ᠤᠢᠢᠷᠠᠳᠴᠤᠳ ᠤᠨ ᠪᠤᠯᠠᠭ ᠲᠠᠬᠢᠬᠤ ᠶᠤᠰᠤ
ᠨᠡᠶᠢᠲᠡᠯᠡᠭᠰᠡᠨ ᠴᠠᠭ᠄
2020/6/15
    ᠮᠤᠩᠭᠤᠯᠴᠤᠳ ᠪᠤᠯᠪᠠᠰᠤ ᠡᠷᠳᠡ ᠲᠡᠭᠡᠳᠤ ᠦᠶ᠎ᠠ ᠠᠴᠠ ᠪᠠᠨ ᠶᠡᠭᠡ ᠪᠠᠶᠢᠭᠠᠯᠢ ᠶᠢ ᠬᠠᠶᠢᠷᠠᠯᠠᠨ ᠶᠡᠭᠡ ᠪᠠᠶᠢᠭᠠᠯᠢ ᠪᠠᠨ ᠰᠢᠳᠤᠨ ᠲᠠᠬᠢᠳᠠᠭ ᠤᠯᠠᠮᠵᠢᠯᠠᠯ ᠲᠠᠢ᠃ ᠡ᠊ᠨᠠ ᠵᠠᠩᠰᠢᠯ ᠨᠢ ᠪᠠᠷᠠᠭᠤᠨ ᠬᠤᠶᠢᠳᠤ ᠶᠢᠨ ᠤᠢᠢᠷᠠᠳ ᠮᠤᠩᠭᠤᠯᠴᠤᠳ ᠤᠨ ᠲᠤᠮᠳᠠ ᠤᠳᠤ ᠪᠤᠯᠳᠠᠯ᠎ᠠ ᠤᠯᠠᠮᠵᠢᠯᠠᠭᠳᠠᠵᠤ ᠪᠠᠶᠢᠳᠠᠭ᠃ᠪᠤᠯᠠᠭ ᠲᠠᠬᠢᠬᠤ ᠭᠡᠳᠡᠭ ᠪᠤᠯ ᠮᠠᠯᠴᠢᠨ ᠮᠤᠩᠭᠤᠯᠴᠤᠳ ᠤᠷᠤᠰᠢᠨ ᠰᠠᠭᠤᠭ᠎ᠠ ᠤᠷᠤᠨ ᠨᠤᠳᠤᠭ ᠤᠨ ᠢᠶᠠᠨ ᠨᠠᠷᠠᠨ ᠤ ᠵᠦᠭ ᠬᠠᠨᠳᠤᠵᠤ ᠮᠦᠩᠬᠡ ᠤᠨᠳᠤᠷᠤᠨ ᠤᠷᠤᠰᠴᠤ ᠪᠠᠶᠢᠭ᠎ᠠ ᠪᠤᠯᠠᠭ ᠤᠨ ᠡᠬᠢᠨ ᠤ ᠲᠡᠷᠭᠡᠳᠠ ᠴᠤᠭᠯᠠᠷᠠᠨ ᠢᠳᠡᠭᠡᠨ ᠤ ᠲᠡᠭᠡᠵᠢ ᠪᠠᠨ ᠤᠰᠤᠨ ᠳᠤᠨᠢ ᠰᠠᠴᠤᠵᠤ ᠢᠷᠤᠭᠡᠯ ᠲᠠᠯᠪᠢᠬᠤ ᠤᠯᠠᠮᠵᠢᠯᠠᠯᠳᠤ ᠵᠠᠩᠰᠢᠯ ᠢ ᠬᠡᠯᠡᠨ᠎ᠠ᠃     ᠪᠤᠯᠠᠭ ᠲᠠᠬᠢᠬᠤ ᠶᠤᠰᠤᠨ ᠢ ᠵᠢᠯ ᠪᠦᠷᠢ ᠶᠢᠨ ᠬᠠᠪᠤᠷ ᠡᠪᠡᠰᠤ ᠮᠤᠳᠤ ᠡᠬᠢᠯᠡᠵᠤ ᠬᠦᠬᠡᠷᠡᠬᠦ ᠦᠶ᠎ᠠ ᠳᠤ ᠦᠯᠵᠠᠢ ᠪᠡᠯᠭᠡ ᠲᠠᠢ ᠰᠠᠶᠢᠬᠠᠨ ᠡᠳᠤᠷ ᠢ ᠦᠵᠡᠬᠦᠯᠤᠨ ᠰᠤᠩᠭᠤᠵᠤ ︵ᠵᠠᠷᠢᠮ ᠭᠠᠵᠠᠷ ᠲᠤ ᠡᠷᠳᠠ ᠲᠡᠭᠡᠳᠤ ᠠᠴᠠ ᠪᠠᠨ ᠤᠯᠠᠮᠵᠢᠯᠠᠨ ᠢᠷᠡᠭᠰᠡᠨ ᠲᠤᠭᠳᠠᠮᠠᠯ ᠡᠳᠤᠷ ᠪᠠᠶᠢᠳᠠᠭ︶ ᠬᠢᠳᠡᠭ᠃ ᠪᠤᠯᠠᠭ ᠲᠠᠬᠢᠬᠤ ᠳᠤ ᠯᠠᠮᠠ ᠮᠡᠷᠭᠡᠳ ᠢ ᠵᠠᠯᠠᠨ ᠨᠤᠮ ᠤᠩᠰᠢᠭᠤᠯᠬᠤ᠂ ᠪᠦᠬᠡᠴᠢᠨ ᠵᠠᠯᠠᠨ ᠪᠦᠬᠡ ᠪᠠᠷᠢᠯᠳᠤᠭᠤᠯᠬᠤ ᠵᠡᠷᠭᠡ ᠠᠵᠢᠯᠯᠠᠭ᠎ᠠ ᠶᠢ ᠬᠢᠵᠤ᠂ ᠤᠢᠢᠷ᠎ᠠ ᠬᠠᠪᠢ ᠶᠢᠨ ᠬᠦᠮᠤᠰ ᠪᠦᠬᠦᠳᠠ ᠴᠤᠭᠯᠠᠷᠠᠨ᠂ ᠪᠤᠯᠠᠭ ᠤᠨ ᠡᠬᠢᠨ ᠲᠡᠭᠡᠷ᠎ᠠ ᠤᠷᠭᠤᠭᠰᠠᠨ ᠮᠤᠳᠤ ᠪᠤᠶᠤ ᠴᠢᠯᠠᠭᠤᠨ ᠲᠡᠭᠡᠷ᠎ᠠ ᠬᠠᠳᠠᠭ ᠰᠠᠮᠪᠠᠢ ᠪᠤᠯᠤᠨ ᠮᠠᠯ ᠤᠨ ᠢᠶᠠᠨ ᠦᠰᠤ ᠨᠤᠥᠰᠤ ᠪᠠᠨ ᠠᠪᠠᠴᠢᠵᠤ ᠲᠡᠭᠡᠵᠢᠯᠡᠨ᠂ ᠰᠠᠩ ᠲᠠᠯᠪᠢᠵᠤ ᠰᠠᠷᠴᠢᠮ ᠡᠷᠬᠦᠳᠡᠭ ᠪᠠᠶᠢᠨ᠎ᠠ᠃ ᠴᠤᠭᠯᠠᠷᠠᠨ ᠢᠷᠡᠭᠰᠡᠨ ᠬᠦᠮᠤᠰ ᠪᠦᠬᠦᠳᠠ ᠰᠦ᠂ ᠰᠢᠷ᠎ᠠ ᠲᠤᠰᠤ᠂ ᠰᠢᠬᠢᠷ ᠪᠤᠭᠤᠷᠰᠤᠬ ᠵᠡᠷᠭᠡ ᠢᠳᠡᠭᠡᠨ ᠢ ᠠᠪᠠᠴᠢᠵᠤ ᠲᠡᠭᠡᠵᠢ ᠡᠷᠬᠦᠳᠡᠭ ᠪᠦᠭᠡᠳ ᠴᠠᠭᠠᠨ ᠢᠮᠠᠭᠠᠨ ᠤ ᠰᠦ ᠪᠤᠶᠤ ᠤᠯᠠᠭᠠᠨ ᠦᠬᠡᠷ ᠤᠨ ᠰᠦ ᠶᠢ ᠪᠤᠯᠠᠭ ᠤᠨ ᠤᠰᠤᠨ ᠳᠤ ᠰᠠᠴᠤᠵᠤ᠄ ︽ᠨᠤᠳᠤᠭ ᠨᠢᠷᠤᠭᠤᠨ ᠤ ᠮᠢᠨᠢ ᠡᠵᠡᠨ ᠪᠤᠯᠤᠭᠰᠠᠨ ᠯᠤᠤᠰ ᠤᠨ ᠬᠠᠭᠠᠨ ᠰᠠᠪᠳᠠᠭ ᠮᠢᠨᠢ ᠪᠠᠶᠠᠷᠯᠠᠳᠤᠭᠠᠢ︕ ᠷᠠᠰᠢᠶᠠᠨ ᠪᠤᠯᠠᠭ ᠮᠢᠨᠢ ᠰᠢᠷᠬᠢᠰᠢ ᠦᠭᠡᠢ ᠮᠦᠩᠬᠡ ᠤᠷᠤᠰᠴᠤ᠂ ᠠᠳᠤᠭᠤ ᠮᠠᠯ ᠮᠢᠨᠢ ᠤᠰᠤ ᠤᠮᠳᠠ ᠪᠠᠷ ᠬᠠᠩᠬᠤᠯᠤᠭᠠᠳ ᠪᠠᠶᠢᠬᠤ ᠪᠤᠯᠳᠤᠭᠠᠢ︕ ᠦᠷ᠎ᠠ ᠠᠴᠢ ᠨᠠᠷ ᠮᠢᠨᠢ ᠪᠤᠯᠠᠭ ᠤᠨ ᠤᠰᠤᠨ ᠮᠡᠳᠤ ᠲᠤᠩᠭᠠᠯᠠᠭ ᠤᠬᠠᠭᠠᠨ ᠲᠠᠢ ᠪᠤᠯᠳᠤᠭᠠᠢ︕︾ ᠭᠡᠮᠡᠨ ᠢᠷᠤᠭᠡᠯ ᠲᠠᠯᠪᠢᠵᠤ᠂ ᠪᠤᠯᠠᠭ ᠤᠨ ᠵᠦᠭ ᠲᠤ ᠬᠦᠮᠤᠨ ᠪᠦᠷᠢ ᠭᠤᠷᠪᠠ ᠮᠦᠷᠬᠦᠵᠤ᠂ ᠠᠪᠴᠢᠷᠠᠭᠰᠠᠨ ᠢᠳᠡᠭᠡᠨ ᠢᠶᠠᠨ ᠬᠤᠪᠢᠶᠠᠯᠴᠠᠨ ᠢᠳᠡᠵᠡᠭᠡᠳᠡᠭ ᠪᠠᠶᠢᠨ᠎ᠠ᠃ ᠪᠤᠯᠠᠭ ᠲᠠᠬᠢᠬᠤ ᠦᠶ᠎ᠠ ᠳᠤ ᠪᠤᠯᠠᠭ ᠤᠨ ᠲᠡᠷᠭᠡᠳᠠ ᠠᠷᠢᠬᠢ ᠤᠥᠭᠤᠵᠤ ᠲᠠᠮᠠᠬᠢ ᠲᠠᠳᠠᠬᠤ ᠶᠢ ᠮᠠᠰᠢ ᠴᠡᠭᠡᠷᠯᠡᠳᠡᠭ ᠤᠴᠢᠷ ᠲᠠᠢ᠃     ︵︽ᠠᠯᠠᠱᠠ ᠮᠤᠩᠭᠤᠯ ᠰᠦᠯᠵᠢᠶ᠎ᠠ︾ ᠠᠴᠠ ᠰᠢᠯᠵᠢᠬᠦᠯᠪᠡ︶
 
ᠢᠷᠡᠯᠲᠡ᠄ ᠬᠢᠩᠭᠠᠨ ᠤ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号