ᠲᠡᠮᠡᠭᠡ ᠲᠠᠢ ᠬᠤᠯᠪᠤᠭᠳᠠᠬᠤ ᠴᠠᠭᠡᠷ ᠪᠡᠯᠭᠡᠳᠡᠯ ᠤᠨ ᠶᠣᠰᠣ ᠵᠠᠩᠰᠢᠯ
ᠨᠡᠶᠢᠲᠡᠯᠡᠭᠰᠡᠨ ᠴᠠᠭ᠄
2020-06-15
      ᠮᠤᠩᠭᠤᠯ ᠮᠠᠯᠵᠢᠯ ᠤᠨ ᠰᠣᠶᠣᠯ ᠵᠠᠩᠰᠢᠯ ᠳᠤ ᠴᠡᠭᠡᠷ ᠪᠠᠯᠭᠡᠳᠡᠯ ᠤᠨ ᠵᠦᠢᠯᠡᠰ ᠲᠣᠩ ᠠᠷᠪᠢᠨ ᠪᠠᠶᠢᠳᠠᠭ ᠲᠠᠢ ᠠᠳᠠᠯᠢ ᠪᠠᠷ ᠠᠯᠠᠱᠠ ᠮᠤᠩᠭᠤᠯᠴᠤᠳ ᠤᠨ ᠮᠠᠯᠵᠢᠯ ᠤᠨ ᠤᠶᠢᠯᠠᠰ ᠲᠣᠮᠳᠠ ᠴᠦ ᠴᠠᠭᠡᠷ ᠪᠠᠯᠭᠡᠳᠠᠯ ᠤᠨ ᠵᠦᠢᠯᠠᠰ ᠶᠠᠭᠡᠭᠡᠨ ᠪᠠᠶᠢᠷᠢ ᠲᠠᠢ ᠪᠠᠶᠢᠳᠠᠭ᠃ ᠲᠠᠮᠡᠭᠡ ᠲᠠᠢ ᠬᠤᠯᠪᠣᠭᠳᠠᠬᠤ ᠴᠠᠭᠡᠷ ᠪᠠᠯᠭᠡᠳᠡᠯ ᠤᠨ ᠶᠣᠰᠣ ᠵᠠᠩᠰᠢᠯ ᠪᠤᠯ ᠲᠠᠭᠦᠨ ᠤ ᠲᠤᠳᠣᠷᠠᠭᠢ ᠨᠢᠭᠡ ᠭᠡᠰᠡᠭ ᠪᠤᠯᠬᠤ ᠴᠢᠬᠤᠯᠡ ᠠᠭᠤᠯᠭ᠎ᠠ ᠶᠤᠮ᠃ ᠡᠳᠡᠭᠡᠷ ᠴᠡᠭᠡᠷ ᠪᠡᠯᠭᠡᠳᠠᠯ ᠤᠨ ᠤᠯᠠᠩᠬᠢ ᠨᠢ ᠬᠠᠮᠵᠢᠯᠴᠠᠭ᠎ᠠ ᠭᠦᠨᠳᠣᠳᠭᠡᠯ᠂ ᠤᠶᠢᠯᠡ ᠶᠠᠪᠤᠳᠠᠯ ᠤᠨ ᠪᠦᠳᠣᠮᠵᠢ᠂ ᠡᠷᠡᠭᠦᠯ ᠡᠰᠠᠡ ᠪᠠ ᠮᠠᠯ ᠤᠨᠤᠭ᠎ᠠ ᠪᠠᠨ ᠬᠠᠶᠢᠷᠠᠯᠠᠵᠦ ᠭᠠᠮᠨᠠᠵᠦ᠂ ᠰᠤᠷᠭᠠᠯ ᠭᠢᠴᠢᠶᠠᠮᠵᠢ ᠶᠢᠨ ᠬᠠᠳᠠᠭᠤ ᠴᠢᠩᠭ᠎ᠠ ᠶᠣᠰᠣ ᠵᠠᠩᠰᠢᠯ ᠪᠤᠯᠬᠤ ᠶᠤᠮ᠃1. ᠠᠶᠢᠯ ᠳᠤ ᠤᠴᠢᠬᠤ ᠳᠠᠭᠠᠨ ᠵᠠᠪᠠᠯ ᠬᠤᠳᠠᠨ ᠵᠠᠬ᠎ᠠ ᠳᠤ ᠲᠡᠮᠡᠭᠡᠨ ᠠᠴᠠ ᠪᠠᠨ ᠪᠠᠭᠤᠨ᠎ᠠ᠃ ᠠᠶᠢᠯ ᠤᠨ ᠤᠶᠠᠭᠠᠨ ᠲᠡᠭᠡᠷ᠎ᠡ ᠢᠷᠡᠭᠡᠳ ᠲᠡᠮᠡᠭᠡᠨ ᠠᠴᠠ ᠪᠠᠨ ᠪᠠᠭᠤᠬᠤ ᠪᠤᠯ ᠶᠠᠮᠠᠷ ᠨᠢᠭᠡᠨ ᠠᠵᠠ ᠪᠤᠰᠣ ᠤᠴᠢᠷ ᠲᠤ ᠲᠤᠬᠢᠶᠠᠯᠳᠣᠭᠰᠠᠨ ᠢᠶᠠᠷ ᠲᠦᠯᠣᠭᠡᠯᠡᠭᠦ ᠲᠣᠯᠡ ᠢᠩᠬᠢᠭᠦ ᠶᠢ ᠴᠠᠭᠡᠷᠯᠡᠨ᠎ᠠ᠃2. ᠠᠶᠢᠯ ᠤᠨ ᠤᠶᠠᠭᠠᠨ ᠲᠡᠭᠡᠷ᠎ᠡ ᠲᠡᠮᠡᠭᠡ ᠪᠠᠨ ᠤᠨᠤᠬᠤ ᠪᠤᠯ ᠠᠶᠢᠯ ᠤᠨ ᠡᠵᠡᠨ᠂ ᠨᠡᠩ ᠴᠦ ᠭᠦᠭᠰᠢᠳ ᠨᠠᠰᠣᠳᠠᠶᠢᠴᠤᠳ ᠢ ᠭᠦᠨᠳᠣᠯᠡᠭᠰᠡᠨ ᠦᠭᠡᠢ ᠪᠠᠷ ᠦᠵᠡᠳᠡᠭ ᠲᠤᠯᠡ ᠴᠢᠩᠭ᠎ᠠ ᠴᠠᠭᠡᠷᠯᠠᠨ᠎ᠠ᠃3. ᠪᠤᠰᠣᠳ ᠢᠶᠠᠷ ᠲᠠᠮᠡᠭᠡᠨ ᠤ ᠪᠠᠨ ᠬᠠᠮᠠᠷ ᠢ ᠲᠠᠷᠦᠭᠤᠯᠵᠦ ᠪᠠᠶᠢᠭᠠᠳ ᠤᠨᠤᠬᠤ ᠶᠢ ᠴᠠᠭᠡᠷᠯᠠᠨ᠎ᠠ᠃ ᠡᠨᠡ ᠨᠢ ᠭᠦᠭᠰᠢᠨ ᠬᠦᠮᠦᠨ ᠪᠠ ᠡᠪᠳᠴᠢᠨ ᠲᠠᠢ ᠵᠠᠮᠳᠡᠭ ᠬᠦᠮᠦᠨ ᠳᠤ ᠲᠤᠬᠢᠶᠠᠯᠳᠣᠬᠤ ᠤᠴᠢᠷ ᠲᠣᠯᠡ ᠴᠢᠩᠭ᠎ᠠ ᠴᠠᠭᠡᠷᠯᠠᠨ᠎ᠠ᠃4. ᠠᠶᠢᠯ ᠤᠨ ᠬᠤᠳᠠᠨ ᠲᠤᠮᠳᠠᠭᠤᠷ ᠲᠡᠮᠡᠭᠡ ᠲᠠᠢ ᠪᠠᠨ ᠭᠠᠳᠣᠯᠬᠤ ᠨᠢ ᠠᠶᠢᠯ ᠢ ᠲᠤᠷᠤᠮᠵᠢᠯᠠᠵᠦ ᠪᠠᠶᠢᠬᠤ᠂ ᠮᠤᠷᠠᠯ ᠦᠭᠡᠢ ᠪᠠᠷ ᠦᠵᠡᠭᠦ ᠲᠣᠯᠡ ᠴᠢᠩᠭ᠎ᠠ ᠴᠠᠭᠡᠷᠯᠠᠨ᠎ᠠ᠃5. ᠪᠠᠯᠴᠢᠭᠡᠷ ᠲᠤ ᠪᠠᠶᠢᠭ᠎ᠠ ᠮᠠᠯ ᠲᠡᠮᠡᠭᠡᠨ ᠰᠦᠷᠤᠭ᠌ ᠤᠨ ᠲᠤᠮᠳᠠᠭᠤᠷ ᠵᠦᠰᠣᠵᠦ ᠭᠠᠳᠣᠯᠬᠤ ᠪᠤᠯ ᠠᠶᠢᠯ ᠤᠨ ᠮᠠᠯ ᠰᠦᠷᠣᠭ᠌ ᠢ ᠤᠶᠢᠮᠡᠭᠦᠯᠵᠦ᠂ ᠠᠶᠢᠯ ᠤᠨ ᠮᠠᠯ ᠭᠦᠷᠣᠩᠭᠡ ᠶᠢ ᠨᠢᠳᠣᠨ ᠳᠡᠭᠡᠨ ᠬᠠᠪᠴᠢᠠᠠᠰᠡᠨ ᠦᠭᠡᠢ ᠪᠠᠷ ᠦᠵᠠᠭᠦ ᠲᠣᠯᠡ ᠴᠢᠩᠭ᠎ᠠ ᠴᠠᠭᠡᠷᠯᠡᠳᠡᠭ᠃6. ᠮᠠᠯ ᠲᠡᠮᠡᠭᠡᠨ ᠤ ᠡᠷᠢᠯ ᠳᠤ ᠶᠠᠪᠤᠬᠤ ᠵᠠᠮ ᠳᠤ ᠠᠶᠢᠯ ᠤᠨ ᠮᠠᠯ ᠰᠦᠷᠣᠭ᠌ ᠲᠠᠭᠠᠷᠠᠯᠳᠣᠪᠠᠯ ᠤᠷᠢᠳᠠᠵᠦ ᠰᠦᠷᠣᠭ᠌ ᠤᠨ ᠡᠵᠡᠨ ᠠᠴᠠ ᠡᠷᠢᠯ ᠢᠶᠠᠨ ᠰᠣᠷᠬᠠᠯᠠᠳᠠᠭ᠃ ᠬᠠᠷᠢᠨ ᠰᠢᠭᠤᠳ ᠠᠶᠢᠯ ᠤᠨ ᠰᠦᠷᠣᠭ᠌ ᠠᠴᠠ ᠱᠦᠭᠦᠷᠳᠠᠵᠦ ᠦᠵᠡᠭᠦ ᠶᠢ ᠴᠠᠭᠡᠷᠯᠠᠨ᠎ᠠ᠃ ᠡᠨᠡ ᠨᠢ ᠰᠦᠷᠣᠭ᠌ ᠤᠨ ᠡᠵᠠᠨ ᠢ ᠢᠳᠡᠭᠡᠭᠰᠡᠨ ᠦᠭᠡᠢ ᠤᠴᠢᠷ ᠪᠤᠯᠤᠨ᠎ᠠ᠃7. ᠠᠶᠢᠯ ᠳᠤ ᠪᠤᠷᠠᠨᠳᠠᠭ ᠪᠦᠰᠠᠯᠠᠵᠦ ᠤᠷᠤᠬᠤ ᠶᠢ ᠴᠠᠭᠡᠷᠯᠠᠨ᠎ᠠ᠃ ᠪᠤᠷᠠᠨᠳᠠᠭ ᠪᠦᠰᠠᠯᠠᠵᠦ ᠠᠶᠢᠯ ᠳᠤ ᠣᠷᠣᠬᠤ ᠨᠢ ᠶᠠᠯ᠎ᠠ ᠭᠡᠮ ᠲᠠᠢ ᠭᠦᠮᠦᠨ ᠢ ᠪᠠᠷᠢᠵᠦ ᠭᠦᠯᠢᠭᠦ ᠪᠠᠷ ᠶᠠᠪᠤᠭ᠎ᠠ ᠭᠡᠵᠦ ᠦᠵᠡᠭᠦ ᠲᠤᠯᠠ ᠰᠠᠨᠠᠭᠠᠨ ᠳᠤ ᠦᠭᠡᠢ ᠲᠡᠭᠡᠰᠤ ᠪᠦᠰᠠᠯᠡᠵᠦ ᠠᠶᠢᠯ ᠳᠤ ᠤᠷᠤᠪᠠᠯ ︽ᠪᠢᠳᠠ ᠶᠠᠮᠠᠷ ᠭᠡᠷᠡᠭ ᠲᠤ ᠲᠡᠳᠠᠭᠳᠠᠭ᠎ᠠ ᠪᠤᠢ︖︾ ᠭᠡᠵᠦ ᠭᠡᠷ ᠤᠨ ᠡᠵᠡᠨ ᠣᠬᠤᠴᠢᠯᠠᠳᠠᠭ ᠨᠢ ᠤᠴᠢᠷ ᠲᠠᠢ ᠶᠤᠮ᠃8. ᠭᠡᠷ ᠤᠨ ᠪᠦᠰᠡᠯᠡᠭᠦᠷ ᠪᠤᠶᠤ ᠬᠠᠭᠠᠯᠭᠠᠨ ᠠᠴᠠ ᠲᠡᠮᠡᠭᠡ ᠤᠶᠠᠬᠤ ᠶᠢ ᠴᠠᠭᠡᠷᠯᠠᠨ᠎ᠠ᠃ ᠡᠨᠡ ᠨᠢ ᠠᠶᠢᠯ ᠢ ᠲᠤᠷᠤᠮᠵᠢᠯᠠᠵᠦ ᠪᠠᠶᠢᠬᠤ ᠪᠠ ᠠᠵᠠ ᠪᠤᠰᠣ ᠭᠡᠷᠡᠭ ᠪᠤᠯᠤᠭᠰᠠᠨ ᠢᠶᠠᠷ ᠦᠵᠡᠳᠡᠭ᠃9. ᠡᠭᠦᠳᠡᠨ ᠤ ᠭᠤᠤᠯ ᠳᠤ ᠲᠡᠮᠡᠭᠡ ᠭᠡᠪᠳᠠᠭᠦᠯᠭᠦ ᠶᠢ ᠴᠠᠭᠡᠷᠯᠡᠳᠡᠭ᠃ ᠦᠭᠦᠳᠡᠯ ᠭᠡᠭᠦᠷ ᠭᠠᠷᠭᠠᠬᠤ ᠳᠤ ᠯᠡ ᠲᠡᠮᠡᠭᠡ ᠶᠢ ᠡᠭᠦᠳᠡᠨ ᠤ ᠬᠠᠪᠢ ᠳᠤ ᠭᠡᠪᠳᠡᠭᠦᠯᠵᠤ ᠠᠴᠢᠳᠠᠭ ᠲᠣᠯᠡ ᠡᠭᠦᠨ ᠢ ᠴᠢᠩᠭ᠎ᠠ ᠴᠠᠭᠡᠷᠯᠠᠳᠡᠭ᠃10. ᠶᠠᠪᠤᠳᠠᠯ ᠤᠷᠳᠣᠳᠠᠨ᠎ᠠ ᠭᠡᠵᠦ ᠰᠣᠯᠡ ᠲᠦᠷᠤᠭᠡ ᠬᠠᠷᠰᠢᠭᠤᠯᠬᠤ ᠶᠢ ᠲᠠᠰᠣ ᠬᠤᠷᠢᠭᠯᠠᠨ᠎ᠠ᠃11. ᠠᠯᠢᠪᠠ ᠶᠠᠪᠤᠳᠠᠯ ᠳᠤ ᠮᠤᠷᠳᠠᠬᠤ ᠦᠶ᠎ᠡ ᠳᠤ ᠤᠨᠤᠭᠠᠨ ᠤ ᠲᠡᠮᠡᠭᠡ ᠡᠪᠰᠢᠶᠠᠪᠠᠯ ᠤᠴᠢᠷ ᠶᠠᠪᠤᠳᠠᠯ ᠢᠯᠭᠤᠮ ᠪᠠᠶᠠᠯᠡᠭᠳᠠᠨ᠎ᠠ ᠭᠡᠵᠦ ᠪᠠᠯᠭᠡᠰᠢᠶᠠᠨ᠎ᠠ᠃ 12᠂ ᠮᠤᠩᠭᠤᠯᠴᠣᠳ ᠭᠦᠢᠳᠠᠨ ᠬᠤᠰᠢᠭᠤ ᠲᠠᠢ ᠮᠠᠯ ᠮᠢᠬ᠎ᠠ ᠶᠢ ᠡᠷᠭᠦᠯ ᠲᠠᠬᠢᠯᠭ᠎ᠠ ᠳᠤ ᠡᠷᠭᠦᠳᠡᠭ ᠦᠭᠡᠢ ᠲᠣᠯᠡ ᠲᠡᠮᠡᠭᠡᠨ ᠮᠢᠬ᠎ᠠ ᠶᠢ ᠡᠷᠭᠦᠯ ᠲᠠᠬᠢᠯᠭ᠎ᠠ ᠳᠤ ᠭᠡᠷᠡᠭᠰᠡᠭᠦ ᠶᠢ ᠴᠠᠭᠡᠷᠯᠠᠳᠡᠭ᠃13. ᠲᠡᠮᠡᠭᠡᠨ ᠤ ᠪᠠᠨ ᠪᠤᠷᠠᠨᠳᠠᠭ ᠢ ᠠᠪᠴᠤ ᠲᠠᠯᠪᠢᠬᠤ ᠦᠶ᠎ᠠ ᠳᠤ ᠵᠠᠪᠠᠯ ᠤᠷᠢᠳ ᠢᠶᠠᠷ ᠤᠶᠠᠭ᠎ᠠ ᠲᠠᠯ᠎ᠠ ᠶᠢ ᠨᠢ ᠲᠠᠶᠢᠯᠵᠦ᠂ ᠠᠷᠦ ᠳᠤᠨᠢ ᠪᠦᠢᠯᠡ ᠠᠴᠠ ᠨᠢ ᠮᠤᠯᠳᠣᠯᠳᠠᠭ᠃14. ᠲᠡᠮᠡᠭᠡᠨ ᠤ ᠲᠤᠬᠤᠮ ᠢᠶᠠᠨ ᠡᠷᠭᠢᠭᠦᠯᠵᠦ ᠲᠣᠬᠤᠬᠤ ᠪᠤᠶᠤ ᠬᠤᠶᠢᠰᠢ ᠬᠠᠨᠳᠣᠭᠤᠯᠵᠦ ᠲᠣᠬᠤᠬᠤ ᠶᠢ ᠴᠠᠭᠡᠷᠯᠠᠨ᠎ᠠ᠃ ᠮᠠᠯ ᠤᠨ ᠵᠠᠶᠠᠭ᠎ᠠ ᠬᠠᠵᠠᠶᠢᠨ᠎ᠠ ᠭᠡᠳᠡᠭ᠃15. ᠲᠡᠮᠡᠭᠡᠨ ᠤ ᠪᠤᠷᠠᠨᠳᠠᠭ ᠢ ᠴᠣᠬᠤᠷ ᠲᠠᠮᠤᠳᠠᠭ ᠦᠭᠡᠢ᠃ ᠡᠷᠯᠢᠭ ᠤᠨ ᠴᠠᠯᠮ᠎ᠠ ᠴᠤᠬᠤᠷ ᠭᠡᠰᠡᠨ ᠦᠭᠡ ᠪᠠᠶᠢᠳᠠᠭ ᠲᠣᠯᠡ ᠨᠢᠭᠦᠯ ᠭᠡᠮᠡᠨ ᠴᠠᠭᠡᠷᠯᠡᠳᠡᠭ᠃16. ᠢᠩᠭᠡ ᠪᠠᠨ ᠰᠠᠭᠠᠵᠦ ᠲᠦᠭᠦᠷᠪᠠᠯ ᠲᠡᠮᠡᠭᠡ ᠪᠠᠯᠴᠢᠭᠦ ᠠᠴᠠ ᠡᠮᠤᠨ᠎ᠠ ᠰᠠᠴᠦᠯᠢ ᠡᠷᠭᠦᠵᠦ᠂ ᠰᠦ ᠪᠠᠨ ᠭᠡᠷ ᠲᠡᠭᠡᠨ ᠲᠠᠯᠪᠢᠭᠠᠳ ᠲᠡᠮᠡᠭᠡ ᠪᠠᠨ ᠪᠠᠯᠴᠢᠭᠡᠳᠡᠭ᠃ 17᠂ ᠲᠡᠮᠡᠭᠡᠨ ᠤ ᠪᠣᠷᠠᠨᠳᠠᠭ᠂ ᠨᠤᠭᠳᠣ ᠵᠠᠷᠭᠡ ᠡᠳ᠋ᠯᠡᠯ ᠢ ᠭᠡᠷ ᠤᠨ ᠪᠠᠷᠠᠭᠤᠨ ᠲᠠᠯ᠎ᠠ ᠶᠢᠨ ᠬᠠᠨ᠎ᠠ ᠶᠢᠨ ᠲᠤᠯᠤᠭᠠᠢ ᠠᠴᠠ ᠡᠯᠭᠦᠵᠦ ᠬᠤᠷᠢᠶᠠᠳᠠᠭ᠃ ᠬᠠᠷᠢᠨ ᠬᠠᠮᠢᠶ᠎ᠠ ᠦᠭᠡᠢ ᠭᠦᠰᠠᠷ ᠲᠤ ᠬᠠᠶᠠᠳᠠᠭ ᠦᠭᠡᠢ᠃18. ᠤᠷᠤᠢ ᠶᠢᠨ ᠲᠡᠮᠡᠭᠡ ᠰᠠᠷᠢᠭᠦᠯᠭᠡᠵᠦ ᠪᠠᠶᠢᠪᠠᠯ ᠲᠡᠭᠷᠢ ᠮᠠᠭᠤᠳᠠᠨ᠎ᠠ᠃ 19᠂ ᠲᠡᠮᠡᠭᠡ ᠬᠤᠳᠠᠯᠳᠣᠪᠠᠯ ᠪᠤᠶᠠᠨ ᠵᠠᠶᠠᠭ᠎ᠠ ᠨᠢ ᠬᠤᠴᠤᠷᠤᠭ ᠭᠡᠵᠦ ᠪᠣᠷᠠᠨᠳᠠᠭ ᠢᠶᠠᠨ ᠦᠯᠡᠳᠡᠭᠡᠵᠦ ᠠᠪᠳᠠᠭ᠃20. ᠬᠠᠶᠢᠮᠠᠯ ᠢᠩᠭᠡᠨ ᠳᠤ ᠭᠦ᠋ ᠲᠠᠢ ᠲᠣᠭᠤᠭ᠎ᠠ ᠠᠴᠢᠪᠠᠯ ᠵᠤᠯᠪᠤᠨ᠎ᠠ ᠭᠡᠵᠦ ᠴᠠᠭᠡᠷᠯᠡᠳᠡᠭ᠃                ︵︽ᠠᠯᠠᠱᠠ ᠮᠤᠩᠭᠤᠯ ᠰᠦᠯᠵᠢᠶ᠎ᠠ︾ ᠠᠴᠠ ᠰᠢᠯᠵᠢᠭᠦᠯᠪᠡ︶
 
ᠢᠷᠡᠯᠲᠡ᠄ ᠬᠢᠩᠭᠠᠨ ᠤ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号