ᠮᠤᠩᠭᠤᠯᠴᠤᠳ ᠤᠨ ᠭᠤᠷᠪᠠᠨᠳᠠ ᠰᠠᠴᠤᠯᠢ ᠡᠷᠭᠦᠭᠦ ᠶᠤᠰᠦ ᠵᠠᠩᠰᠢᠯ
ᠨᠡᠶᠢᠲᠡᠯᠡᠭᠰᠡᠨ ᠴᠠᠭ᠄
2020-05-09
      ᠡᠷᠳᠡ ᠢᠵᠠᠭᠤᠷ ᠠᠴᠠ ᠠᠪᠤᠭᠠᠳ ᠮᠤᠩᠭᠤᠯᠴᠤᠳ ᠠᠷᠢᠭᠢ ᠤᠤᠭᠤᠬᠤ ᠳᠤ ᠤᠯᠠᠨ ᠶᠤᠰᠤ ᠵᠢᠷᠤᠮ ᠲᠠᠢ᠂ ᠪᠤᠯᠪᠠᠰᠤᠨ ᠢ ᠡᠷᠭᠢᠮᠯᠠᠳᠡᠭ ᠵᠠᠩᠰᠢᠯ ᠲᠠᠢ ᠪᠠᠶᠢᠵᠠᠢ᠃ ᠶᠠᠮᠠᠷ ᠪᠠᠶᠢᠳᠠᠯ᠂ ᠶᠠᠮᠠᠷ ᠠᠬᠤᠢ ᠤᠷᠴᠢᠨ ᠳᠤ ᠴᠤ ᠬᠤᠨᠳᠠᠭ᠎ᠠ ᠲᠠᠢ ᠠᠷᠢᠭᠢ ᠶᠢ ᠠᠪᠤᠩᠭᠤᠳᠠ ᠠᠮᠠ ᠤᠷᠤᠭᠤ ᠪᠠᠨ ᠴᠢᠳᠬᠤᠳᠠᠭ ᠦᠭᠡᠢ᠂ ᠬᠠᠷᠢᠨ ᠨᠠᠰᠤᠳᠠᠨ ᠪᠤᠭᠤᠷᠤᠯ ᠂ ᠠᠬᠠᠰ ᠵᠠᠬᠠᠰ ᠲᠠᠭᠠᠨ ᠤᠷᠢᠳ ᠢᠶᠠᠷ ᠲᠠᠭᠡᠵᠢᠯᠠᠨ ᠭᠡᠮᠨᠠᠵᠤ ᠶᠤᠰᠤ ᠤᠴᠢᠷ‌‍ᠢᠶ᠋ᠠᠨ ᠭᠦᠢᠴᠡᠳᠭᠡᠨ᠂ ᠲᠠᠷᠠᠭ᠎ᠠ ᠨᠢ ᠭᠤᠷᠪᠠᠨᠳᠠ ᠰᠠᠷᠵᠢᠮᠯᠠᠨ ᠰᠠᠴᠤᠯᠢ ᠡᠷᠭᠦᠵᠤ ᠠᠮᠰᠠᠭᠠᠳ ᠤᠤᠭᠤᠳᠠᠭ᠃ ᠡᠨᠡ ᠭᠦ ᠵᠠᠩ ᠵᠢᠷᠤᠮ ᠤᠨ ᠪᠦᠷᠢᠯᠳᠤᠯ ᠨᠢ ᠲᠠᠤᠭᠡ ᠶᠢᠨ ᠡᠰᠢ ᠪᠠᠷᠢᠮᠳᠠ ᠲᠠᠢ ᠪᠦᠭᠡᠳ ᠤᠴᠢᠷ ᠤᠳᠬ᠎ᠠ ᠨᠢ ᠮᠠᠰᠢ ᠭᠦᠨ ᠪᠠᠶᠢᠳᠠᠭ᠃ ᠠᠷᠢᠭᠢ ᠶᠢ ᠭᠤᠷᠪᠠᠨᠳᠠ ᠭᠡᠮᠨᠠᠨ ᠰᠠᠴᠤᠯᠢ ᠡᠷᠭᠦᠳᠡᠭ ᠮᠤᠩᠭᠤᠯᠴᠤᠳ ᠤᠨ ᠶᠤᠰᠤ ᠵᠠᠩᠰᠢᠯ ᠢ ᠳᠤᠷᠠᠳᠬᠤ ᠳᠤ ᠴᠢᠩᠭᠢᠰ ᠬᠠᠭᠠᠨ ᠤ ᠪᠢᠯᠢᠭ ᠰᠤᠷᠭᠠᠯ ᠠᠴᠠ ᠡᠷᠢᠵᠤ ᠳᠤᠳᠤᠯᠠᠬᠤ ᠤᠴᠢᠷᠳᠠᠢ᠃       ᠲᠠᠤᠭᠡᠨ ᠲᠠᠮᠳᠡᠭᠯᠡᠯ ᠢ ᠦᠨᠳᠤᠰᠤᠯᠠᠪᠠᠯ᠂ ᠨᠠᠢᠮᠠᠨ ᠤ ᠲᠠᠶᠠᠨ ᠬᠠᠨ ᠴᠠᠭᠠᠨ ᠭᠡᠷᠡᠮ ᠤᠨ ᠠᠷᠤ ᠳᠤ ᠨᠤᠳᠤᠭᠰᠢᠭᠰᠠᠨ ᠤᠡᠭᠭᠤᠳ ᠠᠶᠢᠮᠠᠭ ᠤᠨ ᠲᠦᠷᠦᠭᠦᠤ ᠠᠯᠬᠤᠰᠢ ᠲᠠᠭᠢᠳᠬᠤᠷᠢ ᠳᠤ ᠡᠯᠴᠢ ᠢᠯᠡᠭᠡᠵᠤ᠄ ︽ᠳᠤᠷᠤᠨ᠎ᠠ ᠵᠦᠭ ᠲᠤ ᠴᠦᠭᠡᠨ ᠮᠤᠩᠭᠤᠯᠴᠤᠳ ᠪᠤᠢ ᠭᠡᠳᠡᠭ᠂ ᠴᠢ ᠪᠠᠷᠠᠭᠤᠨ ᠭᠠᠷ ᠪᠤᠯᠵᠤ ᠮᠤᠷᠳᠠ᠂ ᠪᠢ ᠡ᠊ᠨᠳᠡᠴᠠ ᠬᠠᠮᠰᠠᠵᠤ ᠲᠠᠳᠡᠭᠡᠷ ᠮᠤᠩᠭᠤᠯᠴᠤᠳ ᠤᠨ ᠬᠤᠷᠤᠮᠰᠠᠭ᠎ᠠ ᠰᠠᠭᠠᠳᠠᠭ ᠢ ᠪᠤᠯᠢᠶᠠᠨ ᠠᠪᠤᠰᠤᠭᠠᠢ︾ ᠭᠡᠵᠠᠢ᠃ ᠠᠯᠬᠤᠰᠢ ᠲᠠᠭᠢᠳᠬᠤᠷᠢ ᠄ ︽ᠪᠢ ᠪᠠᠷᠠᠭᠤᠨ ᠭᠠᠷ ᠴᠢᠨᠢ ᠪᠤᠯᠵᠤ ᠴᠢᠳᠠᠬᠤ ᠦᠭᠡᠢ︾ ᠭᠡᠵᠤ ᠡᠯᠴᠢ ᠶᠢ ᠨᠢ ᠲᠠᠶᠠᠨ ᠬᠠᠨ ᠳᠤ ᠪᠤᠴᠠᠭᠠᠭᠠᠳ ᠦᠪᠠᠷ ᠤᠨ ᠵᠤᠬᠤᠨᠠᠭ ᠨᠠᠷᠠᠳᠤ ᠡᠯᠴᠢ ᠪᠠᠨ ᠲᠠᠶᠢᠽᠤ ᠪᠤᠭᠳᠠ ᠴᠢᠩᠭᠢᠰ ᠬᠠᠭᠠᠨ ᠳᠤ ᠢᠯᠡᠭᠡᠵᠤ᠂ ᠵᠢᠷᠭᠤᠭᠠᠨ ᠪᠤᠳᠤᠩ ᠠᠷᠢᠭᠢ ᠪᠠᠯᠡᠭᠯᠡᠨ ᠲᠠᠶᠠᠨ ᠬᠠᠨ ᠤ ᠳᠤᠪᠳᠤᠯᠤᠯᠳᠠ ᠶᠢ ᠰᠠᠷᠠᠮᠵᠢᠯᠠᠳᠤᠭᠡᠢ ᠭᠡᠰᠡᠨ ᠪᠠᠶᠢᠵᠠᠢ᠃ ︽ᠲᠠᠶᠢᠽᠤ ᠤᠷᠢᠳ ᠢᠶᠠᠷ ᠰᠠᠴᠤᠯᠢ ᠡᠷᠭᠦᠵᠤ ᠲᠠᠷᠠᠭ᠎ᠠ ᠨᠢ ᠵᠤᠭᠤᠭᠯᠠᠪᠠᠢ᠂ ᠭᠡᠮ ᠢ ᠭᠤᠷᠪᠠᠨᠳᠠ ᠡᠷᠭᠦᠵᠤ᠂ ᠡᠨᠡ ᠶᠠᠭᠤᠮ᠎ᠠ ᠶᠢ ᠪᠠᠭ᠎ᠠ ᠡᠳ᠋ᠯᠡᠪᠡᠰᠤ ᠴᠢᠨᠠᠷ ᠢ ᠭᠦᠭᠵᠢᠭᠡᠮᠤᠢ᠂ ᠶᠡᠭᠡ ᠡᠳ᠋ᠯᠡᠪᠡᠰᠤ ᠴᠢᠨᠠᠷ ᠢ ᠦᠳᠡᠭᠡᠷᠡᠮᠤᠢ︾ ᠭᠡᠵᠠᠢ᠃ ᠠᠯᠬᠤᠰᠢ ᠲᠠᠭᠢᠳᠬᠤᠷᠢ ᠳᠤ ᠴᠢᠩᠭᠢᠰ ᠬᠠᠭᠠᠨ ᠠᠴᠠ᠄ ︽ᠨᠢᠭᠡᠨ ᠡᠳᠤᠷ ᠲᠠᠯᠠᠭᠡᠢ ᠳ᠋ᠡᠭᠢᠨ ᠮᠢᠨᠤ ᠪᠤᠯᠪᠠᠰᠤ ᠴᠢᠨᠤ ᠠᠴᠢ ᠲᠤᠰᠠ ᠶᠢ ᠭᠡᠷᠭᠢᠨ ᠬᠠᠷᠢᠭᠤᠯᠬᠤ ᠶᠢ ᠮᠦᠡᠭᠭᠡ ᠲᠡᠭᠷᠢ ᠮᠠᠳᠠᠳᠤᠭᠡᠢ︾ ᠭᠡᠮᠡᠭᠰᠡᠨ ᠪᠦᠭᠡᠳ ᠲᠠᠶᠠᠨ ᠬᠠᠨ ᠢ ᠬᠠᠮᠳᠤ ᠪᠠᠷ ᠲᠠᠶᠢᠯᠠᠬᠤ ᠪᠠᠷ ᠪᠤᠯᠵᠤᠭᠰᠠᠨ ᠠᠵᠢ᠃ ︽ᠰᠤᠳᠤᠷ ᠤᠨ ᠴᠢᠭᠤᠯᠭᠠᠨ︾᠂ ︽ᠮᠤᠩᠭᠤᠯ ᠤᠨ ᠨᠢᠭᠤᠴᠠ ᠳᠤᠪᠴᠢᠶᠠᠨ︾᠂ ︽ᠪᠤᠭᠳᠠ ᠪᠠᠭᠠᠳᠤᠷ ᠤᠨ ᠪᠠᠶ᠎ᠠ ᠪᠠᠷ ᠲᠠᠶᠢᠯᠠᠭᠰᠠᠨ ᠲᠠᠮᠳᠡᠭᠯᠡᠯ︾ ᠵᠢᠴᠢ ︽ᠭᠤᠤ ᠲᠠᠩ ᠵᠦᠡᠭ ᠰᠢᠶᠠᠨ ᠸᠠᠩ ᠤᠨ ᠭᠦᠰᠢᠶᠠᠨ ᠪᠢᠴᠢᠭ︾ ᠵᠡᠷᠭᠡ ᠲᠠᠤᠭᠡ ᠱᠠᠰᠳᠢᠷ ᠲᠤ ᠡᠨᠡ ᠳᠤᠬᠠᠢ ᠲᠠᠮᠳᠡᠭᠯᠡᠯ ᠴᠦᠮ ᠪᠤᠢ᠃ ᠴᠢᠩᠭᠢᠰ ᠬᠠᠭᠠᠨ ᠠᠯᠬᠤᠰᠢ ᠲᠠᠭᠢᠳᠬᠤᠷᠢ ᠶᠢᠨ ᠭᠦᠷᠭᠡᠭᠰᠡᠨ ᠵᠢᠷᠭᠤᠭᠠᠨ ᠪᠤᠳᠤᠩ ᠠᠷᠢᠭᠢ ᠶᠢ ᠰᠠᠴᠤᠯᠢ ᠡᠷᠭᠦᠨ ᠭᠤᠷᠪᠠᠨᠳᠠ ᠭᠡᠮ ᠡᠷᠭᠦᠵᠤ᠂ ᠨᠠᠢᠮᠠᠨ ᠠᠶᠢᠮᠠᠭ ᠢ ᠲᠠᠶᠢᠯᠠᠬᠤ ᠪᠠᠷ ᠶᠡᠭᠡ ᠴᠡᠷᠢᠭ ᠢᠶᠠᠨ ᠲᠠᠶᠢᠴᠢᠯᠠᠨ ᠮᠤᠷᠳᠠᠭᠠᠳ ᠬᠠᠷᠪᠤᠭᠰᠠᠨ ᠰᠤᠮᠤ ᠮᠠᠳᠤ ᠬᠠᠷᠢᠯᠳᠠ ᠦᠭᠡᠢ ᠪᠠᠷ ᠨᠠᠢᠮᠠᠨ ᠠᠶᠢᠮᠠᠭ‌ᠢ ᠬᠤᠷᠢᠶᠠᠮᠵᠢᠯᠠᠨ ᠲᠦᠪᠰᠢᠳᠭᠡᠵᠤ᠂ ᠮᠤᠩᠭᠤᠯ ᠤᠨ ᠶᠡᠭᠡ ᠬᠠᠭᠠᠨᠳᠤ ᠳᠤᠯᠭᠤᠷ ᠲᠦᠷᠦ ᠶᠢ ᠴᠤᠭᠴᠠᠯᠠᠭᠰᠠᠨ ᠪᠠᠶᠢᠨ᠎ᠠ᠃ ᠮᠤᠩᠭᠤᠯᠴᠤᠳ ᠡᠨᠡ ᠭᠦ ᠢᠯᠠᠯᠳᠠ ᠪᠠᠨ ᠲᠠᠤᠭᠡᠨ ᠳᠤ ᠦᠨᠢ ᠤᠳᠠᠭᠠᠨ ᠳᠤᠷᠠᠰᠴᠤ ᠲᠠᠮᠳᠡᠭᠯᠡᠭᠦ ᠶᠢᠨ ᠲᠦᠯᠤᠭᠡᠨ᠎ᠠ ᠴᠢᠩᠭᠢᠰ ᠬᠠᠭᠠᠨ ᠤ ᠠᠷᠢᠭᠢ ᠶᠢ ᠭᠤᠷᠪᠠᠨᠳᠠ ᠭᠡᠮ ᠡᠷᠭᠦᠵᠤ ᠰᠠᠴᠤᠯᠢ ᠰᠠᠴᠤᠭᠰᠠᠨ ᠢᠶᠠᠷ ᠪᠠᠯᠭᠡᠳᠠᠯ ᠪᠤᠯᠭᠠᠵᠤ᠂ ᠪᠠᠶᠠᠷ ᠳᠤᠷᠠᠰᠬᠠᠯ᠂ ᠨᠠᠶᠢᠷ ᠬᠤᠷᠢᠮ᠂ ᠲᠠᠶᠢᠯᠭ᠎ᠠ ᠲᠠᠭᠢᠯᠭ᠎ᠠ ᠵᠡᠷᠭᠡ ᠴᠤᠭᠯᠠᠭᠠᠨ ᠳᠤ ᠭᠦᠨᠳᠤᠳᠭᠡᠯ ᠤᠨ ᠶᠤᠰᠤ ᠪᠤᠯᠭᠠᠨ ᠠᠷᠢᠭᠢ ᠶᠢ ᠤᠷᠢᠳ ᠢᠶᠠᠷ ᠭᠤᠷᠪᠠᠨᠳᠠ ᠰᠠᠷᠵᠢᠮᠯᠠᠨ ᠰᠠᠴᠤᠯᠢ ᠡᠷᠭᠦᠭᠦ ᠪᠤᠯᠵᠠᠢ᠃ ᠮᠦᠨ ᠠᠶᠠᠨ ᠵᠠᠮ ᠳᠤ ᠭᠠᠷᠬᠤ ᠳᠠᠭᠠᠨ ᠮᠤᠷᠳᠠᠭᠤᠯ ᠤᠨ ᠠᠷᠢᠭᠢ ︽ᠲᠦᠷᠤᠭᠡᠨ ᠠᠷᠢᠭᠢ︾ ᠭᠡᠵᠤ ᠠᠷᠢᠭᠢ ᠶᠢ ᠭᠤᠷᠪᠠᠨᠳᠠ ᠭᠡᠮᠨᠡᠨ ᠰᠠᠴᠤᠯᠢ ᠡᠷᠭᠦᠵᠤ ᠮᠤᠷᠳᠠᠭᠤᠯᠬᠤ ᠵᠠᠩᠰᠢᠯ ᠪᠤᠢ ᠪᠤᠯᠵᠤ᠂ ᠡᠨᠡ ᠨᠢ ᠤᠳᠤ ᠪᠤᠯᠳᠠᠯ᠎ᠠ ᠤᠯᠠᠮᠵᠢᠯᠠᠭᠳᠠᠵᠤ ᠪᠠᠶᠢᠨ᠎ᠠ᠃ ᠮᠤᠩᠭᠤᠯ ᠤᠨ ᠰᠠᠴᠡᠨ ᠬᠠᠨ ᠠᠶᠢᠮᠠᠭ ᠤᠨ ᠵᠠᠷᠢᠮ ᠬᠤᠰᠢᠭᠤ ᠳᠤ ︽ᠦᠨᠡᠭᠡ ᠳᠤ ᠬᠤᠶᠠᠷ ᠴᠢᠭᠢ ᠲᠠᠢ ᠶᠤᠮ᠂ ᠦᠳᠠ ᠶᠢᠨ ᠬᠤᠨᠳᠠᠭ᠎ᠠ ᠭᠤᠷᠪᠠ ᠪᠠᠶᠢᠳᠠᠭ᠃ ᠮᠤᠷᠢᠨ ᠳᠤ ᠬᠤᠶᠠᠷ ᠴᠢᠭᠢ ᠲᠠᠢ ᠰᠢᠤ᠂ ᠮᠤᠷᠳᠠᠭᠤᠯᠬᠤ ᠬᠤᠨᠳᠠᠭ᠎ᠠ ᠭᠤᠷᠪᠠ ᠶᠤᠮ︾ ᠭᠡᠵᠤ ᠭᠤᠷᠪᠠᠨ ᠬᠤᠨᠳᠠᠭ᠎ᠠ ᠠᠷᠢᠭᠢ ᠪᠠᠷᠢᠵᠤ ᠮᠤᠷᠳᠠᠭᠤᠯᠬᠤ ︽ᠮᠤᠯᠤᠷ ᠤᠨ ᠠᠷᠢᠭᠢ︾ ᠪᠠᠶᠢᠳᠠᠭ ᠵᠠᠩ ᠵᠢᠷᠤᠮ ᠢ ᠪᠠᠰᠠ ᠵᠠᠷᠢᠮ ᠮᠠᠲ᠋ᠧᠷᠢᠶᠠᠯ ᠳᠤ ᠲᠠᠮᠳᠡᠭᠯᠡᠵᠤ ᠪᠤᠢ᠃      ᠲᠠᠭᠡᠳᠤ ᠮᠤᠩᠭᠤᠯᠴᠤᠳ ︽ᠳᠤᠰᠤᠯᠠᠪᠠᠯ ᠳᠤᠯᠤᠭᠠᠠ ᠬᠤᠨᠳᠠᠭ᠎ᠠ᠂ ᠠᠰᠬᠠᠪᠠᠯ ᠠᠷᠪᠠᠨ ᠬᠤᠨᠳᠠᠭ᠎ᠠ︾ ᠭᠡᠵᠤ ᠠᠷᠢᠭᠢ ᠱᠠᠯᠠᠬᠤ ᠳᠤ ᠪᠠᠰᠠ ︽ᠴᠢᠩᠭᠢᠰ ᠬᠠᠭᠠᠨ ᠤ ᠴᠢᠨᠳᠠᠮᠤᠨᠢ ᠶᠢᠨ ᠭᠤᠷᠪᠠ︾ ᠪᠠᠷ ᠭᠤᠷᠪᠠᠨ ᠬᠤᠨᠳᠠᠭ᠎ᠠ ᠭᠡᠮᠨᠡᠳᠡᠭ ᠪᠠᠶᠢᠨ᠎ᠠ᠃ ᠮᠤᠩᠭᠤᠯᠴᠤᠳ ᠤᠨ ᠠᠷᠢᠭᠢ ᠶᠢ ᠭᠤᠷᠪᠠᠨᠳᠠ ᠰᠠᠷᠵᠢᠮᠯᠠᠨ ᠰᠠᠴᠤᠯᠢ ᠡᠷᠭᠦᠭᠦ ᠪᠤᠯᠪᠠᠰᠤᠨ ᠵᠠᠩᠰᠢᠯ ᠢ ᠬᠠᠷᠢ ᠤᠯᠤᠰ ᠤᠨ ᠵᠢᠭᠤᠯᠴᠢᠯᠠᠭᠴᠢ ᠸᠢᠯᠢᠶᠠᠮ · ᠷᠦᠪᠷᠤᠩ ᠬᠠᠮᠤᠭ ᠤᠨ ᠲᠦᠷᠦᠭᠦᠨ ᠳᠤ ᠲᠠᠯᠠᠭᠡᠢ ᠨᠠᠶᠢᠳᠠ ᠳᠤ ᠮᠠᠳᠡᠭᠡᠯᠡᠵᠤ ᠲᠠᠨᠢᠯᠴᠠᠭᠤᠯᠵᠠᠢ᠃ ︽ᠲᠠᠳᠠ ᠬᠤᠷᠢᠮ ᠨᠠᠶᠢᠷ ᠭᠢᠵᠤ ᠲᠠᠷᠠᠰᠤ ᠤᠤᠭᠤᠬᠤ ᠳᠠᠭᠠᠨ ᠤᠷᠢᠳ ᠢᠶᠠᠷ ᠭᠡᠷ ᠤᠨ ᠡᠵᠡᠨ ᠤ ᠲᠠᠭᠡᠷ᠎ᠠ ᠲᠠᠯ᠎ᠠ ᠶᠢᠨ ᠤᠡᠭᠭᠤᠳ ᠲᠤ ᠠᠷᠢᠭᠢᠨ ᠲᠠᠭᠡᠵᠢ ᠪᠠᠨ ᠡᠷᠭᠦᠵᠤ᠂ ᠪᠤᠰᠤᠳ ᠤᠡᠭᠭᠤᠳ ᠲᠠᠭᠠᠨ ᠮᠦᠨ ᠲᠡᠰ ᠲᠠᠷᠠᠭᠠᠯᠠᠨ ᠰᠠᠷᠵᠢᠮ ᠡᠷᠭᠦᠨ᠎ᠠ᠃ ᠲᠠᠷᠠᠭ᠎ᠠ ᠨᠢ ᠨᠢᠭᠡᠨ ᠵᠠᠷᠤᠴᠠ ᠮᠤᠳᠤᠨ ᠠᠶᠠᠭᠠᠨ ᠳᠤ ᠮᠠᠯᠮᠠᠯᠵᠡᠳᠠᠯ᠎ᠠ ᠠᠷᠢᠭᠢ ᠰᠦᠡᠭᠨᠡᠨ ᠭᠠᠳᠠᠨ᠎ᠠ ᠭᠠᠷᠴᠤ᠂ ᠡᠮᠤᠨ᠎ᠠ ᠵᠦᠭ ᠲᠤ ᠬᠠᠨᠳᠤᠵᠤ ᠭᠠᠵᠠᠷ ᠰᠦᠭᠦᠳᠴᠤ ᠭᠤᠷᠪᠠᠨᠳᠠ ᠮᠦᠷᠭᠦᠭᠦ ᠶᠢᠨ ᠲᠠᠭᠠᠤ ᠠᠷᠢᠭᠢ ᠪᠠᠨ ᠭᠤᠷᠪᠠᠨᠳᠠ ᠰᠠᠷᠵᠢᠮᠯᠠᠨ ᠡᠷᠭᠦᠨ᠎ᠠ︾ ᠭᠡᠵᠤ ︽ᠮᠤᠩᠭᠤᠯ ᠳᠤ ᠵᠢᠭᠤᠯᠴᠢᠯᠠᠭᠰᠠᠨ ᠲᠠᠮᠳᠡᠭᠯᠡᠯ︾ ᠳᠡᠭᠡᠨ ᠨᠠᠷᠢᠯᠢᠭ ᠲᠠᠮᠳᠡᠭᠯᠡᠵᠠᠢ᠃ 1999 ᠤᠨ ᠳᠤ ᠪᠢᠳᠠ ᠮᠤᠩᠭᠤᠯ ᠤᠯᠤᠰ ᠤᠨ ᠵᠤᠴᠢᠳ ᠢ ᠭᠦᠯᠢᠶᠠᠨ ᠠᠪᠴᠤ᠂ ᠠᠷᠢᠭᠢ ᠪᠠᠷᠢᠨ ᠰᠠᠷᠵᠢᠮᠯᠡᠭᠦ ᠦᠶᠡᠰ ᠲᠠᠳᠠ᠄ ︽ᠮᠠᠨ ᠤ ᠮᠤᠩᠭᠤᠯ ᠤᠯᠤᠰ ᠤᠨ ᠬᠢᠨ ᠵᠠᠭᠦᠨ ᠭᠠᠷ ᠭᠭᠢᠷ ᠦᠭᠡᠢ᠂ ᠠᠷᠢᠭᠤᠨ ᠭᠡᠮᠡᠨ ᠵᠠᠭᠦᠨ ᠭᠠᠷ ᠢᠶᠠᠷ ᠢᠶᠠᠨ ᠠᠷᠢᠭᠢ ᠰᠠᠷᠵᠢᠮᠯᠠᠨ᠎ᠠ᠃ ᠰᠠᠷᠵᠢᠮᠯᠠᠨ ᠰᠠᠴᠤᠯᠢ ᠡᠷᠭᠦᠭᠦ ᠳᠤ ᠲᠠᠭᠡᠭᠰᠢ ᠭᠦᠭᠡ ᠮᠦᠡᠭᠭᠡ ᠲᠡᠭᠷᠢ ᠳᠤ᠂ ᠳᠤᠷᠤᠭᠰᠢ ᠭᠦᠷᠤᠰᠤᠳᠤ ᠠᠯᠳᠠᠨ ᠲᠠᠯᠠᠭᠡᠢ ᠳᠤ᠂ ᠲᠠᠷᠭᠡᠳᠠᠭᠢ ᠭᠠᠯ ᠭᠤᠯᠤᠮᠳᠠ ᠳᠠᠭᠠᠨ ᠭᠡᠵᠤ ᠭᠤᠷᠪᠠᠨᠳᠠ ᠰᠠᠷᠵᠢᠮᠯᠠᠨ᠎ᠠ︾ ᠭᠡᠵᠤ ᠶᠠᠷᠢᠭᠰᠠᠨ ᠪᠢᠯᠠ᠂ ᠬᠠᠯᠢᠮᠠᠭᠴᠤᠳ ᠴᠤ ᠠᠷᠢᠭᠢ ᠲᠠᠷᠠᠰᠤ ᠶᠢ ᠠᠪᠤᠮᠬᠠᠴᠠ ᠤᠤᠭᠤᠬᠤ ᠶᠢ ᠠᠷᠢᠭᠢᠨ ᠴᠢᠳᠭᠦᠷ ᠭᠡᠮᠡᠨ ᠡᠯᠡᠭ ᠳᠤᠭᠤᠭᠢ ᠪᠤᠯᠭᠠᠨ ᠭᠤᠱᠤᠩᠨᠠᠨ ᠱᠤᠭᠯᠠᠳᠠᠭ ᠭᠡᠭᠦ ᠶᠤᠮ᠃ ᠲᠠᠳᠠ ᠴᠤ ᠤᠷᠢᠳ ᠢᠶᠠᠷ ᠪᠤᠭᠤᠷᠤᠯᠴᠤᠳ ᠲᠠᠭᠠᠨ ᠠᠷᠢᠭᠢ ᠪᠠᠨ ᠭᠡᠮᠨᠠᠨ ᠪᠠᠷᠢᠵᠤ᠂ ᠲᠠᠷᠠᠭ᠎ᠠ ᠳᠤᠨᠢ ᠭᠤᠷᠪᠠᠨᠳᠠ ᠰᠠᠴᠤᠯᠢ ᠡᠷᠭᠦᠨ ᠶᠤᠰᠤ ᠵᠢᠷᠤᠮ ᠢᠶᠠᠨ ᠭᠦᠢᠴᠡᠳᠭᠡᠭᠡᠳ ᠠᠮᠰᠠᠨ ᠵᠤᠭᠤᠭᠯᠠᠳᠠᠭ ᠭᠡᠵᠤ ᠵᠠᠭᠤᠴᠢᠯᠠᠭᠤᠷ ᠤᠨ ᠬᠢᠨ ᠳᠤ ᠮᠠᠳᠡᠭᠡᠯᠡᠭᠰᠡᠨ ᠶᠤᠮ᠃                    ︵︽ᠳᠦᠡᠭᠯᠢᠶᠦᠦ ᠮᠤᠩᠭᠤᠯ ᠰᠦᠯᠵᠢᠶ᠎ᠠ︾ ᠠᠴᠠ ᠰᠢᠯᠵᠢᠭᠦᠯᠪᠡ︶
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号