ ᠢ ᠶᠠᠪᠤᠭᠳᠠᠭᠤᠯᠵᠤ ᠪᠠᠶᠢᠭ᠎ᠠ ᠮᠤᠩᠭᠤᠯ ᠭᠡᠷ ᠲᠤ ᠤᠷᠤᠪᠠᠯ᠂ ᠤᠷᠤᠯᠳᠤᠭᠴᠢᠳ ᠬᠡᠳᠦᠨ ᠰᠢᠷᠡᠭᠡ ᠶᠢ ᠲᠤᠭᠤᠷᠢᠨ ᠰᠠᠭᠤᠵᠠᠭᠠᠵᠤ ᠤᠷ᠎ᠠ ᠮᠡᠷᠭᠡᠵᠢᠯ ᠢᠶᠠᠨ ᠭᠠᠶᠢᠬᠠᠭᠤᠯᠤᠨ᠎ᠠ᠃ ᠲᠤᠰ ᠤᠷᠤᠯᠳᠤᠭᠠᠨ ᠳᠤ ᠤᠯᠠᠭᠠᠨᠮᠤᠳᠤ ᠰᠤᠮᠤ ᠪᠠᠷ ᠨᠤᠳᠤᠭ ᠲᠠᠢ 16 ᠤᠷᠤᠯᠳᠤᠭᠴᠢ ᠤᠷᠤᠯᠴᠠᠵᠤ᠂ ᠲᠦᠷᠪᠡᠨ ᠬᠦᠮᠤᠨ ᠨᠢᠭᠡ ᠲᠤᠭᠤᠢᠢᠯᠠᠩ ᠢᠶᠠᠷ ᠨᠤᠭᠤᠯᠤᠭ᠎ᠠ ᠪᠦᠷᠢ ᠬᠠᠭᠠᠰ ᠲᠤᠭᠠᠨ ᠤ ᠬᠦᠮᠤᠨ ᠢ ᠰᠢᠯᠭᠠᠷᠠᠭᠤᠯᠵᠤ᠂ ᠡᠴᠤᠰ ᠲᠤ ᠪᠠᠨ ᠡᠮᠤᠨ᠎ᠠ 6 ᠨᠡᠷᠡᠰ ᠢ ᠱᠠᠩᠨᠠᠨ ᠬᠦᠬᠢᠬᠦᠯᠦᠯ᠎ᠠ᠃ ᠤᠷᠤᠯᠳᠤᠭᠠᠨ ᠤ ᠪᠠᠶᠢᠳᠠᠯ ᠢ ᠨᠠᠷᠢᠨ ᠠᠵᠢᠪᠡᠯ ᠤᠷᠤᠯᠳᠤᠬᠴᠢ ᠶᠢᠨ ᠤᠯᠠᠩᠭᠢ ᠨᠢ ᠨᠠᠰᠤᠳᠠᠶᠢᠴᠤᠳ ᠪᠠᠶᠢᠯ᠎ᠠ᠃ ᠤᠷᠤᠯᠳᠤᠭᠠᠨ ᠤ ᠶᠡᠷᠤᠩᠬᠡᠢ ᠬᠢᠨᠠᠭᠴᠢ ᠶᠢᠨ ᠲᠠᠷᠤᠭ᠎ᠠ ᠲᠤᠪᠴᠢᠨ ᠨᠠᠰᠤᠳᠠᠨ ᠠᠴᠠ ᠲᠤᠰ ᠤᠷᠤᠯᠳᠤᠭᠠᠨ ᠤ ᠪᠠᠶᠢᠳᠠᠯ ᠢ ᠨᠡᠩ ᠰᠠᠶᠢᠨ ᠤᠢᠢᠯᠠᠭᠠᠬᠤ ᠪᠠᠷ ᠰᠤᠷᠪᠤᠯᠵᠢᠯᠠᠭ᠎ᠠ ᠠᠪᠤᠪᠠ᠃ ᠲᠤᠪᠴᠢᠨ ᠨᠠᠰᠤᠳᠠᠨ᠄ ︽ᠪᠢ ᠪᠤᠯ ᠭᠠᠥᠯᠢᠨ ᠫᠠᠢ ᠪᠠ ᠱᠠᠭ᠎ᠠ ᠨᠠᠭᠠᠳᠤᠮ ᠤᠨ ᠤᠷᠤᠯᠳᠤᠭᠠᠨ ᠤ ᠶᠡᠷᠤᠩᠬᠡᠢ ᠬᠢᠨᠠᠭᠴᠢ ᠪᠤᠯᠤᠨ᠎ᠠ᠃ ᠭᠠᠥᠯᠢᠨ ᠫᠠᠢ ᠶᠢᠨ ᠤᠷᠤᠯᠳᠤᠭᠠᠨ ᠳᠤ 60 ᠨᠠᠰᠤᠨ ᠠᠴᠠ ᠲᠡᠭᠡᠭᠰᠢᠬᠢ ᠨᠠᠰᠤᠳᠠᠶᠢᠴᠤᠳ ᠢᠶᠠᠷ ᠭᠤᠥᠯᠯᠠᠭᠰᠠᠨ ᠪᠠᠶᠢᠳᠠᠭ᠃ ᠤᠴᠢᠷ ᠨᠢ ᠤᠳᠤᠬᠢ ᠵᠠᠯᠠᠭᠤᠴᠤᠳ ᠡᠨᠡᠬᠦ ᠵᠦᠢᠯ ᠤᠨ ᠨᠠᠭᠠᠳᠤᠮ ᠢ ᠨᠠᠭᠠᠳᠴᠤ ᠴᠢᠳᠠᠬᠤ ᠦᠭᠡᠢ᠃ ᠶᠡᠷᠤ ᠶᠢᠨ ᠴᠠᠭ ᠲᠤ ᠪᠠᠨ ᠪᠢ ᠰᠤᠮᠤᠨ ᠤ ᠪᠠᠨ ᠨᠠᠰᠤᠳᠠᠶᠢᠴᠤᠳ ᠢ ᠵᠤᠬᠢᠶᠠᠨ ᠪᠠᠶᠢᠭᠤᠯᠤᠨ ᠡᠨᠡ ᠬᠦ ᠵᠦᠢᠯ ᠤᠨ ᠨᠠᠭᠠᠳᠤᠮ ᠢ ᠨᠠᠭᠠᠳᠤᠭᠤᠯᠵᠤ ᠪᠠᠶᠢᠭ᠎ᠠ ᠪᠤᠯᠬᠤᠷ ᠤᠳᠤ ᠨᠠᠶᠢᠷ ᠨᠠᠭᠠᠳᠤᠮ ᠤᠨ ᠲᠤᠳᠠᠭᠳᠠᠵᠦ ᠪᠤᠯᠤᠰᠢ ᠦᠭᠡᠢ ᠤᠷᠤᠯᠳᠤᠭᠠᠨ ᠪᠤᠯᠵᠦ ᠨᠢᠬᠡᠨᠳᠡ ᠬᠤᠶᠠᠳᠤᠭᠠᠷ ᠬᠤᠭᠤᠴᠠᠭ᠎ᠠ ᠪᠠᠨ ᠤᠬᠳᠤᠴᠢᠬᠠᠵᠠᠢ᠃ ᠤᠳᠤ ᠬᠡᠳᠦ᠋ᠢᠪᠡᠷ ᠨᠠᠰᠤᠳᠠᠶᠢᠴᠤᠳ ᠢᠶᠠᠷ ᠭᠤᠥᠯᠯᠠᠵᠤ᠂ ᠬᠦᠮᠤᠨ ᠤ ᠲᠤᠭ᠎ᠠ ᠨᠢ ᠬᠤᠪᠢᠷᠠᠯᠳᠠ ᠦᠭᠡᠢ ᠪᠤᠯᠪᠠᠴᠤ ᠦᠨᠳᠤᠰᠤᠳᠡᠨ ᠤ ᠤᠯᠠᠮᠵᠢᠯᠠᠯᠳᠤ ᠨᠠᠭᠠᠳᠤᠮ ᠢᠶᠠᠨ ᠦᠷᠬᠦᠯᠵᠢᠯᠠᠨ ᠪᠠᠳᠠᠷᠠᠭᠠᠨ᠎ᠠ︾ ᠭᠡᠵᠤ ᠶᠠᠷᠢᠨ᠎ᠠ᠃       ᠤᠢᠢᠷ᠎ᠠ ᠶᠢᠨ ᠬᠡᠳᠤᠨ ᠵᠢᠯ ᠠᠴᠠ ᠨᠠᠭᠠᠰᠢ᠂ ᠮᠠᠨ ᠤ ᠠᠶᠢᠮᠠᠭ ᠵᠤᠨ ᠡᠪᠤᠯ ᠤᠨ ᠰᠠᠶᠢᠬᠠᠨ ᠴᠠᠭ ᠢ ᠠᠰᠢᠬᠯᠠᠨ ᠨᠠᠶᠢᠷ ᠨᠠᠭᠠᠳᠤᠮ ᠡᠷᠭᠢᠯᠡᠵᠦ᠂ ᠨᠡᠩ ᠤᠯᠠᠨ ᠵᠤᠭᠠᠴᠠᠭᠰᠠᠳ ᠢ ᠲᠠᠳᠠᠨ ᠠᠪᠴᠢᠷᠠᠬᠤ ᠶᠢᠨ ᠲᠠᠭᠠᠤ ᠠᠵᠦ ᠠᠬᠤᠢ ᠶᠢᠨ ᠬᠦᠭᠵᠢᠯᠳᠡ ᠪᠠᠨ ᠠᠬᠢᠭᠤᠯᠵᠦ ᠪᠠᠶᠢᠨ᠎ᠠ᠃
 
ᠢᠷᠡᠯᠲᠡ᠄ ᠬᠢᠩᠭᠠᠨ ᠤ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号