ᠣᠷᠠᠯᠢᠬ ᠤᠨ ᠲᠡᠭᠷᠢ ᠲᠡᠭᠡᠷ᠎ᠡ ᠨᠢᠭᠡᠨ ᠣᠳᠣ ᠭᠢᠯᠠᠯᠵᠠᠨᠠᠮ
ᠨᠡᠶᠢᠲᠡᠯᠡᠭᠰᠡᠨ ᠴᠠᠭ᠄
2020/12/9
      — ᠬᠤᠷᠴᠢᠨ ᠪᠠᠷᠡᠭᠤᠨ ᠭᠠᠷᠣᠨ ᠲᠣᠮᠳᠠᠳᠣ ᠬᠤᠰᠢᠭᠤᠨ ᠤ ᠰᠤᠶᠤᠯ ᠤᠨ ᠭᠡᠷ ᠤᠨ ᠲᠠᠷᠤᠭ᠎ᠠ ᠬᠠᠨ ᠪᠣᠯᠠᠭ ᠨᠦᠬᠦᠷ ᠤᠨ ᠦᠢᠯᠡ ᠠᠵᠢᠯᠯᠠᠭ᠎ᠠ ᠶᠢ ᠲᠡᠮᠳᠡᠭᠯᠡᠪᠡ                ● ᠲ᠊ · ᠪᠦᠬᠡᠪᠢᠯᠢᠭ          ᠰᠡᠳᠬᠢᠯ ᠵᠢᠷᠦᠬᠡᠨ ᠳᠤ ᠦᠨᠳᠦᠰᠦᠯᠡᠭᠰᠡᠨ ᠠᠷᠠᠳ ᠤᠨ ᠲᠠᠭᠤᠣ ᠪᠣᠶᠣ ᠬᠦᠭᠵᠢᠮ       1967 ᠤᠨ ᠤ 2 ᠰᠠᠷ᠎ᠠ ᠶᠢᠨ 16 ᠤ ᠡᠳᠤᠷ ᠶᠢᠷᠳᠢᠨᠴᠦ ᠲᠡᠯᠡᠬᠡᠢ ᠳᠤ ᠠᠪᠴᠣ ᠬᠡᠯᠡᠪᠡᠯ ᠡᠪ ᠡᠩ ᠤᠨ ᠨᠢᠭᠡᠨ ᠡᠳᠦᠷ᠃ ᠦᠷᠡᠵᠢᠵᠦ ᠲᠦᠯᠵᠢᠬᠦ ᠡᠨᠡ ᠣᠷᠴᠢᠯᠠᠩ ᠦᠪᠡᠷ ᠤᠨ ᠡᠬᠡ ᠶᠢᠨ ᠬᠠᠶᠢᠷ᠎ᠠ ᠪᠠᠨ ᠢᠪᠢᠯᠡᠬᠦᠯᠦᠭᠡᠳ ᠦᠭᠡᠳᠡ ᠡᠰᠡᠷᠡᠭ ᠲᠠᠭᠤᠣ ᠪᠠᠨ ᠲᠠᠭᠤᠯᠠᠭᠠᠳ ᠣᠷᠣᠰᠢᠨ ᠲᠣᠭᠳᠠᠨᠢᠵᠣ ᠪᠠᠶᠢᠬᠤ ᠶᠢᠨ ᠣᠴᠢᠷ᠃ ᠭᠡᠳᠡᠯ᠎ᠡ ᠲᠡᠭᠷᠢ ᠡᠴᠢᠭᠡ ᠪᠠᠨ ᠰᠢᠳᠣᠵᠣ᠂ ᠲᠡᠯᠡᠬᠡᠢ ᠡᠬᠡ ᠪᠠᠨ ᠬᠠᠶᠢᠷᠠᠯᠠᠨ ᠲᠡᠭᠡᠳᠦᠯᠡᠵᠦ ᠶᠠᠪᠣᠭ᠎ᠠ ᠬᠢᠩᠭᠠᠨ ᠠᠶᠢᠮᠠᠭ ᠤᠨ ᠵᠠᠯᠠᠶᠢᠳ ᠬᠤᠰᠢᠭᠤᠨ ᠤ ᠢᠨᠳᠡᠷ ᠪᠠᠯᠭᠠᠰᠣ ᠶᠢᠨ ᠠᠯᠳᠠᠨᠬᠤᠸᠠ ᠭᠠᠴᠠᠭ᠎ᠠ ᠶᠢᠨ ᠴᠢᠬᠢᠳᠦ ᠪᠠᠷᠢᠭᠠᠳᠠ ᠶᠢᠨ ᠬᠠᠨ ᠳ᠋ᠠᠰᠢ ᠪᠣᠯᠣᠨ ᠵᠧᠦ ᠴᠦᠨ ᠬᠤᠸᠠ ᠬᠤᠶᠠᠭᠤᠯᠠ ᠪᠠᠨ ᠬᠤᠶᠠᠳᠠᠬᠢ ᠬᠦᠦ ᠪᠠᠨ ᠬᠦᠮᠦᠨ ᠤ ᠬᠤᠷᠸ᠎ᠠ ᠳᠤ ᠲᠣᠰᠣᠨ ᠠᠪᠴᠢᠷᠠᠬᠰᠠᠨ ᠪᠠᠶᠢᠨ᠎ᠠ᠃ ᠡᠨᠡ ᠬᠦᠮᠦᠨ ᠪᠣᠯ ᠲᠠᠷᠣᠢ ᠬᠤᠷᠴᠢᠨ ᠪᠠᠷᠠᠭᠤᠨ ᠭᠠᠷᠣᠨ ᠲᠣᠮᠳᠠᠳᠣ ᠬᠤᠰᠢᠭᠤᠨ ᠤ ᠰᠤᠶᠤᠯ ᠤᠨ ᠭᠡᠷ ᠤᠨ ᠲᠠᠷᠤᠭ᠎ᠠ ᠬᠠᠨ ᠪᠣᠯᠠᠭ ᠨᠦᠬᠦᠷ ᠪᠣᠯᠣᠨ᠎ᠠ᠃       ︽ᠬᠠᠨ ᠪᠤᠯᠠᠬ ᠢ ᠲᠣᠯᠣᠭᠠᠨ ᠨᠠᠰᠦᠲᠠᠢ ᠴᠠᠭᠠᠨ ᠰᠠᠷ᠎ᠠ ᠶᠢᠨ ᠰᠢᠨ᠎ᠡ ᠶᠢᠨ ᠲᠦᠷᠪᠡᠨ ᠤ ᠰᠦᠨᠢ᠂ ᠠᠯᠳᠠᠨᠬᠤᠸᠠ ᠬᠦᠩᠱᠧ ᠶᠢᠨ ᠬᠢᠨ ᠠᠴᠠ ᠨᠠᠮ ᠤᠨ ᠲᠦᠷᠦ ᠶᠢᠨ ᠪᠣᠳᠣᠯᠭ᠎ᠠ ᠶᠢ ᠣᠬᠠᠭᠤᠯᠬᠤ ᠪᠠ ᠲᠣᠰ ᠵᠢᠯ ᠤᠨ ᠡᠯᠪᠡᠭ ᠬᠤᠷᠢᠶᠠᠯᠳᠠ ᠪᠠᠨ ᠪᠡᠯᠭᠡᠯᠡᠬᠦ ᠭᠡᠵᠦ ᠠᠶᠢᠯ ᠲᠠᠷᠠᠭᠠᠯᠠᠨ ᠣᠷᠠᠨ ᠰᠠᠶᠢᠬᠠᠨ ᠤ ᠲᠣᠭᠯᠠᠯᠳᠠ ᠭᠠᠷᠭᠠᠬᠤ ᠪᠠᠷ ᠪᠤᠯᠤᠯ᠎ᠠ᠃ᠭᠠᠭ᠋ᠠᠢ ᠣᠰᠣᠯᠠᠬᠤ ᠨᠠᠷᠠᠨ ᠤ ᠦᠶ᠎ᠡ ᠪᠠᠷ ᠲᠦᠷᠪᠡ ᠬᠦᠯᠯᠡᠭᠰᠡᠨ ᠮᠣᠷᠢᠨ ᠲᠡᠷᠭᠡ ᠨᠢᠭᠡ ᠲᠡᠷᠭᠡ ᠲᠠᠭᠤᠴᠢᠨ᠂ ᠪᠦᠵᠢᠭᠴᠢᠨ ᠪᠠ ᠭᠦᠭᠵᠢᠮᠴᠢᠨ ᠠᠶᠢᠯ ᠤᠨ ᠪᠠᠷᠠᠭᠤᠨ ᠲᠠᠯ᠎ᠠ ᠠᠴᠠ ᠭᠡᠩᠭᠡᠷᠭᠡ ᠪᠠᠨ ᠬᠦᠪᠴᠢᠵᠦ᠂ ᠬᠠᠷᠠᠩᠭ᠎ᠠ ᠪᠠᠨ ᠬᠠᠷᠴᠢᠬᠢᠨᠠᠭᠤᠯᠣᠭᠰᠠᠭᠠᠷ ᠶᠡᠭᠡ ᠪᠠᠷᠢᠭᠠᠳᠠ ᠶᠢᠨ ᠡᠬᠦᠳᠡᠨ ᠲᠡᠭᠡᠷ᠎ᠡ ᠲᠣᠯᠵᠣ ᠢᠷᠡᠭᠰᠡᠨ ᠪᠠᠶᠢᠨ᠎ᠠ᠃ ᠬᠠᠮᠤᠭ ᠠᠴᠠ ᠡᠮᠦᠨ᠎ᠡ ᠬᠦᠷᠴᠦ ᠬᠦᠯᠢᠶᠡᠭᠡᠳ ᠪᠠᠶᠢᠭᠰᠠᠨ ᠬᠠᠨ ᠪᠣᠯᠠᠭ ᠠᠴᠠ ᠬᠡᠳᠦᠨ ᠵᠢᠭᠠᠯ ᠨᠠᠶᠢᠵᠢ ᠶᠢᠨ ᠢᠶᠠᠨ ᠵᠦᠭ ᠬᠠᠨᠳᠣᠭᠠᠳ ᠣᠷᠣᠭᠤᠯ ᠢᠶᠠᠨ ᠡᠷᠳᠡᠶᠢᠯᠭᠡᠵᠦ ᠠᠪᠣᠭᠠᠳ ᠶᠣᠰᠣᠳᠠᠢ ᠨᠠᠭᠠᠴᠣ ᠠᠪᠤ ᠪᠠᠨ ᠦᠵᠡᠭᠰᠡᠨ ᠠᠴᠠ ᠢᠯᠡᠬᠦᠦ ᠪᠠᠶᠠᠷᠯᠠᠯ᠎ᠠ᠃ ᠪᠠᠶᠠᠷ ᠤᠨ ᠲᠠᠭᠤᠨ ᠪᠦᠬᠦᠨ ᠢ ᠨᠢ ᠡᠪᠦᠯ ᠤᠨ ᠬᠦᠢᠳᠡᠨ ᠲᠡᠪᠡᠷᠢᠵᠣ ᠶᠡᠭᠡ ᠪᠠᠷᠢᠭᠠᠳᠠ ᠶᠢᠨ ᠬᠦᠷᠢᠶ᠎ᠡ ᠪᠠᠶᠠᠷ ᠬᠦᠷ ᠢᠶᠠᠷ ᠪᠢᠯᠬᠠᠵᠦ᠂ ᠬᠦᠮᠦᠰ ᠠᠮᠢᠰᠬᠤᠭ᠎ᠠ ᠪᠠᠨ ᠲᠠᠷᠣᠭᠠᠳ ᠠᠩᠬᠠᠷᠣᠯ ᠢᠶᠠᠨ ᠲᠦᠪᠯᠡᠷᠡᠬᠦᠯᠦᠨ ᠰᠤᠨᠤᠰᠴᠦ᠂ ᠶᠠᠮᠠᠷ ᠨᠢᠭᠡᠨ ᠲᠠᠭᠤᠣ ᠪᠣᠶᠣ ᠪᠦᠵᠢᠭ ᠡᠰᠡᠬᠦᠯ᠎ᠡ ᠦᠯᠢᠭᠡᠷ ᠬᠤᠯᠪᠣᠭ᠎ᠠ ᠲᠡᠬᠦᠰᠬᠦ ᠦᠶ᠎ᠡ ᠳᠤ ᠠᠯᠢᠶ᠎ᠠ ᠠᠯᠢᠶ᠎ᠠ ᠪᠠᠭ᠎ᠠ ᠬᠡᠦᠬᠡᠳ ᠨᠢᠬᠡᠨ ᠨᠢᠭᠡᠨ ᠢᠶᠠᠨ ᠴᠢᠴᠢᠵᠦ ᠭᠤᠪᠢᠭᠠᠳ ᠠᠯᠢᠶ᠎ᠠ ᠵᠠᠩ ᠢᠶᠠᠨ ᠭᠠᠷᠭᠠᠨ᠎ᠠ᠂ ᠭᠡᠳᠡᠯ᠎ᠡ ᠪᠠᠭ᠎ᠠ ᠨᠠᠰᠣᠨ ᠤ ᠬᠠᠨ ᠪᠣᠯᠠᠭ ᠶᠠᠭ ᠯᠡ ᠬᠠᠳᠠᠭᠠᠳ ᠲᠠᠯᠪᠢᠭᠰᠠᠨ ᠮᠡᠳᠣ ᠣᠷᠣᠨ ᠳᠤ ᠪᠠᠨ ᠰᠠᠭᠤᠭᠠᠳ ᠨᠢᠳᠣ ᠰᠠᠯᠭᠠᠯ ᠦᠭᠡᠢ ᠲᠠᠶᠢᠰᠠ ᠣᠷᠣᠭᠤ ᠬᠠᠷᠠᠨ᠎ᠠ᠃ ᠲᠡᠷᠡᠬᠦ ᠲᠠᠭᠤᠴᠢᠨ ᠪᠦᠵᠢᠭᠴᠢᠨ ᠡᠰᠡᠬᠦᠯ᠎ᠡ ᠬᠦᠭᠵᠢᠮᠴᠢᠨ ᠨᠢ ᠶᠠᠭ ᠯᠡ ᠦᠪᠡᠷ ᠤᠨ ᠪᠡᠶ᠎ᠡ ᠨᠢ ᠮᠡᠳᠣ ᠰᠠᠨᠠᠭᠳᠠᠨ᠎ᠠ︾ ᠭᠡᠵᠦ ᠬᠠᠨ ᠪᠤᠯᠠᠬ ᠠᠴᠠ ᠶᠠᠷᠢᠵᠦ ᠪᠠᠶᠢᠯ᠎ᠠ᠃       ᠪᠢᠴᠢᠬᠠᠨ ᠬᠠᠨ ᠪᠣᠯᠠᠭ ᠲᠤᠰ ᠲᠤᠬᠯᠠᠯᠲᠠ ᠶᠢ ᠰᠤᠨᠢᠷᠬᠠᠵᠦ ᠪᠠᠷᠠᠬᠰᠠᠨ ᠤ ᠳᠠᠷᠠᠭ᠎ᠠ ᠨᠢᠭᠡᠯᠬᠡᠨ ᠲᠣᠣᠷ᠎ᠠ ᠦᠭᠡᠷ᠎ᠡ ᠬᠦᠮᠦᠨ ᠪᠤᠯᠵᠦ ᠬᠤᠪᠢᠷᠠᠬᠰᠠᠨ ᠮᠡᠲᠦ ᠪᠤᠯᠪᠠ᠃ ᠲᠡᠷᠡ ᠡᠳᠦᠷᠵᠢᠨ ᠨᠢᠭᠡᠨ ᠬᠤᠷᠣᠭᠤ ᠪᠦᠳᠦᠬᠦᠨ ᠮᠣᠳᠣ ᠶᠢ ᠣᠯᠵᠣ ᠠᠪᠣᠭᠠᠳ ᠲᠡᠬᠦᠨ ᠠᠴᠠ ᠪᠠᠨ ᠨᠠᠷᠢᠬᠠᠨ ᠲᠡᠭᠡᠷ᠎ᠡ ᠪᠠᠨ ᠣᠬᠤᠷ ᠮᠣᠳᠣ ᠪᠠᠷ ᠬᠢᠷᠦᠭᠡᠳᠡᠨ ᠰᠠᠭᠤᠬᠤ ᠪᠣᠯᠪᠠ᠃ ᠬᠢᠷᠦᠭᠡᠳᠡᠵᠦ ᠬᠢᠷᠦᠭᠡᠳᠡᠬᠦ ᠳᠤ ᠪᠠᠨ ᠲᠡᠷᠡ ᠣᠷᠣᠢ ᠶᠢᠨ ᠠᠪᠠᠭ᠎ᠠ ᠨᠠᠷ ᠢᠶᠠᠨ ᠲᠠᠭᠤᠷᠢᠶᠠᠵᠣ ᠨᠠᠭᠠᠰᠢ ᠴᠠᠭᠠᠰᠢ ᠰᠠᠵᠢᠯᠠᠨ ᠬᠦᠳᠡᠯᠬᠦ ᠪᠣᠯᠣᠭᠰᠠᠨ ᠢᠶᠠᠷ ᠪᠠᠷᠠᠬᠤ ᠦᠭᠡᠢ ᠠᠮᠠᠨ ᠲᠣᠳᠣᠷ᠎ᠠ ᠪᠠᠨ ᠶᠠᠮᠠᠷ ᠨᠢᠭᠡᠨ ᠲᠠᠭᠤᠣ ᠪᠣᠶᠣ ᠬᠤᠯᠪᠣᠭ᠎ᠠ ᠶᠢ ᠣᠪᠣᠷ ᠲᠣᠪᠣᠷ ᠣᠩᠰᠢᠵᠣ ᠪᠠᠶᠢᠯ᠎ᠠ᠃ ᠣᠳᠠᠵᠣ ᠣᠳᠠᠵᠣ ᠢᠷᠡᠬᠦ ᠳᠤ ᠣᠳᠠᠰᠣ ᠦᠭᠡᠢ ᠬᠤᠭᠤᠷ ᠪᠣᠯᠣᠨ ᠨᠣᠮᠣ ᠨᠢ ᠲᠡᠬᠦᠨ ᠤ ᠬᠦᠰᠡᠯ ᠰᠢᠨᠣᠯ ᠢ ᠬᠠᠩᠭᠠᠵᠣ ᠲᠡᠶᠢᠯᠬᠦ ᠦᠭᠡᠢ ᠪᠣᠯᠪᠠ᠃ ᠲᠡᠭᠡᠭᠡᠳ ᠨᠢᠭᠡ ᠡᠳᠦᠷ ᠡᠵᠢ ᠠᠪᠤ ᠪᠠᠨ ᠬᠡᠭᠡᠷ᠎ᠡ ᠭᠠᠷᠣᠭᠰᠠᠨ ᠪᠠᠷ ︽ᠬᠤᠭᠤᠷ ᠤᠨ ᠣᠳᠠᠰᠣ︾ ᠪᠣᠯᠣᠨ ︽ᠨᠣᠮᠣ ᠶᠢᠨ ᠬᠦᠪᠴᠢ︾ ᠪᠣᠯᠭᠠᠨ ᠲᠠᠳᠠᠵᠣ ᠲᠠᠳᠠᠭᠠᠳ᠂ ᠬᠤᠭᠤᠷᠳᠠᠵᠣ ᠬᠤᠭᠤᠷᠳᠠᠭᠠᠳ ᠪᠠᠰᠠ ᠰᠡᠳᠬᠢᠯ ᠰᠠᠨᠠᠭᠠᠨ ᠳᠤ ᠨᠢ ᠬᠦᠷᠴᠦ ᠦᠭᠬᠦ ᠦᠭᠡᠢ ᠪᠣᠯᠪᠠ᠃ ᠲᠡᠬᠦᠨ ᠤ ᠰᠡᠳᠬᠢᠯ ᠰᠠᠨᠠᠭᠠᠨ ᠲᠣᠳᠣᠷ᠎ᠠ ᠨᠢ ᠬᠠᠷᠠᠭᠳᠠᠭᠠᠳ ᠪᠠᠶᠢᠳᠠᠭ ᠨᠢ ᠴᠠᠭᠠᠨ ᠰᠠᠷ᠎ᠠ ᠶᠢᠨ ᠰᠢᠨ᠎ᠡ ᠶᠢᠨ ᠲᠦᠷᠪᠡᠨ ᠤ ᠣᠷᠣᠢ ᠶᠢᠨ ᠬᠤᠭᠤᠷᠴᠢᠨ ᠠᠪᠠᠭ᠎ᠠ ᠶᠢᠨ ᠬᠢᠨᠢ ᠬᠡᠯᠡᠳᠡᠭ ᠬᠦᠢᠯᠡᠰᠦᠨ ᠮᠣᠳᠣᠨ ᠲᠣᠯᠣᠭᠠᠢ᠂ ᠮᠠᠩ ᠮᠣᠭᠠᠢ ᠶᠢᠨ ᠠᠷᠠᠰᠣ ᠶᠢᠨ ᠪᠦᠷᠢᠶᠡᠰᠦ᠂ ᠶᠣᠩᠬᠤᠷ ᠣᠳᠠᠰᠣ᠂ ᠬᠢᠯᠭᠠᠰᠣᠨ ᠬᠦᠪᠴᠢ᠂ ᠶᠠᠰᠢᠯ ᠤᠨ ᠮᠣᠳᠣᠨ ᠲᠦᠷᠪᠡᠨ ᠴᠢᠬᠢ ᠁       ᠵᠡᠬᠦᠨ ᠠᠶᠢᠯ ᠳᠤ ᠪᠠᠶᠢᠭ᠎ᠠ ᠨᠠᠭᠠᠴᠣ ᠠᠪᠤ ᠶᠢᠨ ᠬᠤᠭᠤᠷ ᠢ ᠨᠢ ᠣᠯᠵᠣ ᠢᠷᠡᠶ᠎ᠡ᠃ ᠬᠤᠵᠢᠮ ᠲᠣᠮᠣ ᠪᠣᠯᠪᠠᠯ ᠨᠠᠮ᠎ᠠ ᠳᠤ ᠦᠭᠬᠦ ᠪᠠᠶᠢᠳᠠᠯ ᠲᠠᠢ ᠠᠪᠤ ᠲᠠᠢ ᠵᠣᠭᠤᠭᠳᠠᠵᠣ ᠪᠠᠶᠢᠭᠰᠠᠨ ᠭᠡᠵᠦ ᠶᠢᠰᠦᠨ ᠨᠠᠰᠣ ᠲᠠᠢ ᠬᠠᠨ ᠪᠣᠯᠠᠭ ᠪᠣᠳᠣᠵᠣ ᠣᠯᠬᠤ ᠲᠠᠢ ᠵᠡᠷᠭᠡ ᠡᠬᠦᠷᠴᠦ ᠪᠠᠶᠢᠭᠰᠠᠨ ᠪᠣᠭᠴᠣ ᠪᠠᠨ ᠴᠦ ᠲᠠᠯᠪᠢᠭᠰᠠᠨ ᠦᠭᠡᠢ ᠪᠠᠷ ᠵᠡᠬᠦᠨ ᠠᠶᠢᠯ ᠣᠷᠣᠭᠤ ᠭᠠᠷᠣᠭᠠᠳ ᠬᠦᠳᠡᠯᠪᠡ᠃ ᠨᠠᠭᠠᠴᠣ ᠠᠪᠤ ᠶᠢᠨ ᠬᠢᠨ ᠭᠡᠷ ᠲᠤ ᠨᠢ ᠬᠦᠮᠦᠨ ᠪᠠᠶᠢᠭᠰᠠᠨ ᠦᠭᠡᠢ ᠪᠠᠶᠢᠳᠠᠯ ᠳᠤ᠂ ᠠᠪᠣᠭᠠᠳ ᠶᠠᠪᠤᠬᠤ ᠦᠦ︖ ᠦᠭᠡᠢ ᠦᠦ ᠭᠡᠵᠦ ᠪᠢᠴᠢᠬᠠᠨ ᠬᠠᠨ ᠪᠣᠯᠠᠭ ᠦᠵᠡᠯ ᠰᠠᠨᠠᠭᠠᠨ ᠤ ᠪᠠᠨ ᠲᠡᠮᠡᠴᠡᠯ ᠳᠤ ᠦᠬᠦᠳᠡᠯ᠎ᠡ ᠪᠠᠷᠢᠬᠳᠠᠵᠦ᠂ ᠬᠡᠳᠣ ᠣᠳᠠᠭ᠎ᠠ ᠬᠠᠨᠵᠣᠨ ᠲᠡᠭᠡᠷ᠎ᠡ ᠨᠢ ᠭᠠᠷᠣᠭᠠᠳ ᠬᠤᠭᠤᠷ ᠢ ᠨᠢ ᠪᠠᠭᠤᠯᠭᠠᠵᠣ ᠠᠪᠬᠤ ᠭᠡᠪᠡᠯ ᠬᠤᠯᠠᠭᠠᠶᠢᠴᠢ ᠪᠣᠯᠬᠤ ᠠᠴᠠ ᠪᠠᠨ ᠠᠶᠣᠭᠠᠳ ᠭᠠᠷ ᠬᠦᠯ ᠢᠶᠠᠨ ᠲᠠᠳᠠᠴᠢᠬᠠᠨ᠎ᠠ᠃ ᠬᠤᠶᠢᠰᠢ ᠪᠠᠨ ᠬᠤᠶᠠᠷ ᠠᠯᠬᠤᠮ ᠣᠬᠤᠷᠢᠬᠤ ᠦᠭᠡᠢ ᠲᠡᠷᠡᠬᠦ ᠡᠷᠳᠡᠨᠢ ᠶᠢᠨ ᠬᠤᠭᠤᠷ ᠨᠢ ︽ᠨᠠᠮ᠎ᠠ ᠶᠢ ᠠᠪᠣᠭᠠᠳ ᠶᠠᠪᠤ ᠡ︾ ᠭᠡᠵᠦ ᠬᠡᠯᠡᠵᠣ ᠪᠠᠶᠢᠮᠠᠷ ᠰᠠᠨᠠᠭᠳᠠᠨ᠎ᠠ ᠁ ᠲᠡᠭᠡᠵᠦ ᠣᠳᠠᠵᠣ ᠣᠳᠠᠭᠠᠳ ᠶᠠᠭᠠᠬᠢᠬᠤ ᠶᠢᠨ ᠠᠷᠭ᠎ᠠ ᠦᠭᠡᠢ ᠪᠣᠯᠬᠤ ᠳᠤ ᠪᠠᠨ ᠪᠢᠷ ᠴᠠᠭᠠᠰᠦ ᠭᠠᠷᠭᠠᠵᠦ ︽ᠨᠠᠭᠠᠴᠣ ᠠᠪᠤ ᠡ᠂ ᠪᠢ ᠬᠤᠭᠤᠷ ᠢ ᠴᠢᠨᠢ ᠠᠪᠣᠭᠠᠳ ᠶᠠᠪᠣᠯ᠎ᠠ᠃ ᠬᠠᠨ ᠪᠣᠯᠠᠭ ᠠᠴᠠ︾ ᠭᠡᠵᠦ ᠪᠢᠴᠢᠬᠦ ᠲᠠᠢ ᠵᠡᠷᠭᠡ ᠡᠷᠳᠡᠨᠢ ᠶᠢᠨ ᠬᠤᠭᠤᠷ ᠢ ᠨᠢ ᠪᠠᠭᠤᠯᠭᠠᠵᠣ ᠠᠪᠣᠭᠠᠳ ᠭᠡᠷ ᠵᠦᠭ ᠢᠶᠠᠨ ᠭᠦᠶᠦᠯ᠎ᠡ᠃ ᠬᠠᠨ ᠪᠤᠯᠠᠬ ᠲᠡᠭᠡᠭᠡᠳ ᠯᠡ ᠡᠨᠡᠬᠦ ᠬᠤᠭᠤᠷ ᠢᠶᠠᠷ ᠬᠦᠭᠵᠢᠮᠴᠢᠨ ᠪᠣᠯᠬᠤ ᠵᠠᠮ ᠳᠤ ᠪᠠᠨ ᠣᠷᠣᠭᠰᠠᠨ ᠶᠤᠮ ᠡ᠃       ᠰᠠᠨᠠᠵᠣ ᠶᠠᠪᠣᠪᠠᠯ ᠪᠦᠳᠦᠨ᠎ᠠ ᠰᠠᠵᠢᠯᠠᠵᠣ ᠶᠠᠪᠣᠭᠠᠳ ᠬᠦᠷᠦᠨ᠎ᠡ       ᠬᠠᠨ ᠪᠤᠯᠠᠬ ᠲᠡᠷᠡᠬᠦ ᠡᠷᠳᠡᠨᠢ ᠶᠢᠨ ᠬᠤᠭᠤᠷ ᠢ ᠠᠪᠠᠴᠢᠭᠰᠠᠨ ᠤ ᠰᠡᠬᠦᠯᠡᠷ ᠰᠦᠨᠢ ᠡᠳᠦᠷ ᠦᠭᠡᠢ ᠬᠤᠭᠤᠷᠳᠠᠨ ᠰᠠᠭᠤᠬᠤ ᠪᠣᠯᠪᠠ᠃ ᠭᠡᠷ ᠲᠣᠳᠣᠷ᠎ᠠ ᠬᠤᠭᠤᠷᠳᠠᠬᠤ ᠳᠤ ᠵᠠᠷᠢᠮ ᠳᠤ ᠪᠠᠨ ᠡᠵᠢ ᠠᠪᠤ ᠶᠢᠨ ᠦᠯᠢᠭᠡᠷ ᠰᠣᠨᠣᠰᠬᠤ ᠶᠢ ᠨᠢ ᠬᠠᠷᠰᠢᠯᠠᠨ᠎ᠠ᠂ ᠪᠠᠰᠠ ᠵᠠᠷᠢᠮ ᠳᠤ ᠪᠠᠨ ᠲᠣᠮᠣᠴᠣᠣᠯ ᠤᠨ ᠵᠣᠭᠤᠭ ᠲᠡᠯᠭᠡᠬᠦ ᠶᠢ ᠬᠠᠷᠰᠢᠯᠠᠬᠤ ᠲᠣᠯᠠ ᠵᠣᠨ ᠳᠤ ᠪᠠᠨ ᠪᠣᠯᠪᠠᠯ ᠬᠠᠰᠢᠶᠠᠨ ᠲᠣᠳᠣᠷ᠎ᠠ ᠪᠠᠨ ᠰᠠᠭᠤᠵᠣ ᠬᠤᠭᠤᠷᠳᠠᠵᠦ᠂ ᠡᠪᠦᠯ ᠳᠤ ᠪᠠᠨ ᠪᠣᠯᠪᠠᠯ ᠦᠪᠤᠡᠭ ᠭᠡᠷ ᠲᠤ ᠪᠠᠨ ᠰᠠᠭᠤᠵᠣ ᠬᠤᠭᠤᠷᠳᠠᠵᠦ ᠪᠠᠶᠢᠵᠠᠢ᠃ ᠰᠠᠶ᠋ᠢ ᠰᠣᠷᠴᠣ ᠪᠠᠶᠢᠬᠤ ᠦᠶ᠎ᠡ ᠳᠤ ᠠᠶ᠎ᠠ ᠲᠠᠭᠤᠣ ᠶᠢ ᠴᠦ ᠭᠠᠷᠭᠠᠵᠦ ᠳᠡᠶᠢᠯᠬᠦ ᠦᠭᠡᠢ᠂ ᠭᠡᠪᠡᠴᠦ ᠬᠦᠭᠵᠢᠮᠴᠢᠨ ᠪᠣᠯᠬᠤ ᠬᠦᠰᠡᠯ ᠢᠶᠠᠨ ᠡᠪᠤᠷᠯᠡᠨ ᠲᠡᠰᠪᠦᠷᠢ ᠰᠢᠷᠭᠠᠭᠤ ᠪᠠᠷ ᠵᠢᠯ ᠭᠠᠷᠣᠢ ᠶᠢᠨ ᠬᠤᠭᠤᠴᠠᠭ᠎ᠠ ᠶᠢ ᠦᠩᠭᠡᠷᠡᠭᠡᠭᠡᠳ ᠰᠠᠶ᠋ᠢ ᠠᠶ᠎ᠠ ᠰᠢᠭ᠋ ᠶᠠᠭᠤᠮ᠎ᠠ ᠭᠠᠷᠭᠠᠵᠦ ᠴᠢᠳᠠᠬᠤ ᠪᠤᠯᠵᠠᠢ᠃       ᠬᠠᠨ ᠪᠣᠯᠠᠭ ᠠᠬ᠎ᠠ ᠲᠡᠬᠦᠦ ᠡᠭᠡᠴᠢ ᠲᠡᠬᠦᠦ ᠣᠯᠠᠨ ᠪᠣᠯᠬᠤᠷ ᠠᠩᠬ᠎ᠠ ᠲᠣᠮᠳᠠᠳᠣ ᠶᠢᠨ ᠬᠤᠶᠠᠳᠣᠭᠠᠷ ᠣᠨ ᠪᠠᠶᠢᠬᠤ ᠳᠤ ᠪᠠᠨ ᠰᠣᠷᠣᠯᠭ᠎ᠠ ᠪᠠᠨ ᠵᠣᠭᠰᠣᠯ᠎ᠠ᠃ ᠭᠡᠰᠡᠨ ᠴᠦ ᠡᠨᠡ ᠦᠶ᠎ᠡ ᠳᠤ ᠠᠷᠪᠠᠨ ᠵᠢᠷᠭᠤᠭᠠᠨ ᠨᠠᠰᠣᠯᠠᠭᠰᠠᠨ ᠲᠡᠷᠡ ᠪᠠᠷ ᠨᠢᠭᠡᠨᠳᠡ ᠠᠶᠢᠯ ᠣᠰᠣᠨ ᠳᠤ ᠪᠠᠨ ᠴᠢᠨᠠᠭᠰᠢᠯᠠᠨ ᠭᠦᠩᠱᠧ ᠳᠤ ᠪᠠᠨ ︽ᠨᠡᠷ᠎ᠡ ᠲᠠᠢ︾ ᠲᠠᠭᠤᠴᠢᠨ ᠪᠣᠶᠣ ᠬᠦᠭᠵᠢᠮᠴᠢᠨ ᠪᠣᠯᠣᠭᠰᠠᠨ ᠪᠠᠶᠢᠨ᠎ᠠ᠃ ᠬᠤᠷᠢᠮ ᠨᠠᠶᠢᠷ ᠪᠠᠶᠠᠷ ᠲᠤᠷᠠᠰᠬᠠᠯ ᠤᠨ ᠡᠳᠤᠷ ᠪᠣᠯᠪᠠᠯ ᠣᠷᠢᠭᠳᠠᠨ ᠣᠴᠢᠭᠠᠳ ᠠᠷᠠᠳ ᠤᠨ ᠲᠠᠭᠤᠣ ᠳᠠᠭᠤᠯᠠᠬᠤ ᠪᠤᠶᠤ ᠬᠤᠭᠤᠷ ᠲᠠᠷᠣᠵᠣ ᠬᠦᠭᠵᠢᠮ ᠬᠦᠭᠵᠢᠮᠳᠡᠵᠦ᠂ ᠦᠵᠡᠭᠴᠢᠳ ᠣᠯᠠᠨ ᠤ ᠪᠠᠭ᠋ᠠᠷᠬᠠᠯ ᠪᠠ ᠬᠦᠷᠢᠶᠡᠯᠡᠯ ᠢ ᠣᠯᠣᠭᠰᠠᠨ ᠪᠠᠶᠢᠨ᠎ᠠ᠃ ᠢᠡᠭᠬᠢᠵᠦ ᠯᠡ ᠴᠢᠷᠮᠠᠶᠢᠵᠦ ᠶᠠᠪᠤᠬᠰᠠᠭᠠᠷ ᠠᠯᠳᠠᠨᠬᠤᠸᠠ ᠭᠦᠩᠱᠧ ᠶᠢᠨ ᠬᠤᠶᠠᠷ ᠣᠳᠠᠭ᠎ᠠ ᠶᠢᠨ ᠲᠠᠭᠤᠣ ᠶᠢᠨ ᠣᠷᠣᠯᠳᠣᠭᠠᠨ ᠳᠤ ᠲᠡᠷᠢᠭᠦᠯᠡᠵᠦ᠂ ᠬᠤᠵᠢᠮ ᠨᠢ ᠵᠠᠯᠠᠶᠢᠳ ᠬᠤᠰᠢᠭᠤᠨ ᠤ ᠣᠯᠠᠭᠠᠨᠮᠦ᠋ᠴᠢᠷ ᠲᠤ ᠣᠷᠢᠭᠳᠠᠨ ᠣᠴᠢᠭᠠᠳ ᠭᠤᠣᠯ ᠲᠠᠭᠤᠴᠢᠨ ᠪᠣᠶᠣ ᠬᠦᠭᠵᠢᠮᠴᠢᠨ ᠤ ᠡᠬᠦᠷᠭᠡ ᠶᠢ ᠡᠭᠦᠷᠭᠡᠯᠡᠭᠰᠡᠨ ᠪᠠᠶᠢᠨ᠎ᠠ᠃       1985 ᠣᠨ ᠤ 5 ᠰᠠᠷ᠎ᠠ ᠶᠢᠨ 1 ᠤ ᠲᠡᠯᠡᠬᠡᠢ ᠶᠢᠨ ᠬᠦᠳᠡᠯᠮᠦᠷᠢᠴᠢᠳ ᠤᠨ ᠪᠠᠶᠠᠷ ᠤᠨ ᠡᠳᠦᠷ᠂ ᠬᠢᠩᠭᠠᠨ ᠠᠶᠢᠮᠠᠭ ᠠᠴᠠ ᠪᠠᠶᠠᠷ ᠤᠨ ᠡᠳᠦᠷ ᠢᠶᠠᠨ ᠪᠡᠯᠭᠡᠯᠡᠬᠦ ᠪᠠ ᠠᠶᠢᠮᠠᠭ ᠤᠨ ᠳᠡᠰ ᠤᠨ ︽ᠬᠦᠳᠡᠯᠮᠦᠷᠢ ᠶᠢᠨ ᠵᠢᠱᠢᠶᠡᠴᠢ︾ ᠪᠠᠨ ᠱᠠᠩᠨᠠᠨ ᠬᠦᠬᠢᠬᠦᠯᠬᠦ ᠭᠡᠵᠦ ᠡᠯ᠎ᠡ ᠬᠤᠰᠢᠭᠤᠨ ᠤ ᠣᠯᠠᠭᠠᠨᠮᠦ᠋ᠴᠢᠷ ᠢ ᠣᠯᠠᠭᠠᠨᠬᠤᠳᠠ ᠳᠤ ᠣᠷᠠᠨ ᠰᠠᠶᠢᠬᠠᠨ ᠤ ᠲᠣᠭᠯᠠᠯᠳᠠ ᠭᠠᠷᠭᠠᠬᠤ ᠪᠠᠷ ᠪᠣᠯᠵᠠᠢ᠃ ᠵᠠᠯᠠᠭᠤ ᠲᠠᠭᠤᠴᠢᠨ ᠲᠡᠭᠡᠷ᠎ᠡ ᠪᠠᠨ ᠬᠦᠭᠵᠢᠮᠴᠢᠨ ᠬᠠᠨ ᠪᠣᠯᠠᠭ ᠨᠦᠬᠦᠷ ᠰᠡᠳᠬᠢᠯ ᠲᠦᠭᠦᠷᠡᠩ ᠢᠳᠡᠭᠡᠯ ᠵᠣᠷᠢᠭ ᠡᠪᠦᠷᠯᠡᠭᠰᠡᠭᠡᠷ ᠠᠩᠬ᠎ᠠ ᠣᠳᠠᠭ᠎ᠠ ᠣᠯᠠᠭᠠᠨᠬᠤᠳᠠ ᠶᠢᠨ ᠣᠯᠠᠭᠠᠨ ᠰᠢᠷᠦᠢ ᠨᠣᠭᠤᠭᠠᠨ ᠡᠪᠡᠰᠦᠨ ᠲᠡᠭᠡᠷ᠎ᠡ ᠬᠦᠯ ᠬᠢᠰᠬᠢᠵᠡᠢ᠃       ᠲᠤᠬᠯᠠᠯᠲᠠ ᠨᠢ ᠲᠤᠬᠳᠠᠬᠰᠠᠨ ᠴᠠᠬ ᠲᠤ ᠪᠠᠨ ᠶᠠᠪᠤᠬᠳᠠᠵᠦ᠂ ᠰᠢᠨ᠎ᠡ ᠰᠢᠨ᠎ᠡ ᠲᠠᠭᠤᠴᠢᠨ ᠬᠦᠭᠵᠢᠮᠴᠢᠳ ᠨᠢ ᠦᠵᠡᠭᠴᠢᠳ ᠤᠨ ᠠᠩᠬᠠᠷᠣᠯ ᠢ ᠶᠡᠬᠡᠳᠡ ᠲᠠᠳᠠᠵᠣ ᠪᠠᠶᠢᠯ᠎ᠠ᠃ ᠭᠡᠪᠡᠴᠦ ᠣᠯᠠᠨ ᠤ ᠳᠤᠮᠳᠠ ᠲᠣᠮᠳᠠᠳᠣ ᠬᠤᠰᠢᠭᠤᠨ ᠤ ᠣᠯᠠᠭᠠᠨᠮᠦ᠋ᠴᠢᠷ ᠤᠨ ᠪᠦᠯᠬᠦᠮ ᠤᠨ ᠲᠠᠷᠤᠭ᠎ᠠ ᠵᠠᠩ ᠴᠢᠦᠸᠠᠨ ᠨᠦᠬᠦᠷ ᠤᠨ ᠠᠩᠬᠠᠷᠣᠯ ᠢ ᠲᠠᠳᠠᠭᠰᠠᠨ ᠬᠦᠮᠦᠨ ᠪᠣᠯ ᠵᠠᠯᠠᠭᠤ ᠲᠠᠭᠤᠴᠢᠨ ᠲᠡᠭᠡᠷ᠎ᠡ ᠪᠠᠨ ᠬᠦᠭᠵᠢᠮᠴᠢᠨ ᠬᠠᠨ ᠪᠣᠯᠠᠭ ᠨᠦᠬᠦᠷ ᠪᠣᠯᠣᠨ᠎ᠠ᠃ ᠲᠡᠭᠡᠬᠦ ᠪᠠᠷ ᠨᠢ ᠵᠠᠩ ᠴᠢᠦᠸᠠᠨ ᠨᠦᠬᠦᠷ ᠠᠴᠠ ᠬᠠᠨ ᠪᠣᠯᠠᠭ ᠨᠦᠬᠦᠷ ᠢ ᠰᠠᠶᠢᠬᠠᠨ ᠵᠢᠭᠠᠨ ᠵᠢᠯᠣᠭᠤᠳᠴᠣ᠂ ᠰᠣᠷᠭᠠᠨ ᠬᠦᠮᠦᠵᠢᠬᠦᠯᠪᠡᠯ ᠬᠤᠵᠢᠮ ᠶᠣᠰᠣᠳᠠᠢ ᠨᠢᠭᠡᠨ ᠠᠷᠠᠳ ᠤᠨ ᠣᠷᠠᠯᠢᠭᠴᠢᠨ ᠪᠣᠯᠵᠣ ᠴᠢᠳᠠᠨ᠎ᠠ ᠭᠡᠵᠦ ᠦᠪᠡᠷ ᠤᠨ ᠡᠷᠬᠡ ᠦᠭᠡᠢ ᠠᠮᠠᠨ ᠳᠤ ᠪᠠᠨ ᠲᠦᠳᠦᠨᠡᠭᠡᠳ ᠲᠠᠶᠢᠰᠠᠨ ᠤ ᠠᠷᠣ ᠠᠴᠠ ᠬᠠᠨ ᠪᠣᠯᠠᠭ ᠨᠦᠬᠦᠷ ᠢ ᠰᠡᠮᠡᠬᠡᠷ ᠡᠷᠢᠨ ᠤᠴᠢᠵᠦ᠂ ᠵᠠᠩ ᠴᠢᠦᠸᠠᠨ ᠨᠦᠬᠦᠷ ᠠᠴᠠ ᠬᠠᠨ ᠪᠣᠯᠠᠭ ᠲᠠᠢ ᠠᠭᠤᠯᠵᠠᠮᠠᠭᠴᠠ ︽ᠬᠡᠷᠪᠡ ᠬᠢᠭᠡᠳ ᠲᠠ ᠮᠠᠨ ᠤ ᠲᠣᠮᠳᠠᠳᠣ ᠬᠤᠰᠢᠭᠤᠨ ᠤ ᠣᠯᠠᠭᠠᠨᠮᠦ᠋ᠴᠢᠷ ᠲᠤ ᠬᠦᠷᠴᠦ ᠠᠵᠢᠯᠯᠠᠪᠠᠯ ᠶᠣᠰᠣᠳᠠᠢ ᠴᠢᠨᠦᠬᠢ ᠠᠪᠢᠶᠠᠰ ᠪᠢᠯᠢᠭ ᠢ ᠪᠠᠳᠠᠷᠠᠭᠤᠯᠵᠣ ᠴᠢᠳᠠᠬᠤ ᠪᠠᠷ ᠪᠠᠷᠠᠬᠤ ᠦᠭᠡᠢ ᠴᠢᠮ᠎ᠠ ᠶᠢ ᠬᠦᠮᠦᠵᠢᠬᠦᠯᠵᠦ ᠬᠦᠰᠠᠯ ᠵᠣᠷᠢᠯᠳᠠ ᠶᠢ ᠴᠢᠨᠢ ᠪᠡᠶᠡᠯᠡᠬᠦᠯᠵᠦ ᠲᠡᠶᠢᠯᠦᠨ᠎ᠡ︾ ᠭᠡᠵᠦ ᠲᠦᠬᠦᠮ ᠲᠦᠳᠡ ᠪᠣᠯᠪᠠᠴᠣ ᠢᠳᠡᠭᠡᠯ ᠵᠣᠷᠢᠭ ᠲᠠᠢ ᠬᠡᠯᠡᠭᠡᠳ ︽ᠮᠠᠨ ᠤ ᠲᠡᠨᠳᠡ ᠬᠦᠷᠴᠦ ᠠᠵᠢᠯᠯᠠᠬᠤ ᠲᠡᠭᠡᠷ᠎ᠡ ᠲᠣᠯᠪᠠᠯ ᠨᠠᠮ᠎ᠠ ᠶᠢ ᠡᠷᠢᠵᠣ ᠣᠴᠢᠭᠠᠷᠠᠢ︾ ᠭᠡᠵᠦ ᠬᠡᠯᠡᠭᠰᠡᠨ ᠪᠠᠶᠢᠨ᠎ᠠ᠃ ᠲᠡᠭᠡᠭᠡᠳ ᠲᠡᠷᠡ 6 ᠰᠠᠷ᠎ᠠ ᠳᠤ ᠨᠢ ᠲᠣᠮᠳᠠᠳᠣ ᠬᠤᠰᠢᠭᠤᠨ ᠤ ᠣᠯᠠᠭᠠᠨᠮᠦ᠋ᠴᠢᠷ ᠤᠨ ᠵᠠᠩ ᠴᠢᠦᠸᠠᠨ ᠨᠦᠬᠦᠷ ᠢ ᠡᠷᠢᠵᠣ ᠤᠴᠢᠬᠰᠠᠨ ᠪᠠᠶᠢᠨ᠎ᠠ᠂ ᠤᠴᠢᠬᠰᠠᠨ ᠤ ᠲᠠᠷᠣᠢ ᠳᠤ ᠬᠠᠨ ᠪᠤᠯᠠᠬ ᠢ ᠲᠦᠩᠯᠢᠶᠣᠣ ᠬᠤᠳᠠ ᠶᠢᠨ ᠣᠷᠠᠯᠢᠭ ᠤᠨ ᠰᠣᠷᠭᠠᠭᠤᠯᠢ ᠳᠤ ᠡᠷᠳᠡᠮ ᠮᠡᠳᠡᠯᠭᠡ ᠰᠣᠷᠬᠤ ᠪᠠᠷ ᠶᠠᠪᠣᠭᠤᠯᠵᠦ᠂ ᠲᠡᠭᠦᠨ ᠤ ᠲᠠᠭᠤᠴᠢᠨ ᠪᠣᠶᠣ ᠠᠷᠠᠳ ᠤᠨ ᠬᠦᠭᠵᠢᠮᠴᠢᠨ ᠪᠣᠯᠬᠤ ᠠᠩᠬᠠᠨ ᠤ ᠵᠠᠮ ᠢ ᠡᠯᠬᠦᠭᠰᠡᠨ ᠶᠠᠪᠣᠳᠠᠯ ᠪᠣᠯᠣᠨ᠎ᠠ᠃       ᠲᠡᠭᠡᠷ᠎ᠡ ᠵᠠᠭᠤᠨ ᠤ ᠨᠠᠶᠠᠭᠠᠳ ᠣᠨ ᠤ ᠰᠡᠬᠦᠯᠴᠢ ᠶᠡᠷᠡᠭᠡᠳ ᠣᠨ ᠤ ᠡᠬᠢ ᠪᠠᠷ ︽ᠲᠠᠯᠠᠢ ᠳᠤ ᠣᠷᠣᠬᠤ︾ ᠬᠠᠯᠠᠮᠰᠢᠯ ᠣᠷᠣᠰᠬᠠᠯ ᠣᠳᠬ᠎ᠠ ᠣᠷᠠᠯᠢᠭ ᠤᠨ ᠬᠦᠷᠢᠶ᠎ᠡ ᠴᠠᠷ᠎ᠠ ᠶᠢ ᠪᠠᠰᠠ ᠬᠤᠶᠢᠯᠠᠷᠠᠳᠠᠯ᠎ᠠ ᠰᠢᠯᠪᠢᠭᠦᠷᠳᠡᠵᠡᠢ᠃ ᠲᠡᠭᠡᠬᠦ ᠳᠤ ᠲᠣᠮᠳᠠᠳᠣ ᠬᠤᠰᠢᠭᠤᠨ ᠤ ᠣᠯᠠᠭᠠᠨᠮᠦ᠋ᠴᠢᠷ ᠤᠨ ᠬᠢᠨᠢ ᠪᠠᠰᠠ ᠡᠨᠡᠬᠦ ᠣᠷᠣᠰᠬᠠᠯ ᠳᠤ ᠬᠤᠮᠢᠭᠳᠠᠨ ᠣᠷᠣᠬᠤ ᠳᠤ ᠣᠯᠠᠩᠬᠢ ᠲᠠᠭᠤᠴᠢᠨ ᠬᠦᠭᠵᠢᠮᠴᠢᠳ ᠵᠦᠭ ᠵᠦᠭ ᠲᠤ ᠪᠠᠨ ᠪᠣᠳᠠᠷᠠᠵᠠᠢ᠃ ᠭᠡᠪᠡᠴᠦ ᠬᠠᠨ ᠪᠣᠯᠠᠭ ︽ᠲᠠᠯ᠎ᠠ ᠨᠣᠳᠤᠭ ᠤᠨ ᠬᠦᠩᠭᠡᠨ ᠮᠣᠷᠢᠳᠣ ᠴᠡᠷᠢᠭ ᠤᠨ ᠵᠢᠭᠰᠠᠭᠠᠯ︾ ᠢᠶᠠᠨ ᠰᠢᠳᠣᠷᠭᠤ ᠰᠡᠳᠬᠢᠯ᠂ ᠦᠨᠡᠨ ᠬᠠᠶᠢᠷ᠎ᠠ ᠪᠠᠷ ᠢᠶᠠᠨ ᠪᠠᠳᠣ ᠰᠠᠬᠢᠵᠦ ᠦᠯᠡᠳᠡᠭᠰᠡᠨ ᠶᠤᠮ᠃ ᠬᠤᠵᠢᠮ ᠨᠢ ᠠᠶᠢᠮᠠᠭ ᠤᠨ ᠣᠯᠠᠭᠠᠨᠮᠦ᠋ᠴᠢᠷ ᠤᠨ ᠨᠡᠷᠡᠳᠣ ᠬᠦᠭᠵᠢᠮᠴᠢᠨ ᠠᠭᠤᠯᠠ ᠪᠠᠭᠰᠢ ᠶᠢᠨ ᠵᠤᠷᠢᠬᠵᠢᠭᠤᠯᠤᠯ ᠳᠤᠤᠷ᠎ᠠ ᠬᠠᠨ ᠪᠣᠯᠠᠭ ᠨᠣᠮ ᠵᠣᠬᠢᠶᠠᠯ ᠣᠷᠪᠠᠭᠤᠯᠵᠣ᠂ ᠰᠣᠷᠴᠣ ᠰᠣᠳᠣᠯᠬᠤ ᠶᠢᠨ ᠲᠠᠭᠠᠤ ᠵᠣᠬᠢᠶᠠᠨ ᠪᠦᠳᠦᠭᠡᠵᠦ ᠡᠬᠢᠯᠡᠪᠡ᠃ ︽ᠴᠢᠷᠮᠠᠶᠢᠯᠭ᠎ᠠ ᠬᠦᠮᠦᠨ ᠢ ᠭᠤᠮᠤᠳᠠᠭᠠᠬᠤ ᠦᠭᠡᠢ︾ ᠭᠡᠳᠡᠭᠴᠢᠯᠡᠨ ᠲᠡᠷᠡ ᠬᠠᠭᠠᠰ ᠵᠢᠯ ᠤᠨ ᠴᠠᠬ ᠢ ᠬᠡᠷᠡᠭᠰᠡᠨ ᠲᠡᠬᠦᠨ ᠤ ᠠᠩᠬᠠᠨ ᠤ ᠪᠦᠳᠦᠭᠡᠯ ︽ᠦᠯᠦᠭᠡᠢ ᠨᠣᠳᠤᠭ — ᠡᠨᠡᠷᠢᠯᠳᠦ ᠡᠵᠢ︾ ᠪᠠᠨ ᠦᠭᠡ ᠠᠶ᠎ᠠ ᠲᠠᠢ ᠨᠢ ᠵᠣᠬᠢᠶᠠᠨ ᠪᠦᠳᠦᠭᠡᠵᠦ ᠭᠠᠷᠭᠠᠭᠰᠠᠨ ᠪᠠᠶᠢᠨ᠎ᠠ᠃ ᠡᠨᠡᠬᠦ ᠪᠦᠳᠦᠭᠡᠯ ᠢᠶᠠᠨ ︽ᠬᠢᠩᠭᠠᠨ ᠠᠶᠢᠮᠠᠭ ᠤᠨ ᠣᠯᠠᠭᠠᠨᠮᠦ᠋ᠴᠢᠷ ᠤᠨ ᠣᠷᠠᠯᠢᠭ ᠤᠨ ᠲᠣᠭᠯᠠᠯᠳᠠ︾ ᠲᠡᠭᠡᠷ᠎ᠡ ᠦᠪᠡᠷᠳᠡᠭᠡᠨ ᠲᠠᠭᠤᠯᠠᠭᠠᠳ ᠬᠤᠶᠠᠳᠣᠭᠠᠷ ᠨᠡᠷᠡᠰ ᠲᠤ ᠲᠣᠳᠣᠷᠠᠭᠰᠠᠨ ᠪᠠᠶᠢᠨ᠎ᠠ᠃ ᠲᠡᠭᠡᠭᠡᠳ ᠲᠡᠷᠡ ᠲᠣᠣᠷ᠎ᠠ ᠨᠢ ᠨᠡᠶᠢᠭᠡᠮ ᠨᠡᠶᠢᠳᠡ ᠳᠤ ᠰᠠᠶᠢᠨ ᠰᠠᠶᠢᠬᠠᠨ ᠨᠦᠯᠦᠭᠡ ᠲᠣᠰᠬᠠᠯ ᠭᠠᠷᠴᠦ᠂ ᠲᠣᠬᠠᠢ ᠶᠢᠨ ᠦᠶ᠎ᠡ ᠶᠢᠨ ᠬᠢᠩᠭᠠᠨ ᠠᠶᠢᠮᠠᠭ ᠤᠨ ᠬᠠᠯᠠᠮᠰᠢᠯ ᠲᠠᠭᠤᠣ ᠶᠢᠨ ᠨᠢᠭᠡ ᠨᠢ ᠪᠣᠯᠣᠭᠰᠠᠨ ᠪᠠᠶᠢᠨ᠎ᠠ᠃ ᠡᠨᠡᠬᠦ ᠦᠩᠭᠡ ᠭᠡᠷᠡᠯ ᠪᠠ ᠢᠷᠠᠭᠤ ᠠᠯᠳᠠᠷ ᠨᠢ ᠵᠠᠯᠠᠭᠤ ᠲᠠᠭᠤᠴᠢᠨ ᠬᠠᠨ ᠪᠣᠯᠠᠭ ᠨᠦᠬᠦᠷ ᠲᠤ ᠬᠢᠵᠠᠭᠠᠯᠠᠰᠢ ᠦᠭᠡᠢ ᠬᠦᠴᠦᠨ ᠵᠣᠷᠢᠭ ᠪᠠ ᠢᠳᠡᠭᠡᠯ ᠬᠦᠴᠦᠨ ᠢ ᠣᠯᠭᠤᠵᠣ ᠦᠭᠬᠦᠭᠰᠡᠨ ᠪᠠᠶᠢᠨ᠎ᠠ᠃       ᠬᠤᠵᠢᠮ ᠨᠢ ᠨᠡᠩ ᠤᠯᠠᠨ ᠠᠷᠪᠢᠨ ᠨᠡᠷᠡᠳᠣ ᠪᠦᠳᠦᠭᠡᠯ ︽ᠬᠤᠭᠤᠷ ᠤᠨ ᠦᠯᠢᠭᠡᠷ︾᠂ ︽ᠠᠯᠣᠰ ᠲᠡᠷᠳᠡᠭᠡ ᠨᠣᠳᠤᠭ︾᠂ ︽ᠵᠢᠷᠦᠬᠡᠨ ᠤ ᠵᠦᠩᠨᠡᠯ︾᠂ ︽ᠴᠢᠨ᠋ᠸ᠎ᠠ ᠶᠢᠨ ᠤᠯᠢᠯᠳᠠ︾᠂ ︽ᠠᠷᠤᠭ︾᠂ ︽ᠮᠣᠷᠢᠨ ᠨᠢᠷᠣᠭᠤᠨ ᠲᠡᠭᠡᠷᠡᠬᠢ ᠬᠤᠪᠢ ᠪᠠᠷᠢᠯᠳᠣᠯᠭ᠎ᠠ︾ ᠁ ᠭᠡᠬᠦ ᠮᠡᠲᠦ ᠶᠢᠨ ᠪᠦᠲᠦᠭᠡᠯ ᠲᠠᠢ ᠪᠤᠯᠵᠠᠢ᠂ ᠨᠡᠩ ᠲᠡᠬᠦᠨ ᠤ ᠣᠯᠠᠭᠠᠨᠮᠦ᠋ᠴᠢᠷ ᠲᠤ ᠦᠵᠡᠬᠦᠯᠦᠭᠰᠡᠨ ᠠᠴᠢ ᠭᠠᠪᠢᠶ᠎ᠠ ᠨᠢ ᠭᠡᠪᠡᠯ ᠬᠤᠭᠤᠷ ᠤᠨ ᠦᠯᠢᠭᠡᠷ ᠢ ᠲᠠᠶᠢᠰᠠᠨ ᠤ ᠣᠷᠠᠯᠢᠭ ᠪᠣᠯᠭᠠᠭᠰᠠᠨ ᠳᠤ ᠣᠷᠣᠰᠢᠨ᠎ᠠ᠃ ᠣᠴᠢᠷ ᠨᠢ ᠬᠤᠷᠴᠢᠨ ᠨᠣᠳᠤᠭ ᠤᠨ ᠦᠯᠢᠭᠡᠷ ᠬᠡᠯᠡᠬᠦ ᠳᠤ ᠡᠷᠳᠡ ᠣᠵᠣᠭᠤᠷ ᠠᠴᠠ ᠪᠠᠨ ᠠᠪᠣᠭᠠᠳ ᠬᠠᠨᠵᠣᠨ ᠲᠡᠭᠡᠷ᠎ᠡ ᠣᠯᠪᠣᠭ ᠲᠡᠪᠢᠰᠦᠨ ᠰᠠᠭᠤᠭᠠᠠᠳ ᠬᠤᠭᠤᠷᠴᠢ ᠠᠴᠠ ᠬᠤᠭᠤᠷ ᠤᠨ ᠦᠯᠢᠭᠡᠷ ᠢᠶᠠᠨ ᠢᠳᠡ ᠲᠠᠢ ᠲᠡᠭᠡᠷ᠎ᠡ ᠪᠠᠨ ᠰᠢᠳᠢ ᠲᠠᠢ ᠶᠠᠪᠣᠭᠤᠯᠳᠠᠭ ᠪᠠᠶᠢᠭᠰᠠᠨ ᠶᠤᠮ᠃ ᠣᠳᠣ ᠪᠣᠯᠬᠤ ᠳᠤ ᠬᠤᠭᠤᠷ ᠤᠨ ᠦᠯᠢᠭᠡᠷ ᠢ ᠣᠷᠠᠯᠢᠭ ᠤᠨ ᠲᠠᠶᠢᠰᠠᠨ ᠲᠡᠭᠡᠷ᠎ᠡ ᠲᠣᠭᠯᠠᠬᠤ ᠨᠢ ᠬᠤᠷᠴᠢᠨ ᠨᠣᠳᠤᠭ ᠤᠨ ᠣᠯᠠᠭᠠᠨᠮᠦ᠋ᠴᠢᠷ ᠤᠨ ᠴᠢᠬᠤᠯᠠ ᠨᠢᠭᠡᠨ ᠠᠭᠤᠯᠭ᠎ᠠ ᠪᠣᠯᠣᠭᠰᠠᠨ ᠢᠶᠠᠷ ᠪᠠᠷᠠᠬᠤ ᠦᠭᠡᠢ ᠰᠢᠭᠤᠳ ᠬᠤᠰᠢᠭᠤ ᠨᠣᠳᠤᠭ ᠪᠣᠶᠣ ᠠᠶᠢᠮᠠᠭ ᠤᠨ ᠴᠠᠭᠠᠨ ᠰᠠᠷ᠎ᠠ ᠶᠢᠨ ᠦᠳᠡᠰᠢᠯᠡᠭᠡ ᠲᠡᠭᠡᠷ᠎ᠡ ᠡᠷᠬᠦᠨ ᠲᠡᠪᠰᠢᠬᠦᠯᠵᠦ ᠪᠠᠶᠢᠨ᠎ᠠ᠃       ᠬᠦᠯᠦᠰᠦᠨ ᠲᠣᠰᠣᠯ ᠤᠨ ᠬᠠᠷᠢᠭᠤ ᠬᠦᠢᠰ ᠬᠦᠢᠰ ᠴᠡᠴᠡᠭ ᠲᠡᠯᠭᠡᠷᠡᠨ᠎ᠡ       ᠬᠠᠨ ᠪᠣᠯᠠᠭ ᠨᠦᠬᠦᠷ ᠤᠨ ᠠᠮᠵᠢᠯᠳᠠ ᠪᠦᠳᠦᠭᠡᠯ ᠪᠣᠯ ᠠᠩᠭᠠᠶᠢᠵᠣ ᠰᠠᠭᠤᠵᠣ᠂ ᠲᠠᠩᠭᠠᠶᠢᠨ ᠬᠡᠪᠳᠡᠵᠣ ᠪᠠᠶᠢᠭᠠᠳ ᠣᠯᠵᠣ ᠢᠷᠡᠭᠰᠡᠨ ᠦᠩᠭᠡ ᠭᠡᠷᠡᠯ ᠪᠠ ᠢᠷᠠᠭᠤ ᠠᠯᠳᠠᠷ ᠪᠢᠰᠢ ᠶᠤᠮ᠃ ︽ᠣᠷᠣᠯᠳᠣᠯᠭ᠎ᠠ ᠬᠦᠮᠦᠨ ᠳᠤ ᠣᠰᠣᠯᠳᠠᠬᠤ ᠦᠭᠡᠢ᠂ ᠴᠢᠷᠮᠠᠶᠢᠯᠭ᠎ᠠ ᠬᠦᠮᠦᠨ ᠢ ᠭᠤᠮᠣᠳᠠᠭᠠᠬᠤ ᠦᠭᠡᠢ︾ ᠭᠡᠳᠡᠭᠴᠢᠯᠡᠨ ᠬᠠᠨ ᠪᠣᠯᠠᠭ ᠰᠢᠷᠭᠠᠭᠤ ᠬᠠᠳᠠᠭᠤᠵᠢᠯᠲᠠᠢ ᠪᠠᠷ ᠵᠣᠬᠢᠶᠠᠨ ᠪᠦᠳᠦᠭᠡᠭᠰᠡᠭᠡᠷ ᠨᠢᠭᠡ ᠮᠡᠳᠡᠬᠦ ᠳᠤ ᠰᠠᠨᠴᠢᠭ ᠤᠨ ᠦᠰᠦᠨ ᠳᠤ ᠨᠢ ᠴᠠᠭ ᠤᠨ ᠬᠢᠷᠠᠭᠤ ᠪᠠᠭᠤᠵᠣ᠂ ᠰᠠᠷᠠᠭᠤᠯ ᠮᠠᠩᠨᠠᠢ ᠲᠡᠭᠡᠷ᠎ᠡ ᠨᠢ ᠠᠳᠣᠷᠢᠶ᠎ᠠ ᠰᠠᠭᠤᠭᠰᠠᠨ ᠶᠤᠮ᠂ ᠭᠡᠪᠡᠴᠦ ᠤᠳᠤᠬᠠᠨ ᠳᠤ ᠨᠢᠭᠡᠨᠳᠡ ᠠᠶᠢᠮᠠᠭ ᠣᠷᠣᠨ ᠴᠢᠨᠠᠭᠰᠢᠯᠠᠨ ᠪᠦᠬᠦ ᠣᠯᠣᠰ ᠲᠤ ᠠᠯᠳᠠᠷ ᠨᠡᠷ᠎ᠡ ᠪᠠᠨ ᠲᠠᠭᠤᠷᠢᠰᠣᠭᠤᠯᠣᠭᠰᠠᠨ ᠬᠦᠮᠦᠨ ᠪᠣᠯᠴᠢᠬᠠᠭᠰᠠᠨ ᠪᠠᠶᠢᠵᠠᠢ᠃       ︽ᠬᠦᠯᠦᠰᠦᠨ ᠲᠣᠰᠣᠯ ᠤᠨ ᠬᠠᠷᠢᠭᠤ ᠬᠦᠢᠰ ᠬᠦᠢᠰ ᠴᠡᠴᠡᠭ ᠲᠡᠯᠭᠡᠷᠡᠨ᠎ᠡ︾ ᠭᠡᠳᠡᠭᠴᠢᠯᠡᠨ ᠲᠡᠷᠡ ᠰᠢᠷᠭᠠᠭᠤ ᠠᠵᠢᠯᠯᠠᠵᠦ ᠶᠠᠪᠤᠬᠰᠠᠨ ᠤ ᠬᠠᠷᠢᠭᠤ ᠳᠤ ᠦᠷᠭᠡᠨ ᠤᠯᠠᠨ ᠤ ᠪᠠᠨ ᠬᠦᠷᠢᠶᠡᠯᠡᠯ ᠢ ᠬᠦᠷᠲᠡᠵᠦ᠂ ᠠᠯᠢ ᠤᠯᠠᠨ ᠢᠷᠠᠭᠤ ᠠᠯᠳᠠᠷ ᠢᠶᠠᠷ ᠡᠩᠭᠡᠷ ᠢᠶᠠᠨ ᠮᠢᠯᠢᠶᠠᠯᠭᠠᠬᠰᠠᠨ ᠪᠠᠶᠢᠨ᠎ᠠ᠃ ᠲᠡᠷᠡ ᠤᠷᠢᠳ ᠬᠤᠵᠢᠳ 1988 ᠣᠨ ᠳᠤ ᠬᠢᠩᠭᠠᠨ ᠠᠶᠢᠮᠠᠭ ᠤᠨ ᠣᠯᠠᠭᠠᠨᠮᠦ᠋ᠴᠢᠷ ᠤᠨ ᠣᠷᠠᠨ ᠰᠠᠶᠢᠬᠠᠨ ᠤ ᠲᠣᠭᠯᠠᠯᠳᠠ ᠳᠤ ︽ᠲᠡᠷᠡ ᠨᠢᠭᠡᠨ ᠦᠳᠡᠰᠢ︾ ᠭᠡᠬᠦ ᠲᠠᠭᠤᠤ ᠠᠶ᠎ᠠ ᠪᠠᠷ ᠢᠶᠠᠨ ᠵᠣᠬᠢᠶᠠᠨ ᠪᠦᠳᠦᠭᠡᠭᠰᠡᠨ ᠲᠡᠷᠢᠬᠦᠨ ᠱᠠᠩᠨᠠᠯ ᠢ ᠲᠣᠰᠴᠠᠢ᠃ 2010 ᠣᠨ ᠳᠤ ᠲᠡᠬᠦᠨ ᠤ ᠪᠦᠳᠦᠭᠡᠭᠰᠡᠨ ︽ᠦᠯᠢᠭᠡᠷ ᠰᠢᠩᠭᠡᠭᠰᠡᠨ ᠬᠠᠶᠢᠷ᠎ᠠ︾ ᠭᠡᠬᠦ ᠲᠦᠷᠪᠡᠨ ᠣᠳᠠᠰᠣᠳᠣ ᠬᠤᠭᠤᠷ ᠤᠨ ᠬᠦᠭᠵᠢᠮ ᠨᠢ ᠪᠦᠬᠦ ᠣᠯᠣᠰ ᠤᠨ ᠨᠠᠢᠮᠠᠨ ᠮᠣᠵᠢ ᠣᠷᠣᠨ ᠤ ᠬᠦᠭᠵᠢᠮ ᠤᠨ ᠣᠷᠣᠯᠳᠣᠭᠠᠨ ᠳᠤ ᠠᠯᠳᠠᠨ ᠮᠧᠳᠠᠯ ᠲᠣᠰᠴᠠᠢ᠃ 2012 ᠣᠨ ᠳᠤ ᠪᠦᠳᠦᠭᠡᠭᠰᠡᠨ ︽ᠪᠠᠶᠠᠰᠣᠯ︾ ᠭᠡᠬᠦ ᠬᠤᠭᠤᠷ ᠤᠨ ᠠᠶ᠎ᠠ ᠨᠢ ᠪᠦᠬᠦ ᠣᠯᠣᠰ ᠤᠨ ᠨᠠᠢᠮᠠᠨ ᠮᠣᠵᠢ ᠣᠷᠣᠨ ᠤ ᠲᠣᠰᠬᠠᠢ ᠲᠣᠭᠤᠶᠢᠯᠠᠩ ᠤᠨ ᠲᠡᠷᠢᠬᠦᠨ ᠨᠡᠷᠡᠰ ᠢ ᠠᠪᠴᠠᠢ᠃ 2012 ᠣᠨ ᠳᠤ ᠵᠣᠬᠢᠶᠠᠨ ᠪᠦᠳᠦᠭᠡᠭᠰᠡᠨ ︽ᠠᠷᠤᠭ︾ ᠭᠡᠳᠡᠭ ᠪᠦᠵᠢᠭ ᠨᠢ ᠪᠦᠬᠦ ᠣᠷᠣᠨ ᠤ ᠠᠷᠪᠠᠨ ᠨᠢᠭᠡᠳᠦᠭᠡᠷ ᠬᠤᠭᠤᠴᠠᠭᠠᠨ ᠤ ᠣᠶᠣᠨ ᠤ ᠪᠣᠯᠪᠠᠰᠣᠨ ᠤ ᠪᠠᠶᠢᠭᠤᠯᠣᠯᠳᠠ ᠶᠢᠨ ︽ᠲᠠᠪᠦ‍ ᠨᠢᠭᠡ ᠢᠨᠵᠧᠨᠧᠷᠢᠩ︾ ᠤᠨ ᠱᠠᠩᠨᠠᠯ ᠲᠤᠰᠤᠬᠰᠠᠨ ᠪᠠᠶᠢᠨ᠎ᠠ᠃ 2014 ᠣᠨ ᠳᠤ ᠵᠣᠬᠢᠶᠠᠨ ᠪᠦᠳᠦᠭᠡᠭᠰᠡᠨ ︽ᠬᠤᠭᠤᠷ ᠤᠨ ᠡᠭᠡᠰᠢᠭ︾ ᠭᠡᠳᠡᠭ ᠪᠦᠵᠢᠭ ᠨᠢ ᠪᠦᠬᠦ ᠣᠷᠣᠨ ᠤ ᠠᠷᠪᠠᠨ ᠬᠤᠶᠠᠳᠣᠭᠠᠷ ᠬᠤᠭᠤᠴᠠᠭᠠᠨ ᠤ ᠣᠶᠣᠨ ᠤ ᠪᠣᠯᠪᠠᠰᠣᠨ ᠤ ᠪᠠᠶᠢᠭᠤᠯᠣᠯᠳᠠ ᠶᠢᠨ ︽ᠲᠠᠪᠦ‍ ᠨᠢᠭᠡ ᠢᠨᠵᠧᠨᠧᠷᠢᠩ︾ ᠤᠨ ᠱᠠᠩᠨᠠᠯ ᠢ ᠲᠣᠰᠴᠠᠢ᠃ 2018 ᠣᠨ ᠳᠤ ᠲᠣᠮᠳᠠᠳᠣ ᠣᠯᠣᠰ ᠤᠨ ᠬᠤᠷᠴᠢᠨ ᠠᠷᠠᠳ ᠤᠨ ᠲᠠᠭᠤᠣ᠂ ᠦᠯᠢᠭᠡᠷ ᠤᠨ ᠣᠷᠣᠯᠳᠣᠭᠠᠨ ᠳᠤ ᠲᠡᠬᠦᠨ ᠤ ᠲᠠᠭᠤᠯᠠᠭᠰᠠᠨ ︽ᠦᠯᠢᠭᠡᠷ ᠬᠠᠮᠳᠣᠯᠢᠭ︾ ᠨᠢ ᠲᠡᠷᠢᠬᠦᠨ ᠱᠠᠩᠨᠠᠯ ᠢ ᠰᠢᠭᠦᠷᠡᠭᠰᠡᠨ ᠪᠠᠶᠢᠨ᠎ᠠ᠃       ᠣᠷᠳᠣ ᠶᠢᠨ ᠦᠵᠦᠬᠦᠷ᠎ᠡ ᠬᠦᠨ ᠤ ᠢᠷᠣᠭᠠᠷ᠎ᠠ       ᠬᠠᠨ ᠪᠣᠯᠠᠭ ᠨᠦᠬᠦᠷ ᠦᠪᠡᠷ ᠤᠨ ᠲᠣᠰᠬᠠᠢ ᠠᠵᠢᠯ ᠤᠨ ᠲᠠᠯ᠎ᠠ ᠪᠠᠷ ᠵᠣᠬᠢᠬᠤ ᠬᠡᠮᠵᠢᠶᠡᠨ ᠤ ᠠᠮᠵᠢᠯᠳᠠ ᠣᠯᠣᠭᠰᠠᠨ ᠢᠶᠠᠷ ᠪᠠᠷᠠᠬᠤ ᠦᠭᠡᠢ ᠦᠪᠡᠷ ᠤᠨ ᠣᠯᠣᠰ ᠲᠦᠷᠦ ᠦᠵᠡᠯ ᠰᠠᠨᠠᠭᠠᠨ ᠤ ᠪᠠᠨ ᠰᠣᠷᠣᠯᠴᠠᠯᠭ᠎ᠠ ᠪᠠᠨ ᠴᠢᠩᠭ᠎ᠠ ᠠᠳᠬᠤᠭᠰᠠᠨ ᠠᠴᠠ ᠨᠢᠭᠡᠨᠳᠡ ᠡᠯ᠎ᠡ ᠲᠠᠯ᠎ᠠ ᠶᠢᠨ ᠬᠡᠪ ᠪᠣᠯᠪᠠᠰᠣᠷᠠᠯ ᠨᠢ ᠮᠡᠳᠡᠭᠳᠡᠮ᠎ᠠ ᠲᠡᠭᠡᠭᠰᠢᠯᠡᠭᠰᠡᠨ ᠪᠠᠶᠢᠨ᠎ᠠ ᠃ ᠡᠨᠡ ᠨᠢ ᠬᠤᠰᠢᠭᠤᠨ ᠤ ᠨᠠᠮ ᠤᠨ ᠬᠤᠷᠢᠶ᠎ᠠ ᠪᠣᠯᠣᠨ ᠵᠠᠰᠠᠭ ᠤᠨ ᠣᠷᠳᠣᠨ ᠤ ᠤᠳᠤᠷᠢᠳᠤᠯᠭ᠎ᠠ ᠨᠠᠷ ᠤᠨ ᠠᠩᠬᠠᠷᠣᠯ ᠢ ᠲᠠᠳᠠᠭᠰᠠᠨ ᠪᠠᠶᠢᠨ᠎ᠠ᠃ ᠲᠡᠭᠡᠭᠡᠳ ᠠᠬᠠᠮᠠᠳ ᠪᠦᠯᠬᠦᠮ ᠤᠨ ᠲᠠᠷᠤᠭ᠎ᠠ ᠨᠢ ᠠᠵᠢᠯ ᠤᠨ ᠠᠮᠠᠷᠠᠯᠳᠠ ᠠᠪᠬᠤ ᠴᠠᠭ ᠪᠣᠯᠣᠭᠰᠠᠨ ᠲᠣᠯᠠ ᠬᠤᠰᠢᠭᠤᠨ ᠤ ᠰᠣᠶᠣᠯ ᠪᠡᠶ᠎ᠠ ᠲᠠᠮᠢᠷ ᠤᠨ ᠲᠣᠪᠴᠢᠶ᠎ᠠ ᠶᠢᠨ ᠬᠠᠮᠢᠶ᠎ᠠ ᠪᠦᠬᠦᠢ ᠣᠳᠣᠷᠢᠳᠣᠯᠭ᠎ᠠ ᠨᠠᠷ ᠬᠠᠨ ᠪᠣᠯᠠᠭ ᠢ ᠡᠷᠢᠵᠣ ᠣᠯᠠᠭᠠᠨᠮᠦ᠋ᠴᠢᠷ ᠤᠨ ᠲᠠᠷᠤᠭ᠎ᠠ ᠶᠢᠨ ᠡᠬᠦᠷᠭᠡ ᠶᠢ ᠲᠠᠭᠠᠭᠠᠯᠭᠠᠬᠤ ᠪᠠᠷ ᠪᠣᠯᠵᠠᠢ᠃ 2011 ᠣᠨ ᠳᠤ᠂ ᠬᠠᠨ ᠪᠣᠯᠠᠭ ᠣᠳᠣᠷᠢᠳᠣᠯᠭ᠎ᠠ ᠨᠠᠷ ᠤᠨ ᠢᠳᠡᠭᠡᠯ ᠢ ᠬᠦᠰᠡᠷᠳᠡᠬᠦᠯᠵᠦ ᠪᠣᠯᠬᠤ ᠦᠭᠡᠢ ᠮᠦᠷᠲᠡᠭᠡᠨ ᠲᠣᠮᠳᠠᠳᠣ ᠬᠤᠰᠢᠭᠤ ᠶᠢᠨ ᠣᠯᠠᠭᠠᠨᠮᠦ᠋ᠴᠢᠷ ᠤᠨ ᠢᠷᠡᠭᠡᠳᠦᠢ ᠶᠢᠨ ᠲᠣᠬᠠᠢ ᠪᠤᠳᠤᠵᠦ ᠢᠳᠡᠭᠡᠯ ᠲᠦᠭᠦᠷᠡᠩ ᠬᠦᠯᠢᠶᠡᠨ ᠠᠪᠣᠭᠰᠠᠨ ᠪᠠᠶᠢᠨ᠎ᠠ᠃       ᠲᠡᠬᠦᠨ ᠤ ᠲᠡᠷᠢᠬᠦᠨ ᠳᠤ ᠬᠢᠭᠰᠡᠨ ᠠᠵᠢᠯ ᠨᠢ ᠣᠯᠣᠰ ᠲᠦᠷᠦ ᠶᠢᠨ ᠰᠣᠷᠣᠯᠴᠠᠯᠭ᠎ᠠ ᠪᠣᠯᠣᠨ᠎ᠠ᠃ ᠣᠴᠢᠷ ᠨᠢ ᠣᠯᠣᠰ ᠲᠦᠷᠦ ᠶᠢᠨ ᠦᠵᠡᠯ ᠰᠠᠨᠠᠭᠠᠨ ᠤ ᠪᠠᠳᠣ ᠵᠣᠭᠰᠣᠯᠳᠠ ᠨᠢ ᠬᠦᠮᠦᠰ ᠢ ᠭᠤᠶᠢᠪᠢᠰᠢ ᠦᠭᠡᠢ ᠬᠠᠳᠠᠨ ᠵᠣᠷᠢᠭ ᠲᠠᠢ ᠪᠣᠯᠭᠠᠨ ᠬᠦᠮᠦᠵᠢᠬᠦᠯᠬᠦ ᠪᠠᠷ ᠪᠠᠷᠠᠬᠤ ᠦᠭᠡᠢ ᠬᠢᠵᠠᠭᠠᠯᠠᠰᠢ ᠦᠭᠡᠢ ᠬᠦᠰᠡᠯ ᠢᠷᠡᠭᠡᠳᠦᠢ ᠲᠠᠢ ᠪᠣᠯᠭᠠᠳᠠᠭ ᠶᠤᠮ᠃ ᠡᠨᠡ ᠨᠢ ᠠᠬᠠᠮᠠᠳ ᠣᠷᠠᠯᠢᠭᠴᠢᠨ ᠳᠤ ᠲᠣᠬᠢᠷᠠᠬᠤ ᠪᠠᠷ ᠪᠠᠷᠠᠬᠤ ᠦᠭᠡᠢ ᠨᠡᠩ ᠵᠠᠯᠠᠭᠤᠴᠣᠳ ᠲᠤ ᠠᠪᠴᠣ ᠬᠡᠯᠡᠪᠡᠯ ᠬᠠᠮᠤᠭ ᠴᠢᠬᠤᠯᠠ ᠶᠠᠪᠣᠳᠠᠯ ᠪᠣᠯᠤᠨ᠎ᠠ᠃ ᠲᠡᠬᠡᠭᠡᠳ ᠬᠠᠨ ᠪᠣᠯᠠᠭ ᠨᠦᠬᠦᠷ ᠠᠴᠠ ᠣᠯᠣᠰ ᠲᠦᠷᠦ ᠦᠵᠡᠯ ᠰᠠᠨᠠᠭᠠᠨ ᠤ ᠬᠦᠮᠦᠵᠢᠯ ᠬᠢᠬᠦ ᠠᠴᠠ ᠭᠠᠳᠠᠨ᠎ᠠ ᠣᠯᠠᠭᠠᠨᠮᠦ᠋ᠴᠢᠷ ᠤᠨ ᠲᠣᠳᠣᠭᠠᠳᠣᠬᠢ ᠲᠦᠷᠢᠮ ᠲᠣᠭᠳᠠᠭᠠᠯ ᠢᠶᠠᠨ ᠨᠠᠷᠢᠨ ᠨᠢᠮᠪᠠᠢ ᠲᠣᠭᠳᠠᠭᠠᠵᠣ᠂ ᠨᠠᠷᠢᠨ ᠨᠢᠭᠳᠠ ᠬᠡᠷᠡᠭᠵᠢᠬᠦᠯᠦᠭᠰᠡᠨ ᠠᠴᠠ ᠭᠡᠰᠢᠭᠦᠳ ᠠᠶᠠᠨᠳᠠᠭᠠᠨ ᠬᠠᠨ ᠪᠣᠯᠠᠭ ᠨᠦᠬᠦᠷ ᠤᠨ ᠬᠠᠪᠢ ᠳᠤ ᠪᠦᠭᠡᠮᠨᠡᠷᠡᠨ ᠪᠦᠯᠬᠦᠮᠳᠡᠵᠣ ᠢᠷᠡᠭᠡᠳ ᠡᠷᠴᠢᠮᠳᠠᠢ ᠲᠡᠭᠡᠰᠦ᠂ ᠡᠷ᠎ᠡ ᠶᠢᠨ ᠬᠠᠳᠠᠭᠤ ᠨᠢᠳᠣᠷᠭ᠎ᠠ ᠪᠣᠯᠵᠣ ᠢᠷᠡᠵᠡᠢ᠃       ᠡᠭᠦᠨ ᠤ ᠬᠠᠮᠲᠦ ᠲᠡᠷᠡ ᠣᠯᠠᠭᠠᠨᠮᠦ᠋ᠴᠢᠷ ᠤᠨ ᠪᠦᠬᠦ ᠭᠡᠰᠢᠬᠦᠳ ᠢᠶᠠᠨ ᠳᠠᠭᠠᠭᠤᠯᠦᠨ ᠨᠢᠭᠡ ᠵᠢᠯ ᠵᠠᠭᠤ ᠭᠠᠷᠣᠢ ᠣᠳᠠᠭ᠎ᠠ ᠬᠦᠳᠡᠭᠡ ᠪᠠᠭᠤᠵᠣ ᠲᠣᠭᠯᠠᠯᠳᠠ ᠭᠠᠷᠭᠠᠵᠣ᠂ ᠨᠢᠭᠡ ᠡᠳᠦᠷ ᠵᠠᠷᠢᠮ ᠳᠤ ᠪᠠᠨ ᠲᠦᠷᠪᠡ ᠣᠳᠠᠭ᠎ᠠ ᠲᠣᠭᠯᠠᠯᠳᠠ ᠭᠠᠷᠭᠠᠭᠰᠠᠨ ᠣᠳᠠᠭ᠎ᠠ ᠴᠦ ᠪᠣᠢ᠃       ︽ᠮᠠᠨ ᠤ ᠲᠣᠭᠯᠠᠯᠳᠠ ᠭᠠᠷᠭᠠᠵᠣ ᠪᠠᠶᠢᠭ᠎ᠠ ᠵᠣᠷᠢᠯᠭ᠎ᠠ ᠪᠣᠯ ᠡᠳ᠋ ᠪᠣᠳᠠᠰ ᠢᠶᠠᠷ ᠪᠠᠶᠠᠨ ᠴᠢᠨᠡᠭᠡᠯᠢᠭ ᠬᠦᠮᠦᠰ ᠢ ᠰᠡᠳᠬᠢᠯ ᠰᠠᠨᠠᠭ᠎ᠠ ᠬᠠᠨᠭ᠍ᠭᠠᠮᠵᠢᠳᠠᠢ ᠶᠠᠪᠤᠭᠤᠯᠬᠤ ᠶᠢᠨ ᠲᠦᠯᠦᠭᠡ᠂ ᠡᠷᠬᠡᠪᠰᠢ ᠣᠶᠣᠨ ᠰᠠᠨᠠᠭᠠᠨ ᠤ ᠲᠠᠯ᠎ᠠ ᠪᠠᠷ ᠪᠠᠰᠠ ᠦᠶᠦᠭ ᠴᠠᠳᠬᠤᠯᠠᠩ ᠪᠠᠶᠠᠨ ᠴᠢᠨᠡᠭᠡᠯᠢᠭ ᠶᠠᠪᠣᠪᠠᠯ ᠰᠠᠶ᠋ᠢ ᠨᠡᠶᠢᠭᠡᠮ ᠵᠢᠷᠣᠮᠳᠣ ᠰᠢᠨ᠎ᠡ ᠴᠠᠭ ᠡᠷᠢᠨ ᠤ ᠣᠷᠣᠭᠰᠢᠯᠠᠯᠳᠠ ᠬᠦᠭᠵᠢᠯᠳᠡ ᠶᠢᠨ ᠠᠯᠬᠤᠮ ᠢ ᠲᠠᠭᠠᠵᠣ ᠬᠦᠢᠴᠡᠨ᠎ᠡ᠃ ᠰᠢᠨ᠎ᠡ ᠴᠠᠭ ᠡᠷᠢᠨ ᠤ ᠬᠦᠭ ᠠᠶᠠᠰ ᠢᠶᠠᠷ ᠠᠮᠢᠳᠣᠷᠠᠵᠣ ᠲᠡᠮᠡᠴᠡᠵᠣ ᠴᠢᠳᠠᠨ᠎ᠠ᠃ ᠡᠶᠢᠮᠤ ᠠᠴᠠ ᠪᠢᠳᠡ ᠬᠠᠮᠳᠣ ᠪᠠᠷ ᠦᠵᠡᠯ ᠰᠠᠨᠠᠭ᠎ᠠ ᠪᠠᠨ ᠨᠢᠭᠡᠳᠭᠡᠵᠦ᠂ ᠠᠯᠬᠤᠮ ᠢᠶᠠᠨ ᠨᠢᠭᠡᠳᠭᠡᠵᠦ᠂ ᠲᠠᠭᠤᠨ ᠬᠤᠭᠤᠯᠠᠢ ᠪᠠᠨ ᠨᠢᠭᠡᠳᠭᠡᠵᠦ ᠰᠢᠨ᠎ᠡ ᠡᠷᠢᠨ ᠤ ᠰᠠᠷᠠᠭᠤᠯ ᠲᠠᠷᠳᠠᠩ ᠵᠠᠮ ᠢᠶᠠᠷ ᠰᠡᠳᠬᠢᠯ ᠨᠢᠭᠡᠳᠡᠢ ᠵᠠᠮᠨᠠᠬᠤ ᠶᠤᠰᠤᠲᠠᠢ︾ ᠭᠡᠵᠦ ᠬᠠᠨ ᠪᠤᠯᠠᠬ ᠶᠠᠷᠢᠵᠦ ᠪᠠᠶᠢᠯ᠎ᠠ᠃       ᠬᠠᠨ ᠪᠣᠯᠠᠬ ᠨᠦᠬᠦᠷ ᠤᠨ ᠲᠠᠭᠠᠭᠤᠯᠭ᠎ᠠ ᠪᠠᠷ ᠲᠣᠮᠳᠠᠳᠣ ᠬᠤᠰᠢᠭᠤ ᠶᠢᠨ ᠣᠯᠠᠭᠠᠨᠮᠦ᠋ᠴᠢᠷ ᠤᠨ ᠪᠦᠬᠦ ᠭᠡᠰᠢᠬᠦᠳ ᠭᠠᠭᠴᠠ ᠬᠦ ᠬᠤᠰᠢᠭᠤᠨ ᠤ ᠠᠶᠢᠯ ᠡᠷᠦᠬᠡ ᠳᠤ ᠬᠦᠷᠴᠦ ᠲᠣᠭᠯᠠᠯᠳᠠ ᠭᠠᠷᠭᠠᠭᠠᠳ ᠬᠡᠷᠬᠢᠨ ᠵᠣᠭᠰᠣᠬᠤ ᠪᠢᠯᠡ᠃ ᠲᠡᠳᠡ ᠲᠡᠭᠡᠳᠦ ᠱᠠᠳᠣᠨ ᠤ ᠣᠳᠣᠷᠢᠳᠣᠯᠭ᠎ᠠ ᠶᠢᠨ ᠵᠢᠭᠠᠪᠣᠷᠢ ᠪᠣᠯᠣᠨ ᠲᠣᠬᠢᠷᠠᠭᠤᠯᠭ᠎ᠠ ᠪᠠᠷ ᠣᠷᠢᠳ ᠬᠤᠵᠢᠳ᠄ ᠰᠢᠯᠢ ᠶᠢᠨ ᠭᠤᠣᠯ ᠠᠶᠢᠮᠠᠭ ᠤᠨ ᠡᠯ᠎ᠡ ᠬᠤᠰᠢᠭᠤ ᠪᠠ ᠬᠦᠯᠦᠨ ᠪᠤᠶᠢᠷ ᠬᠤᠳᠠ ᠶᠢᠨ ᠡᠯ᠎ᠡ ᠬᠤᠰᠢᠭᠤ ᠵᠢᠴᠢ ᠵᠦᠬᠠᠢ᠂ ᠪᠡᠭᠡᠵᠢᠩ᠂ ᠱᠠᠩᠬᠠᠢ᠂ ᠣᠣᠮᠧᠨ ᠵᠡᠷᠭᠡ ᠤᠯᠠᠨ ᠭᠠᠵᠠᠷ ᠢᠶᠠᠷ ᠬᠦᠷᠴᠦ ᠲᠣᠭᠯᠠᠯᠳᠠ ᠭᠠᠷᠭᠠᠵᠣ ᠣᠷᠠᠯᠢᠭ ᠪᠠ ᠰᠣᠶᠣᠯ ᠤᠨ ᠰᠣᠯᠢᠯᠴᠠᠭ᠎ᠠ ᠬᠢᠭᠰᠡᠨ ᠢᠶᠠᠷ ᠪᠠᠷᠠᠬᠤ ᠦᠭᠡᠢ ᠬᠤᠷᠴᠢᠨ ᠤ ᠲᠠᠭᠤᠣ ᠣᠷᠠᠯᠢᠭ ᠪᠣᠯᠣᠨ ᠰᠣᠶᠣᠯ ᠤᠨ ᠦᠷ᠎ᠡ ᠶᠢ ᠣᠯᠣᠰ ᠲᠠᠶᠠᠭᠠᠷ ᠰᠠᠴᠣᠭᠰᠠᠨ ᠪᠠᠶᠢᠨ᠎ᠠ᠃ ᠨᠡᠩ ᠳᠤᠷᠠᠳᠤᠭᠤᠰᠢᠲᠠᠢ ᠨᠢ 2008 ᠣᠨ ᠳᠤ ᠲᠦᠪ ᠤᠨ ᠷᠠᠳᠢᠣ᠋ ᠲᠧᠯᠸᠢᠰ ᠬᠤᠷᠢᠶᠠᠨ ᠤ ︽ᠠᠷᠠᠳ ᠤᠨ ᠲᠠᠭᠤᠣ ᠲᠣᠮᠳᠠᠳᠣ ᠣᠯᠣᠰ︾ ᠭᠡᠬᠦ ᠨᠡᠪᠳᠡᠷᠡᠬᠦᠯᠭᠡ ᠳᠤ ᠣᠯᠠᠭᠠᠨᠮᠦ᠋ᠴᠢᠷ ᠤᠨ ᠪᠦᠬᠦ ᠨᠦᠬᠦᠳ ᠢᠶᠠᠨ ᠲᠠᠭᠠᠭᠤᠯᠣᠨ ᠣᠷᠢᠭᠳᠠᠨ ᠣᠷᠣᠯᠴᠠᠵᠣ ᠲᠡᠷᠡ ᠪᠠᠷ ︽ᠦᠯᠢᠭᠡᠷ ᠤᠨ ᠨᠣᠳᠤᠭ︾ ᠭᠡᠬᠦ ᠠᠶ᠎ᠠ ᠪᠠᠨ ᠰᠢᠩᠭᠡᠭᠡᠯᠳᠡ ᠬᠢᠭᠡᠳ ᠨᠡᠪᠳᠡᠷᠡᠬᠦᠯᠦᠭᠰᠡᠨ ᠪᠠᠶᠢᠨ᠎ᠠ᠃       ᠰᠢᠶᠠᠩ ᠪᠣᠣ᠂ ᠲᠠᠷᠬᠠᠨ ᠬᠤᠰᠢᠭᠤᠡ ᠤ ᠬᠦᠮᠦᠨ᠃ ᠬᠤᠭᠤᠷ ᠬᠦᠭᠵᠢᠮ ᠳᠤ ᠲᠦᠷᠦᠯᠬᠢ ᠠᠪᠢᠶᠠᠰ ᠲᠠᠢ ᠲᠡᠷᠡ ᠲᠣᠰ ᠣᠯᠠᠭᠠᠨᠮᠦ᠋ᠴᠢᠷ ᠲᠤ ᠢᠷᠡᠭᠡᠳ ᠬᠡᠳᠦᠨ ᠵᠢᠯ ᠤᠨ ᠨᠢᠭᠤᠷ ᠢ ᠦᠵᠡᠪᠡ᠃ ᠣᠯᠠᠨ ᠤ ᠦᠭᠡ ᠪᠠᠷ ᠬᠡᠯᠡᠪᠡᠯ ᠬᠤᠰᠢᠭᠤ ᠨᠣᠳᠤᠭ ᠲᠤ ᠪᠠᠨ ᠨᠡᠷ᠎ᠡ ᠲᠠᠢ ᠬᠦᠭᠵᠢᠮᠴᠢᠨ᠂ ᠭᠡᠪᠡᠴᠦ ᠬᠠᠨ ᠪᠣᠯᠠᠭ ᠮᠡᠳᠣ ᠶᠢᠨ ᠲᠣᠰᠬᠠᠢ ᠮᠡᠷᠭᠡᠵᠢᠯᠳᠡᠨ ᠨᠠᠷ ᠤᠨ ᠦᠵᠡᠬᠦ ᠪᠠᠷ ᠪᠣᠯᠪᠠᠯ ᠡᠨᠡ ᠵᠠᠯᠠᠭᠤ ᠵᠠᠷᠢᠮ ᠳᠤ ᠪᠠᠨ ᠬᠦᠭ ᠠᠶᠠᠰ ᠢᠶᠠᠨ ᠠᠯᠳᠠᠵᠣ ᠪᠠᠶᠢᠭ᠎ᠠ ᠦᠵᠡᠭᠳᠡᠯ ᠵᠦᠩᠳᠡᠭᠡᠨ ᠭᠠᠷᠳᠠᠭ ᠶᠤᠮ᠃ ᠭᠡᠪᠡᠴᠦ ᠬᠤᠪᠢ ᠬᠦᠮᠦᠨ ᠤ ᠬᠡᠪ ᠪᠣᠯᠪᠠᠰᠣᠷᠠᠯ ᠨᠢ ᠦᠨᠳᠦᠷ ᠪᠠᠶᠢᠳᠠᠭ ᠢ ᠦᠵᠡᠵᠦ ᠭᠠᠷᠣᠭᠰᠠᠨ ᠬᠠᠨ ᠪᠣᠯᠠᠭ ᠨᠦᠬᠦᠷ ᠴᠠᠭ ᠢᠮᠠᠭᠳᠠ ᠦᠵᠡᠨ ᠠᠩᠬᠠᠷᠴᠣ ᠬᠠᠷᠠᠭᠠᠯᠵᠠᠨ ᠬᠠᠮᠢᠶᠠᠷᠣᠭᠰᠠᠭᠠᠷ ᠢᠷᠡᠭᠰᠡᠨ ᠶᠤᠮ᠃ ᠭᠡᠳᠡᠯ᠎ᠡ ᠪᠠᠭ᠎ᠠ ᠶᠢᠨ ᠪᠠᠷᠳᠠᠩ ᠪᠣᠳᠠᠭᠠᠨ ᠤ ᠣᠮᠤᠭ ᠢᠶᠠᠷ ᠦᠰᠦᠭᠰᠡᠨ ᠣᠳᠣ ᠶᠢᠨ ᠵᠠᠯᠠᠭᠤᠴᠣᠳ ᠬᠢᠷᠢ ᠪᠠᠷᠤᠭ ᠤᠨ ᠬᠦᠮᠦᠨ ᠪᠣᠶᠣ ᠶᠠᠭᠤᠮ᠎ᠠ ᠶᠢ ᠨᠢᠳᠦᠨ ᠳᠤ ᠪᠠᠨ ᠬᠠᠪᠴᠢᠬᠤ ᠶᠠᠭᠤᠮ᠎ᠠ ᠪᠢᠰᠢ᠂ ᠴᠠᠳᠬᠤᠯᠠᠩ ᠲᠡᠮᠡᠭᠡ ᠮᠡᠳᠣ ᠲᠡᠭᠷᠢ ᠦᠭᠡᠳᠡ ᠦᠯᠡᠶᠢᠭᠡᠳ ᠯᠡ ᠪᠠᠶᠢᠯ᠎ᠠ᠃ ᠲᠡᠭᠡᠭᠡᠳ ᠨᠠᠢᠮᠠᠨ ᠮᠣᠵᠢ ᠣᠷᠣᠨ ᠤ ᠭᠤᠷᠪᠠ ᠣᠳᠠᠭ᠎ᠠ ᠶᠢᠨ ᠲᠦᠷᠪᠡᠨ ᠣᠳᠠᠰᠣᠳᠣ ᠬᠤᠭᠤᠷ ᠤᠨ ᠣᠷᠣᠯᠳᠣᠭᠠᠨ ᠳᠤ ᠣᠷᠣᠯᠴᠠᠭᠠᠳ ᠠᠳᠠᠭ ᠲᠤ ᠪᠠᠨ ᠭᠤᠷᠪᠠᠳᠤᠭᠠᠷ ᠲᠤ ᠪᠠᠰᠠ ᠣᠷᠣᠭᠰᠠᠨ ᠦᠭᠡᠢ ᠪᠣᠯᠬᠤᠷ ᠰᠠᠶ᠋ᠢ ᠣᠰᠣᠯ ᠪᠣᠷᠣᠭᠤ ᠪᠠᠨ ᠮᠡᠳᠡᠵᠦ ᠡᠬᠦᠨ ᠠᠴᠠ ᠬᠤᠶᠢᠰᠢ ᠪᠠᠭᠰᠢ ᠶᠢᠨ ᠵᠢᠭᠠᠨ ᠵᠢᠯᠣᠭᠤᠳᠣᠯᠭ᠎ᠠ ᠪᠠᠷ ᠪᠡᠶ᠎ᠡ ᠪᠠᠨ ᠴᠢᠩᠭ᠎ᠠ ᠱᠠᠭᠠᠷᠳᠠᠵᠣ᠂ ᠲᠣᠰᠬᠠᠢ ᠮᠡᠷᠭᠡᠵᠢᠯ ᠢᠶᠠᠨ ᠲᠠᠰᠣᠷᠠᠯᠳᠠ ᠦᠭᠡᠢ ᠲᠡᠭᠡᠭᠰᠢᠯᠡᠬᠦᠯᠵᠦ ᠦᠨᠳᠦᠷ ᠲᠦᠪᠰᠢᠨ ᠳᠤ ᠬᠦᠷᠬᠦ ᠪᠠᠷ ᠴᠢᠷᠮᠠᠶᠢᠨ ᠠᠵᠢᠯᠯᠠᠬᠰᠠᠨ ᠪᠠᠶᠢᠨ᠎ᠠ᠃        ᠡᠨᠡ ᠬᠤᠭᠤᠷᠣᠨᠳᠣ ᠬᠠᠨ ᠪᠣᠯᠠᠭ ᠨᠦᠬᠦᠷ ᠠᠵᠢᠯᠯᠠᠬᠤ ᠭᠡᠷ ᠠᠴᠠ ᠪᠠᠨ ᠰᠢᠶᠠᠩ ᠪᠣᠣ ᠶᠢᠨ ᠬᠦᠭᠵᠢᠮᠳᠡᠵᠦ ᠪᠠᠶᠢᠭ᠎ᠠ ᠠᠶᠠᠰ ᠵᠢᠭᠠᠬᠠᠨ ᠪᠣᠷᠣᠭᠤ ᠪᠣᠯᠣᠯ᠎ᠠ ᠭᠡᠪᠡᠯ ᠬᠦᠷᠴᠦ ᠣᠴᠢᠭᠠᠳ ᠴᠠᠭ ᠲᠣᠬᠠᠢ ᠳᠤ ᠨᠢ ᠵᠠᠰᠠᠨ ᠵᠠᠯᠠᠷᠠᠭᠤᠯᠣᠨ ᠦᠭᠳᠡᠭ ᠶᠤᠮ᠃ ᠬᠠᠨ ᠪᠣᠯᠠᠭ ᠤᠨ ᠬᠢᠨᠠᠮᠠᠭᠠᠢ ᠵᠢᠯᠣᠭᠤᠳᠣᠯᠭ᠎ᠠ᠂ ᠬᠠᠯᠠᠰᠢᠷᠠᠯ ᠦᠭᠡᠢ ᠰᠣᠷᠭᠠᠮᠵᠢ ᠪᠠᠷ ᠰᠢᠶᠠᠩ ᠪᠣᠣ ᠨᠦᠬᠦᠷ ᠤᠨ ᠲᠠᠳᠠᠵᠣ ᠬᠦᠭᠵᠢᠮᠳᠡᠬᠦ ᠮᠡᠷᠭᠡᠵᠢᠯ ᠮᠠᠰᠢ ᠲᠦᠷᠭᠡᠨ ᠳᠡᠭᠡᠭᠰᠢᠯᠡᠵᠦ 2013 ᠣᠨ ᠤ ᠨᠠᠢᠮᠠᠨ ᠮᠣᠵᠢ ᠣᠷᠣᠨ ᠤ ᠲᠦᠷᠪᠡᠨ ᠣᠳᠠᠰᠣᠳᠣ ᠬᠤᠭᠤᠷ ᠤᠨ ᠣᠷᠣᠯᠳᠣᠭᠠᠨ ᠳᠤ ᠦᠨᠳᠦᠷ ᠬᠤᠪᠢ ᠪᠠᠷ ᠨᠢᠭᠡᠳᠦᠭᠡᠷ ᠲᠡᠰ ᠤᠨ ᠱᠠᠩᠨᠠᠯ ᠢ ᠲᠣᠰᠣᠭᠰᠠᠨ ᠪᠦᠭᠡᠳ 2016 ᠣᠨ ᠤ ᠪᠡᠭᠡᠵᠢᠩ ᠳᠤ ᠪᠣᠯᠣᠭᠰᠠᠨ ᠪᠦᠬᠦ ᠣᠯᠣᠰ ᠤᠨ ᠴᠦᠬᠡᠨ ᠲᠣᠭᠠᠳᠣ ᠦᠨᠳᠦᠰᠦᠳᠡᠨ ᠤ ᠣᠷᠠᠯᠢᠭ ᠤᠨ ᠲᠣᠭᠯᠠᠯᠳᠠ ᠳᠤ ᠠᠯᠳᠠᠨ ᠮᠧᠳᠠᠯ ᠢᠶᠠᠷ ᠡᠩᠭᠡᠷ ᠢᠶᠠᠨ ᠮᠢᠯᠢᠶᠠᠯᠭᠠᠭᠰᠠᠨ ᠪᠠᠶᠢᠨ᠎ᠠ᠃ ᠡᠭᠦᠨ ᠢᠶᠠᠷ ᠦᠯᠦ ᠪᠠᠷᠠᠨ᠂ ᠪᠦᠬᠦ ᠣᠷᠣᠨ ᠤ ᠵᠢᠷᠭᠤᠳᠣᠭᠠᠷ ᠬᠤᠭᠤᠴᠠᠭ᠎ᠠ ᠶᠢᠨ ᠣᠯᠠᠭᠠᠨᠮᠦ᠋ᠴᠢᠷ ᠤᠨ ᠲᠣᠭᠯᠠᠯᠳᠠ ᠳᠤ ᠲᠡᠷᠢᠬᠦᠨ ᠰᠠᠭᠤᠳᠠᠯ ᠳᠤ ᠰᠠᠭᠤᠭᠰᠠᠨ ᠵᠡᠷᠭᠡ ᠠᠯᠢ ᠤᠯᠠᠨ ᠢᠷᠠᠭᠤ ᠠᠯᠳᠠᠷ ᠢ ᠬᠦᠷᠲᠡᠪᠠ᠃        ᠦᠨᠦ ᠵᠢᠯ ᠤᠨ ᠬᠠᠪᠤᠷ ᠤᠨ ᠦᠶᠡᠰ ᠢᠶᠠᠷ ᠬᠤᠰᠢᠭᠤᠨ ᠤ ᠪᠠᠨ ᠰᠤᠶᠤᠯ ᠤᠨ ᠭᠡᠷ ᠤᠨ ᠳᠠᠷᠤᠭ᠎ᠠ ᠪᠠᠷ ᠠᠵᠢᠯ ᠰᠢᠯᠵᠢᠭᠰᠡᠨ ᠬᠠᠨ ᠪᠤᠯᠠᠬ ᠲᠤᠬᠠᠢᠢᠯᠠᠬᠰᠠᠨ ᠠᠵᠢᠯ ᠳᠤ ᠪᠠᠨ ᠨᠠᠷᠢᠨ ᠬᠢᠨᠠᠮᠠᠭᠠᠢ ᠨᠢᠭᠡ ᠰᠡᠳᠬᠢᠯ ᠢᠶᠠᠷ ᠴᠢᠷᠮᠠᠶᠢᠨ ᠠᠵᠢᠯᠯᠠᠵᠦ ᠬᠠᠮᠲᠦ ᠠᠵᠢᠯᠯᠠᠬᠰᠡᠳ ᠤᠨ ᠢᠶᠠᠨ ᠬᠦᠷᠢᠶᠡᠯᠡᠯ ᠢ ᠬᠦᠷᠲᠡᠵᠦ ᠠᠵᠢᠯ ᠤᠨ ᠪᠠᠶᠢᠷᠢ ᠳᠤ ᠪᠠᠨ ᠢᠳᠡᠭᠡᠯ ᠲᠡᠭᠦᠯᠳᠡᠷ ᠤᠷᠤᠬᠰᠢᠯᠡᠵᠦ ᠪᠠᠶᠢᠨᠡᠮ᠃
 
ᠢᠷᠡᠯᠲᠡ᠄ ᠬᠢᠩᠭᠠᠨ ᠤ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号