ᠪᠠᠶᠠᠨᠬᠤᠰᠢᠭᠤ ᠵᠢᠷᠭᠤᠳᠣᠭᠠᠷ ᠲᠣᠮᠳᠠᠳᠣ ᠰᠣᠷᠭᠠᠭᠤᠯᠢ ᠶᠢᠨ ︽ᠲᠥᠰᠢᠶᠡᠳᠣ ᠲᠣᠯᠭ᠎ᠠ︾ ᠰᠢᠯᠥᠭ ᠤᠨ ᠨᠠᠭᠠᠳᠣᠮ ᠨᠢᠵᠢᠭᠢᠷ ᠰᠠᠶᠢᠬᠠᠨ ᠶᠠᠪᠣᠭᠳᠠᠪᠠ
ᠨᠡᠶᠢᠲᠡᠯᠡᠭᠰᠡᠨ ᠴᠠᠭ᠄
2020/12/7
      ᠤᠢᠢᠷ᠎ᠠ ᠶᠢᠨ ᠡᠳᠣᠷ᠂ ᠬᠤᠷᠴᠢᠨ ᠪᠠᠷᠠᠭᠤᠨ ᠭᠠᠷᠣᠨ ᠲᠣᠮᠳᠠᠳᠣ ᠬᠤᠰᠢᠭᠤᠨ ᠤ ᠪᠠᠶᠠᠨᠬᠤᠰᠢᠭᠤ ᠵᠢᠷᠭᠤᠳᠣᠭᠠᠷ ᠲᠣᠮᠳᠠᠳᠣ ᠰᠣᠷᠭᠠᠭᠤᠯᠢ ᠶᠢᠨ ︽ᠲᠣᠮᠳᠠᠳᠣ ᠶᠢᠨ ᠥᠨᠳᠣᠰᠣᠳᠡᠨ ᠨᠦᠭᠦᠳ ᠨᠢᠭᠡ ᠭᠡᠷ ᠤᠨ ᠭᠥᠮᠥᠰ ᠮᠡᠳᠣ ᠲᠣᠳᠣᠨᠣ᠂ ᠰᠡᠳᠭᠢᠯ ᠨᠢᠬᠡᠳᠣᠨ ᠲᠣᠮᠳᠠᠳᠣ ᠶᠢᠨ ᠭᠥᠰᠡᠯ ᠵᠡᠬᠦᠳᠤ ᠪᠠᠨ ᠬᠠᠮᠳᠣ ᠪᠠᠷ ᠳᠡᠷᠭᠡᠯᠰᠢᠬᠦᠯᠤᠶ᠎ᠠ︾ ᠭᠡᠭᠦ ᠭᠤᠣᠯ ᠰᠡᠳᠣᠪᠳᠣ ᠰᠣᠷᠭᠠᠭᠤᠯᠢ ᠪᠠᠶᠢᠭᠤᠯᠣᠭᠳᠠᠭᠰᠠᠨ 10 ᠵᠢᠯ ᠤᠨ ᠣᠢ ᠪᠠᠨ ᠪᠡᠯᠭᠡᠯᠡᠭᠦ ᠲᠠᠪᠣᠳᠣᠭᠠᠷ ᠬᠤᠭᠤᠴᠠᠭᠠᠨ ᠤ ︽ᠲᠥᠰᠢᠶᠡᠳᠣ ᠲᠣᠯᠭ᠎ᠠ︾ ᠰᠢᠯᠥᠭ ᠤᠨ ᠨᠠᠭᠠᠳᠣᠮ ᠨᠢ ᠪᠠᠶᠠᠨᠬᠤᠰᠢᠭᠤ ᠨᠢᠬᠡᠳᠥᠭᠡᠷ ᠲᠣᠮᠳᠠᠳᠣ ᠰᠣᠷᠭᠠᠭᠤᠯᠢ ᠶᠢᠨ ᠲᠠᠮᠢᠷ ᠤᠨ ᠣᠷᠳᠣᠨ ᠳᠤ ᠨᠢᠵᠢᠭᠢᠷ ᠰᠠᠶᠢᠬᠠᠨ ᠶᠠᠪᠣᠭᠳᠠᠵᠣ ᠥᠨᠳᠣᠷᠯᠡᠵᠠᠢ᠃       ᠣᠷᠣᠯᠳᠣᠭᠠᠨ ᠤ ᠡᠭᠢᠨ ᠳᠤ ᠰᠣᠷᠭᠠᠭᠤᠯᠢ ᠶᠢᠨ ᠵᠠᠬᠢᠷᠣᠯ ᠠᠴᠠ ᠥᠬᠡ ᠶᠠᠷᠢᠵᠣ ᠪᠠᠶᠠᠨᠬᠤᠰᠢᠭᠤ ᠵᠢᠷᠭᠤᠳᠣᠭᠠᠷ ᠲᠣᠮᠳᠠᠳᠣ ᠰᠣᠷᠭᠠᠭᠤᠯᠢ ᠶᠢᠨ 10 ᠵᠢᠯ ᠤᠨ ᠭᠥᠭᠵᠢᠯ ᠪᠠᠳᠠᠷᠠᠯ ᠢ ᠲᠣᠪᠴᠢ ᠳ᠋ᠥᠩᠨᠡᠵᠣ᠂ ᠣᠷᠣᠯᠳᠣᠭᠠᠨ ᠳᠤ ᠮᠣᠷᠢᠯᠠᠨ ᠰᠠᠭᠠᠳᠠᠭᠰᠠᠨ ᠡᠷᠭᠢᠮ ᠵᠣᠴᠢᠳ ᠢᠶᠠᠨ ᠪᠠᠶᠠᠷᠯᠠᠨ ᠣᠭᠳᠣᠵᠣ ᠪᠠᠶᠢᠭ᠎ᠠ ᠰᠡᠳᠭᠢᠯᠬᠡ ᠪᠠᠨ ᠢᠯᠡᠳᠭᠡᠨ ᠣᠷᠣᠯᠳᠣᠭᠠᠨ ᠲᠡᠭᠦᠰ ᠠᠮᠵᠢᠯᠳᠡ ᠲᠠᠢ ᠶᠠᠪᠣᠭᠳᠠᠬᠤ ᠶᠢ ᠪᠡᠯᠭᠡᠳᠡᠨ ᠵᠥᠩᠨᠡᠪᠡ᠃ ᠣᠷᠣᠯᠳᠣᠭᠠᠨ ᠨᠢ ︽ᠡᠩᠬᠡ ᠶᠢᠨ ᠲᠠᠯᠠᠯᠠᠭ᠎ᠠ︾᠂ ︽ᠴᠡᠩᠬᠡᠯᠳᠣ ᠨᠠᠭᠠᠳᠣᠮ︾᠂ ︽ᠮᠥᠩᠬᠡ ᠶᠢᠨ ᠢᠷᠥᠭᠡᠯ︾ ᠵᠡᠷᠭᠡ ᠭᠤᠷᠪᠠᠨ ᠮᠥᠴᠡᠯᠬᠡ ᠪᠠᠷ ᠶᠠᠪᠣᠭᠳᠠᠵᠣ᠂ ︽ᠡᠵᠡᠨ ᠰᠠᠩ︾᠂ ︽ᠲᠣᠯᠭ᠎ᠠ ᠶᠢᠨ ᠢᠷᠥᠭᠡᠯ︾᠂ ︽ᠪᠠᠶᠠᠨᠬᠤᠰᠢᠭᠤ ᠵᠢᠷᠭᠤᠳᠣᠭᠠᠷ ᠲᠣᠮᠳᠠᠳᠣ ᠰᠣᠷᠭᠠᠭᠤᠯᠢ ᠶᠢᠨ ᠮᠠᠭᠳᠠᠭᠤ︾ ᠵᠡᠷᠭᠡ ᠴᠢᠩᠭᠢᠨᠡᠮ᠎ᠡ ᠢᠷᠠᠭᠤ ᠣᠶᠠᠩᠭᠠᠯᠠᠯ ᠢᠶᠠᠷ ᠣᠷᠣᠯᠳᠣᠭᠠᠨ ᠤ ᠡᠬᠢᠯᠡᠯᠳᠡ ᠶᠢᠨ ᠭᠥᠰᠢᠬᠡ ᠶᠢ ᠥᠯᠵᠡᠶᠢᠳᠡᠶᠢᠬᠡᠨ ᠢᠷᠠᠯ᠎ᠠ᠃ ᠲᠣᠯᠤᠭ᠎ᠠ ᠨᠠᠢᠮᠠᠳᠣᠭᠠᠷ ᠣᠨ ᠤ 20 ᠠᠩᠭᠢ ᠶᠢᠨ ᠰᠣᠷᠣᠭᠴᠢᠳ ᠢᠳᠡᠪᠬᠢᠯᠡᠨ ᠣᠷᠣᠯᠴᠠᠵᠣ ᠨ᠊ · ᠥᠯᠵᠡᠶᠢᠳᠡᠯᠬᠡᠷ ᠤᠨ ︽ᠮᠣᠩᠭᠤᠯ ᠬᠡᠯᠡ︾᠂ ᠴ᠊ · ᠴᠢᠮᠡᠳ ᠤᠨ ︽ᠪᠢ ᠮᠣᠩᠭᠤᠯ ᠭᠥᠮᠥᠨ︾᠂ ᠯ᠊ · ᠣᠳᠽᠠᠷ ᠤᠨ ︽ᠲᠡᠯᠭᠡᠷ ᠽᠠᠨᠳᠠᠨ ᠮᠣᠳᠣ︾ ᠵᠡᠷᠭᠡ ᠭᠤᠴᠥ ᠪᠥᠳᠥᠭᠡᠯ ᠠᠴᠠ ᠣᠶᠠᠩᠭᠠᠯᠠᠨ ᠰᠢᠯᠥᠭᠯᠡᠵᠣ᠂ ᠣᠷᠮ᠎ᠠ ᠲᠠᠢ ᠰᠠᠶᠢᠬᠠᠨ ᠲᠣᠭᠯᠠᠨ ᠡᠬᠡ ᠬᠡᠯᠡ ᠪᠠᠷ ᠢᠶᠠᠨ ᠠᠭᠤᠣ ᠶᠡᠭᠡ ᠡᠬᠡ ᠣᠯᠣᠰ᠂ ᠥᠨᠳᠣᠰᠣᠳᠡᠨ ᠤ ᠪᠥᠯᠭᠦᠮᠳᠡᠯ ᠲᠠᠪᠰᠢᠯᠳᠡ᠂ ᠥᠯᠥᠬᠡᠢ ᠨᠣᠳᠤᠭ ᠢᠶᠠᠨ ᠣᠶᠠᠩᠭᠠᠯᠠᠨ ᠰᠢᠯᠥᠭᠯᠡᠵᠣ᠂ ᠡᠬᠡ ᠣᠯᠣᠰ᠂ ᠡᠬᠡ ᠰᠣᠷᠭᠠᠭᠤᠯᠢ ᠶᠢᠨ ᠢᠶᠠᠨ ᠭᠥᠭᠵᠢᠯ ᠪᠠᠳᠠᠷᠠᠯ ᠢ ᠣᠮᠤᠭ ᠪᠠᠭ᠋ᠠᠳᠣᠮ᠎ᠠ ᠰᠡᠳᠭᠢᠯᠬᠡ ᠪᠠᠷ ᠮᠠᠭᠳᠠᠨ ᠲᠠᠭᠤᠯᠠᠯ᠎ᠠ᠃ ᠣᠷᠣᠯᠳᠣᠭᠠᠨ ᠨᠢ ᠥᠳᠡ ᠶᠢᠨ ᠬᠤᠶᠢᠨᠠᠬᠢ 1 ᠴᠠᠭ ᠪᠣᠯᠳᠠᠯ᠎ᠠ ᠬᠤᠷᠴᠠ ᠰᠢᠷᠥᠭᠦᠨ᠂ ᠪᠠᠴᠢᠮ ᠶᠠᠭᠠᠷᠠᠯᠳᠠᠢ᠂ ᠪᠠᠶᠠᠰᠣᠯ ᠣᠷᠮ᠎ᠠ ᠲᠠᠢ ᠨᠢᠵᠢᠭᠢᠷ ᠰᠠᠶᠢᠬᠠᠨ ᠶᠠᠪᠣᠭᠳᠠᠵᠣ᠂ ᠣᠷᠣᠯᠳᠣᠭᠠᠨ ᠤ ᠳ᠋ᠦᠩ ᠳᠤ ᠨᠠᠢᠮᠠ ᠶᠢᠨ ᠶᠢᠰᠦ᠂ ᠲᠤᠯᠤᠭ᠎ᠠ ᠶᠢᠨ ᠬᠤᠶᠠᠷ᠂ ᠲᠤᠯᠤᠭ᠎ᠠ ᠶᠢᠨ ᠵᠢᠷᠭᠤᠭ᠎ᠠ ᠲᠣᠰ ᠲᠣᠰ ᠣᠷᠣᠯᠳᠣᠭᠠᠨ ᠤ ︽ᠰᠣᠳᠣ ᠮᠠᠩᠯᠠᠢ︾᠂ ︽ᠣᠳᠣ ᠮᠠᠩᠯᠠᠢ︾᠂ ︽ᠲᠣᠳᠣ ᠮᠠᠩᠯᠠᠢ︾ ᠪᠠᠷ ᠲᠣᠳᠣᠷᠠᠨ ᠱᠠᠩᠨᠡᠯ ᠬᠦᠷᠳᠡᠵᠤ᠂ ᠲᠤᠯᠤᠭ᠎ᠠ ᠶᠢᠨ ᠭᠤᠷᠪᠠ᠂ ᠲᠤᠯᠤᠭ᠎ᠠ ᠶᠢᠨ ᠲᠠᠪᠤ᠂ ᠨᠠᠢᠮᠠ ᠶᠢᠨ ᠵᠢᠷᠭᠤᠭ᠎ᠠ᠂ ᠨᠠᠢᠮᠠ ᠶᠢᠨ ᠠᠷᠪᠠ ᠲᠣᠰ ᠲᠣᠰ ᠰᠢᠯᠢᠳᠡᠭ ᠲᠡᠰ ᠲᠤ ᠨᠡᠷ᠎ᠡ ᠪᠠᠨ ᠲᠡᠮᠳᠡᠭᠯᠡᠭᠦᠯᠵᠡᠢ᠃       ︽ᠲᠥᠰᠢᠶᠡᠳᠣ ᠲᠣᠯᠭ᠎ᠠ︾ ᠰᠢᠯᠥᠭ ᠤᠨ ᠨᠠᠭᠠᠳᠣᠮ ᠨᠢ ᠲᠤᠰ ᠰᠣᠷᠭᠠᠭᠤᠯᠢ ᠶᠢᠨ ︽ᠪᠠᠶᠠᠰᠣᠯᠳᠣ ᠣᠩᠰᠢᠯᠭ᠎ᠠ︾ ᠶᠢᠨ ᠪᠣᠳᠠᠳᠠᠢ ᠲᠡᠯᠭᠡᠨ ᠥᠵᠡᠭᠦᠯᠬᠡ ᠪᠣᠯᠣᠭᠰᠠᠨ ᠢᠶᠠᠷ ᠥᠯᠣ ᠪᠠᠷᠠᠨ᠂ ᠡᠬᠡ ᠬᠡᠯᠡᠨ ᠤ ᠪᠠᠨ ᠣᠬᠢ ᠰᠢᠮ᠎ᠡ ᠪᠠᠷ ᠣᠮᠳᠠᠯᠠᠨ ᠪᠤᠶᠢᠵᠢᠭ᠎ᠠ ᠡᠩᠭᠦᠷᠡᠢ ᠭᠥᠬᠡᠷᠥᠭᠦᠨ ᠰᠣᠷᠣᠭᠴᠢᠳ ᠤᠨ ᠡᠬᠡ ᠬᠡᠯᠡ᠂ ᠥᠯᠥᠬᠡᠢ ᠨᠣᠳᠤᠭ᠂ ᠡᠬᠡ ᠣᠷᠣᠨ ᠳᠤ ᠪᠠᠨ ᠬᠢᠵᠠᠭᠠᠯᠠᠰᠢ ᠥᠬᠡᠢ ᠬᠠᠶᠢᠷᠠᠳᠠᠢ ᠪᠠᠶᠢᠭ᠎ᠠ ᠣᠷᠭᠢᠯᠣᠮ᠎ᠠ ᠬᠠᠯᠠᠭᠤᠨ ᠰᠡᠳᠭᠢᠯᠬᠡ ᠶᠢᠨ ᠣᠮᠤᠭ ᠲᠡᠭᠦᠯᠳᠡᠷ ᠣᠶᠠᠩᠭᠠᠠᠯᠠᠯ ᠪᠣᠯᠣᠭᠰᠠᠨ ᠶᠣᠮ᠃ ᠮᠥᠨᠴᠥ ᠲᠤᠰ ᠰᠣᠷᠭᠠᠭᠤᠯᠢ ᠶᠢᠨ ᠪᠥᠭᠦ ᠪᠠᠭᠰᠢ ᠠᠵᠢᠯᠳᠠᠨ ᠤ ᠬᠠᠮᠳᠣ ᠶᠢᠨ ᠴᠢᠷᠮᠠᠶᠢᠯᠭ᠎ᠠ ᠪᠠᠷ ᠥᠨᠳᠣᠰᠣᠳᠡᠨ ᠤ ᠪᠥᠯᠭᠦᠮᠳᠡᠯ ᠲᠠᠪᠰᠢᠯᠳᠡ ᠪᠠ ᠥᠨᠳᠣᠰᠣᠳᠡᠨ ᠤ ᠰᠣᠷᠭᠠᠨ ᠭᠥᠮᠥᠵᠢᠯ ᠤᠨ ᠲᠣᠭᠳᠠᠭᠤᠨ ᠭᠥᠭᠵᠢᠯᠳᠡ ᠳᠤ ᠡᠷᠭᠦᠨ ᠬᠠᠨᠳᠢᠪᠯᠠᠭᠰᠠᠨ ᠡᠷᠭᠢᠮ ᠨᠠᠨᠳᠢᠨ ᠪᠡᠯᠡᠭ ᠪᠤᠯᠤᠬᠰᠠᠨ ᠶᠤᠮ᠃
 
ᠢᠷᠡᠯᠲᠡ᠄ ᠬᠢᠩᠭᠠᠨ ᠤ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号