— ᠠᠯᠳᠠᠷ ᠰᠤᠮᠤ ᠶᠢᠨ ᠬᠦᠨᠳᠡᠯᠡᠨ ᠭᠠᠴᠠᠭᠠᠨ ᠤ ᠨᠢᠭᠡᠳᠦᠭᠡᠷ ᠱᠦᠵᠢ ᠯᠢ ᠨᠠᠨ ᠨᠠᠨ ᠤ ᠦᠢᠯᠡ | ᠠᠵᠢᠯᠯᠠᠭ᠎ᠠ ᠶᠢ ᠲᠡᠮᠳᠡᠭᠯᠡᠪᠡ | ︽ᠪᠢ ᠪᠣᠯ ᠬᠥᠳᠡᠭᠡ ᠲᠣᠰᠬᠤᠨ ᠳᠤ ᠲᠦᠷᠦᠵᠦ ᠦᠰᠦᠭᠰᠡᠨ ᠬᠡᠦᠬᠡᠳ᠃ ᠳᠠᠬᠢᠨ ᠬᠥᠳᠡᠭᠡ ᠲᠣᠰᠬᠤᠨ ᠳᠤ | ᠪᠤᠴᠠᠵᠤ᠂ ᠶᠠᠳᠠᠭᠤ ᠬᠦᠴᠢᠷᠳᠡᠯᠲᠡᠢ ᠡᠷᠦᠬᠡ ᠶᠢᠨ ᠭᠡᠷ ᠲᠤ ᠣᠷᠣᠬᠤ ᠳᠤ᠂ ᠭᠠᠴᠠᠭᠠᠨ ᠤ ᠠᠷᠠᠳ ᠨᠠᠮᠠᠶᠢ ᠭᠡᠷ ᠤᠨ | ᠬᠥᠮᠦᠰ ᠢᠶᠠᠨ ᠮᠡᠳᠦ ᠪᠤᠳᠤᠵᠦ ᠪᠤᠢ᠂ ᠪᠢ ᠵᠠᠪᠠᠯ ᠲᠡᠳᠡᠨ ᠤ ᠲᠥᠯᠥᠭᠡ ᠪᠣᠳᠠᠲᠠᠢ ᠠᠵᠢᠯ ᠬᠢᠬᠦ ᠬᠡᠷᠡᠭᠲᠡᠢ︾ ᠭᠡᠵᠦ | ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠠᠯᠳᠠᠷ ᠰᠤᠮᠤ ᠶᠢᠨ ᠬᠥᠨᠳᠡᠯᠡᠨ ᠭᠠᠴᠠᠭ᠎ᠠ ᠶᠢᠨ ᠲᠣᠰᠬᠤᠨ ᠳᠤ | ᠰᠠᠭᠤᠭ᠎ᠠ ᠨᠢᠭᠡᠳᠦᠭᠡᠷ ᠱᠦᠵᠢ ᠯᠢ ᠨᠠᠨ ᠨᠠᠨ ᠶᠠᠷᠢᠨ᠎ᠠ᠃ | 2017 ᠣᠨ ᠤ 4 ᠰᠠᠷ᠎ᠠ ᠳᠤ᠂ ︽ᠶᠡᠷᠡᠭᠡᠳ ᠣᠨ ᠳᠤ ᠲᠥᠷᠥᠭᠰᠡᠨ︾ ᠪᠠᠶᠢᠴᠠᠭᠠᠬᠤ ᠲᠤᠰᠢᠶᠠᠯᠲᠠᠨ ᠯᠢ | ᠨᠠᠨ ᠰᠠᠨᠠᠭᠠᠴᠢᠯᠠᠭ᠎ᠠ ᠠᠴᠠ ᠪᠠᠨ ᠲᠣᠰᠬᠤᠨ ᠳᠤ ᠰᠠᠭᠤᠬᠤ ᠪᠠᠷ ᠭᠤᠶᠤᠴᠢᠯᠠᠪᠠ᠃ ᠲᠡᠭᠦᠨ ᠤ ᠡᠵᠢ ᠨᠢ ᠬᠦᠤ ᠪᠠᠨ | ᠬᠦᠳᠡᠭᠡ ᠳᠤ ᠶᠠᠪᠤᠭᠤᠯᠬᠤ ᠲᠤᠷ᠎ᠠ ᠦᠭᠡᠢ᠂ ᠠᠮᠠᠷᠠᠭ ᠭᠡᠷᠭᠡᠢ ᠨᠢ ᠲᠡᠭᠦᠨ ᠠᠴᠠ ᠰᠠᠯᠵᠦ ᠶᠠᠳᠠᠨ᠎ᠠ᠂ ᠲᠥᠷᠥᠯ ᠰᠠᠳᠤᠨ | ᠨᠠᠶᠢᠵᠠ ᠨᠥᠬᠦᠳ ᠨᠢ ᠪᠦᠷ ᠲᠠᠯ᠎ᠠ ᠲᠠᠯ᠎ᠠ ᠠᠴᠠ ᠨᠢ ᠲᠡᠭᠦᠨ ᠢ ᠢᠳᠬᠠᠨ᠎ᠠ᠃ ᠡᠳᠡᠭᠡᠷ ᠨᠢ ᠯᠢ ᠨᠠᠨ ᠨᠠᠨ ᠤ | ᠶᠠᠳᠠᠭᠤ ᠶᠢ ᠲᠡᠳᠬᠦᠬᠦ ᠡᠮᠦᠨ᠎ᠡ ᠹᠷᠣᠨᠲ ᠤᠷᠤᠭᠤ ᠲᠡᠮᠡᠤᠯᠬᠦ ᠶᠢ ᠬᠤᠷᠢᠭᠯᠠᠵᠤ ᠴᠢᠳᠠᠭᠰᠠᠨ ᠦᠭᠡᠢ᠃ ᠭᠡᠪᠡᠴᠦ᠂ | ᠴᠡᠷᠢᠭ ᠤᠨ ᠬᠤᠸᠠᠷᠠᠨ ᠳᠤ ᠥᠰᠴᠦ ᠪᠤᠶᠢᠵᠢᠭᠰᠠᠨ ᠡᠨᠡ ᠵᠠᠯᠠᠭᠤ ᠬᠦᠨᠳᠡᠯᠡᠨ ᠭᠠᠴᠠᠭᠠᠨ ᠳᠤ ᠢᠷᠡᠭᠰᠡᠨ ᠤ ᠪᠠᠨ | ᠲᠠᠷᠠᠭ᠎ᠠ ᠰᠠᠶ᠋ᠢ ᠮᠥᠷᠥᠨ ᠳᠡᠭᠡᠷᠡᠬᠢ ᠡᠭᠦᠷᠭᠡ ᠭᠡᠳᠦᠢ ᠬᠦᠨᠳᠦ ᠭᠡᠳᠡᠭ ᠢ ᠦᠨᠡᠨ ᠪᠣᠳᠠᠲᠠᠶ ᠰᠡᠷᠡᠵᠦ ᠮᠡᠳᠡᠭᠰᠡᠨ ᠪᠠᠶᠢᠯ᠎ᠠ | ᠃ | ᠶᠠᠳᠠᠭᠤ ᠬᠦᠴᠢᠷᠳᠡᠯᠲᠡᠶ ᠡᠷᠦᠬᠡ ᠳᠤ ᠴᠢᠨᠡᠭᠡᠯᠢᠭᠵᠢᠯ ᠤᠨ ᠲᠤᠬᠢᠶᠠᠯ ᠠᠪᠴᠢᠷᠠᠵᠦ ᠦᠭᠪᠡ | ᠬᠦᠨᠳᠡᠯᠡᠨ ᠭᠠᠴᠠᠭ᠎ᠠ ᠳᠤ ᠰᠠᠶ᠋ᠢ ᠢᠷᠡᠬᠦ ᠦᠶ᠎ᠠ ᠳᠤ ᠠᠷᠠᠳ ᠤᠯᠠᠨ ᠡᠨᠡᠬᠦ ᠵᠠᠯᠠᠭᠤ ᠱᠦᠵᠢ ᠶᠢᠨ | ᠴᠢᠳᠠᠪᠤᠷᠢ ᠳᠤ ᠶᠡᠭᠡ ᠰᠡᠵᠢᠭᠯᠡᠯ ᠲᠠᠢ ᠪᠠᠶᠢᠵᠦ ︽ᠬᠤᠳᠠ ᠳᠤ ᠠᠯᠪᠠ ᠲᠠᠢ ᠭᠡᠤᠭᠡᠳ᠂ ᠶᠠᠮᠠᠷ ᠴᠢᠳᠠᠯ ᠪᠠᠶᠢᠨ᠎ᠠ ᠪᠣᠶ︖ | ︾ ᠭᠡᠨ᠎ᠠ᠃ ᠭᠠᠴᠠᠭᠠᠨ ᠤ ᠺᠠᠳ᠋ᠷᠴᠤᠳ ᠲᠡᠭᠦᠨ ᠤ ᠭᠠᠴᠠᠭᠠᠠ ᠳᠤ ᠢᠷᠡᠵᠤ ᠬᠤᠪᠢᠷᠠᠯᠲᠠ ᠭᠠᠷᠭᠠᠬᠤ ᠶᠢ ᠬᠦᠰᠡᠵᠦ᠂ | ᠭᠠᠴᠠᠭᠠᠨ ᠤ ᠠᠷᠠᠳ ᠡᠨᠡ ᠬᠤᠳᠠ ᠠᠴᠠ ᠢᠷᠡᠭᠰᠡᠨ ᠵᠠᠯᠠᠭᠤ ᠴᠤᠬᠤᠮ ᠶᠠᠭᠤ ᠪᠦᠳᠦᠭᠡᠵᠦ ᠲᠡᠶᠢᠯᠳᠡᠭ ᠪᠤᠯ ᠭᠡᠵᠦ | ᠠᠵᠢᠭᠯᠠᠨ᠎ᠠ᠃ | ︽ᠭᠠᠴᠠᠭᠠᠨ ᠳᠤ ᠰᠠᠶ᠋ᠢ ᠢᠷᠡᠬᠦ ᠳᠤ ᠶᠠᠭᠤ ᠴᠤ ᠮᠡᠳᠡᠬᠦ ᠦᠭᠡᠢ ᠪᠠᠶᠢᠭᠰᠠᠨ᠂ ᠮᠠᠨ ᠤ ᠠᠵᠢᠯᠯᠠᠬᠤ ᠠᠩᠭᠢ | ᠭᠠᠴᠠᠭ᠎ᠠ ᠳᠤ ᠢᠷᠡᠭᠰᠡᠨ ᠤ ᠳᠠᠷᠠᠭᠠᠬᠢ ᠨᠢᠭᠡᠳᠦᠭᠡᠷ ᠶᠠᠪᠤᠳᠠᠯ ᠪᠣᠯ ᠳᠠᠷᠤᠶ ᠡᠷᠦᠬᠡ ᠳᠤ ᠬᠦᠨᠵᠡᠭᠡᠶᠢᠷᠡᠨ ᠰᠤᠷᠪᠤᠯᠵᠢᠯᠠᠵᠦ | ᠂ ᠣᠯᠠᠨ ᠲᠦᠮᠡᠨ ᠲᠠᠢ ᠶᠠᠷᠢᠯᠴᠠᠵᠤ᠂ ᠲᠡᠳᠡᠨ ᠤ ᠶᠠᠮᠠᠷ ᠪᠣᠳᠣᠯ ᠰᠠᠨᠠᠯ ᠪᠠᠶᠢᠬᠤ ᠶᠢ ᠰᠣᠨᠣᠰᠤᠨ᠎ᠠ︾᠃ ᠣᠬᠤᠷᠬᠠᠨ | ᠨᠢᠭᠡ ᠰᠠᠷ᠎ᠠ ᠶᠢᠨ ᠳᠣᠲᠣᠷ᠎ᠠ᠂ ᠯᠢ ᠨᠠᠨ ᠨᠠᠨ ᠪᠣᠯᠤᠨ ᠠᠵᠢᠯᠯᠠᠬᠤ ᠠᠩᠭᠢ ᠶᠢᠨ ᠭᠡᠰᠢᠭᠦᠳ ᠭᠠᠴᠠᠭᠠᠨ ᠤ 301 | ᠡᠷᠦᠬᠡ ᠪᠠᠷ ᠬᠦᠨᠵᠡᠭᠡᠶᠢᠷᠡᠨ 700 ᠭᠠᠷᠤᠶ ᠠᠷᠠᠳ ᠢ ᠠᠰᠠᠭᠤᠨ ᠰᠤᠷᠪᠤᠯᠵᠢᠯᠠᠵᠦ᠂ ᠯᠢ ᠣᠪᠣᠭᠲᠤ ᠶᠢᠨ ᠬᠢᠨ ᠦᠬᠡᠷ | ᠲᠡᠵᠢᠭᠡᠬᠦ ᠰᠠᠨᠠᠭ᠎ᠠ ᠲᠠᠢ᠂ ᠵᠠᠩ ᠣᠪᠣᠭᠲᠤ ᠶᠢᠨ ᠬᠢᠨ ᠲᠠᠷᠢᠮᠠᠯ ᠤᠨ ᠦᠢᠯᠡᠰ ᠢ ᠬᠥᠭᠵᠢᠭᠦᠯᠬᠦ ᠰᠠᠨᠠᠭ᠎ᠠ ᠲᠠᠢ᠂ ᠵᠤᠤ | ᠣᠪᠣᠭᠲᠤ ᠶᠢᠨ ᠬᠢᠨ ᠬᠦᠷᠢᠶ᠎ᠡ ᠬᠠᠰᠢᠶ᠎ᠠ ᠶᠢᠨ ᠠᠵᠤ ᠠᠬᠤᠢ ᠡᠷᠬᠢᠯᠡᠬᠦ ᠰᠠᠨᠠᠭᠠᠲᠠᠢ ᠭᠡᠭᠦ ᠮᠡᠳᠦ ᠶᠢᠨ ᠶᠡᠭᠡ ᠪᠠᠭ᠎ᠠ | ᠶᠠᠪᠤᠳᠠᠯ ᠨᠢ ᠪᠦᠷ ᠲᠡᠭᠦᠨ ᠤ ᠰᠡᠳᠬᠢᠯ ᠳᠤ ᠬᠠᠳᠠᠩᠰᠢᠵᠠᠢ᠃ | ᠲᠡᠷᠡ ᠳᠠᠷᠤᠤ ᠬᠢᠴᠢᠶᠡᠩᠭᠦᠶ ᠪᠠᠷ ᠭᠠᠴᠠᠭᠠᠨ ᠤ ᠺᠠᠳ᠋ᠷ ᠠᠴᠠ ᠶᠠᠳᠠᠭᠤ ᠶᠢ ᠲᠡᠳᠬᠦᠬᠦ ᠲᠤᠬᠠᠶᠢᠯᠠᠭᠰᠠᠨ | ᠠᠵᠢᠯ ᠤᠨ ᠮᠡᠳᠡᠯᠭᠡ ᠶᠢ ᠰᠤᠷᠤᠯᠴᠠᠵᠤ᠂ ᠲᠣᠰᠬᠤᠨ ᠤ ᠪᠠᠶᠢᠳᠠᠯ ᠢ ᠣᠶᠢᠯᠠᠭᠠᠵᠤ᠂ ᠰᠤᠯᠠ ᠰᠡᠯᠡᠭᠦᠦ ᠴᠠᠭ ᠲᠠᠭᠠᠨ | ᠢᠨᠲ᠋ᠧᠷ ᠰᠦᠯᠵᠢᠶ᠎ᠠ ᠶᠢ ᠠᠰᠢᠭᠯᠠᠨ ᠡᠯ᠎ᠡ ᠭᠠᠵᠠᠷ ᠤᠨ ᠶᠠᠳᠠᠭᠤ ᠠᠴᠠ ᠠᠩᠭᠢᠵᠢᠷᠠᠭᠤᠯᠬᠤ ᠪᠣᠭᠤᠮᠲᠠ ᠰᠢᠪᠲᠤᠯᠬᠤ | ᠠᠵᠢᠯ ᠤᠨ ᠰᠢᠨ᠎ᠡ ᠠᠷᠭ᠎ᠠ᠂ ᠰᠢᠨ᠎ᠡ ᠲᠤᠷᠰᠢᠯᠭ᠎ᠠ ᠶᠢ ᠤᠢᠢᠯᠠᠭᠠᠵᠦ᠂ ᠵᠠᠪᠰᠢᠶᠠᠨ ᠳᠠᠭᠠᠷᠠᠪᠠᠯ ᠪᠠᠰᠠ ᠲᠤᠬᠠᠶ ᠶᠢᠨ | ᠭᠠᠵᠠᠷ ᠲᠤ ᠣᠴᠢᠵᠤ ᠰᠤᠷᠤᠯᠴᠠᠳᠠᠭ᠃ ᠨᠢᠭᠡ ᠤᠳᠠᠭ᠎ᠠ ᠭᠠᠳᠠᠭᠰᠢ ᠭᠠᠷᠴᠤ ᠰᠢᠨᠵᠢᠯᠡᠨ ᠪᠠᠶᠢᠴᠠᠭᠠᠵᠤ ᠰᠤᠷᠤᠯᠴᠠᠬᠤ | ᠵᠠᠮ ᠳᠠᠭᠠᠨ᠂ ᠯᠢ ᠨᠠᠨ ᠨᠠᠨ ᠬᠢᠭᠡᠳ ᠲᠣᠰᠬᠤᠨ ᠢ ᠲᠠᠭᠠᠭᠠᠴᠢᠯᠠᠵᠦ ᠪᠠᠶᠢᠭ᠎ᠠ ᠺᠠᠳ᠋ᠷ ᠮᠠ ᠮᠧᠩ ᠯᠢᠶᠠᠩ ᠬᠤᠶᠠᠭᠤᠯᠠ | ︽ᠣᠷᠳᠣᠨ ᠤ ᠰᠢᠷ᠎ᠠ ᠲᠠᠬᠢᠶ᠎ᠠ︾ ᠭᠡᠬᠦ ᠡᠭᠦᠯᠳᠡᠷ ᠤᠨ ᠲᠠᠬᠢᠶ᠎ᠠ ᠶᠢᠨ ᠢᠳᠡᠬᠦ ᠬᠡᠮᠵᠢᠶ᠎ᠡ ᠪᠠᠭ᠎ᠠ᠂ ᠤᠨᠳᠤᠷᠤᠯᠳᠠ ᠶᠢᠨ | ᠨᠤᠷᠮ᠎ᠠ ᠥᠨᠳᠥᠷ᠂ ᠲᠡᠵᠢᠭᠡᠬᠦ ᠳᠤ ᠠᠮᠠᠷᠬᠠᠨ᠂ ᠪᠠᠰᠠ ᠦᠢᠯᠡᠳᠪᠦᠷᠢᠯᠡᠯ ᠤᠨ ᠴᠢᠳᠠᠪᠬᠢ ᠥᠨᠳᠥᠷ᠂ ᠮᠢᠬ᠎ᠠ | ᠥᠨᠳᠡᠭᠡ ᠶᠢᠨ ᠶᠠᠰᠤ ᠴᠢᠨᠠᠷ ᠰᠠᠶᠢᠨ ᠵᠡᠷᠭᠡ ᠳᠠᠪᠠᠭᠤᠯᠢᠭ ᠲᠠᠯ᠎ᠠ ᠲᠠᠢ ᠪᠠᠶᠢᠵᠦ᠂ ᠲᠡᠵᠢᠭᠡᠨ ᠦᠷᠡᠵᠢᠭᠦᠯᠬᠦ ᠳᠤ ᠮᠠᠰᠢ | ᠲᠣᠬᠢᠷᠠᠮᠵᠢᠲᠠᠶ ᠪᠠᠶᠢᠬᠤ ᠶᠢ ᠤᠯᠵᠦ ᠮᠡᠳᠡᠪᠡ᠃ | ᠬᠢᠨ᠎ᠠ ᠭᠡᠪᠡᠯ ᠲᠠᠷᠤᠢ ᠲᠦᠷᠭᠡᠨ ᠬᠦᠳᠡᠯᠬᠦ ᠭᠡᠷᠡᠭᠳᠡᠢ᠃ 2019 ᠣᠨ ᠤ 7 ᠰᠠᠷ᠎ᠠ ᠳᠤ᠂ ᠭᠠᠴᠠᠭᠠᠨ ᠤ ︽ | ᠬᠤᠶᠠᠷ ᠵᠥᠪᠯᠡᠯ︾ ᠪᠠ ᠶᠠᠳᠠᠭᠤ ᠬᠦᠴᠢᠷᠳᠡᠯᠲᠡᠶ ᠡᠷᠦᠬᠡ ᠲᠠᠢ ᠬᠠᠷᠢᠯᠴᠠᠭᠰᠠᠨ ᠤ ᠳᠠᠷᠠᠭ᠎ᠠ᠂ ᠲᠡᠷᠡ ᠮᠠ ᠮᠧᠩ | ᠯᠢᠶᠠᠩ ᠲᠠᠢ ᠬᠤᠶᠠᠭᠤᠯᠠ ᠥᠪᠡᠷ ᠤᠨ ᠵᠣᠭᠤᠰ ᠢᠶᠠᠨ ᠭᠠᠷᠭᠠᠵᠤ᠂ 17000 ᠲᠥᠭᠦᠷᠢᠭ ᠵᠠᠷᠤᠴᠠᠭᠤᠯᠵᠤ᠂ 2000 | ᠲᠠᠬᠢᠶᠠᠨ ᠴᠤᠷᠪᠠᠭ᠎ᠠ ᠬᠤᠳᠠᠯᠳᠤᠨ ᠠᠪᠴᠦ᠂ ᠭᠠᠴᠠᠭᠠᠨ ᠤ ᠲᠡᠵᠢᠭᠡᠨ ᠦᠷᠡᠵᠢᠭᠦᠯᠬᠦ ᠲᠤᠷᠰᠢᠯᠭ᠎ᠠ ᠪᠠᠷ ᠪᠠᠶᠠᠯᠢᠭ᠂ | ᠶᠠᠳᠠᠭᠤ ᠠᠴᠠ ᠠᠩᠭᠢᠵᠢᠷᠠᠭᠤᠯᠬᠤ ᠬᠥᠳᠡᠯᠭᠡᠭᠴᠢ ᠬᠦᠴᠦᠨ ᠢᠶᠠᠷ ᠴᠢᠩᠭ᠎ᠠ ᠲᠠᠩᠰᠠ ᠡᠪᠬᠡᠮᠡᠯ ᠪᠠᠶᠢᠭᠤᠯᠤᠭᠰᠠᠨ ᠪᠠᠶᠠᠷᠲᠤ | ᠂ ᠾᠧ ᠳ᠋ᠢᠩ ᠱᠠᠨ᠂ ᠯᠢᠦ ᠶᠠᠨ ᠺᠦᠶ ᠶᠢᠨ ᠬᠢᠨ ᠳᠤ ᠬᠤᠪᠢᠶᠠᠨ ᠥᠭᠴᠦ ᠲᠡᠵᠢᠭᠡᠯᠭᠡᠭᠦ ᠶᠢᠨ ᠬᠠᠮᠳᠤ ᠶᠠᠳᠠᠭᠤ | ᠬᠦᠴᠢᠷᠳᠡᠯᠲᠡᠶ ᠡᠷᠦᠬᠡ ᠳᠤ ᠴᠤᠷᠪᠠᠭ᠎ᠠ ᠶᠢᠨ ᠪᠣᠷᠳᠤᠭ᠎ᠠ ᠬᠠᠩᠭᠠᠵᠤ ᠦᠭᠪᠡ᠃ | ᠲᠡᠵᠢᠭᠡᠨ ᠦᠷᠡᠵᠢᠭᠦᠯᠬᠦ ᠡᠬᠢᠨ ᠤ ᠬᠤᠭᠤᠴᠠᠭᠠᠨ ᠳᠤ᠂ ᠯᠢ ᠨᠠᠨ ᠨᠠᠨ ᠡᠳᠦᠷ ᠠᠯᠤᠰᠯᠠᠪᠠᠯ ᠲᠠᠷᠤᠢ | ᠲᠡᠳᠡᠨ ᠤ ᠲᠠᠬᠢᠶᠠᠨ ᠡᠭᠦᠷ ᠲᠤ ᠬᠦᠷᠴᠦ ᠪᠠᠶᠢᠳᠠᠯ ᠢ ᠪᠠᠶᠢᠴᠠᠭᠠᠨ ᠦᠵᠡᠵᠦ᠂ ᠲᠠᠬᠢᠶᠠᠨ ᠰᠠᠷᠠᠪᠴᠢ ᠶᠢᠨ ᠳᠤᠯᠠᠭᠠᠨ ᠤ | ᠬᠡᠮᠵᠢᠶ᠎ᠡ᠂ ᠲᠡᠵᠢᠭᠡᠯ ᠪᠣᠷᠳᠣᠭᠠᠨ ᠤ ᠬᠠᠷᠢᠴᠠᠯ᠂ ᠪᠠᠺᠲ᠋ᠧᠷᠢ ᠶᠢ ᠠᠯᠠᠵᠤ ᠠᠷᠢᠭᠤᠳᠬᠠᠬᠤ ᠵᠡᠷᠭᠡ ᠶᠢ ᠪᠦᠷ ᠨᠢᠭᠡᠳ | ᠨᠢᠭᠡ ᠪᠠᠷ ᠨᠠᠷᠢᠪᠴᠢᠯᠠᠨ ᠤᠢᠢᠯᠠᠭᠠᠨ᠎ᠠ᠃ ᠡᠨᠡᠬᠦ ᠡᠭᠦᠯᠳᠡᠷ ᠤᠨ ᠲᠠᠬᠢᠶ᠎ᠠ ᠶᠢᠨ ᠴᠤᠷᠪᠠᠭ᠎ᠠ ᠪᠤᠶᠢᠵᠢᠭᠤᠯᠬᠤ | ᠬᠤᠭᠤᠴᠠᠭ᠎ᠠ ᠨᠢ ᠮᠠᠰᠢ ᠵᠠᠩᠭᠢᠯᠠᠭ᠎ᠠ ᠪᠣᠯᠤᠨ᠎ᠠ᠂ ᠯᠢ ᠨᠠᠨ ᠨᠠᠨ ᠮᠡᠷᠭᠡᠵᠢᠯ ᠤᠨ ᠠᠵᠢᠯᠲᠠᠨ ᠠᠴᠠ ᠠᠷᠠᠴᠢᠯᠠᠵᠤ | ᠲᠡᠵᠢᠭᠡᠬᠦ ᠲᠤᠷᠰᠢᠯᠭ᠎ᠠ ᠶᠢ ᠰᠤᠷᠤᠯᠴᠠᠵᠤ ᠲᠠᠬᠢᠨ ᠶᠠᠳᠠᠭᠤ ᠬᠦᠴᠢᠷᠳᠡᠯᠲᠡᠶ ᠡᠷᠦᠬᠡ ᠳᠤ ᠬᠦᠯᠢᠴᠡᠩᠭᠦᠶ ᠨᠢᠮᠪᠠᠶ ᠵᠢᠭᠠᠵᠤ | ᠦᠭᠭᠦᠨ ᠤᠨᠳᠤᠷᠤᠯᠳᠠ ᠶᠢᠨ ᠨᠣᠷᠮ᠎ᠠ ᠶᠢ ᠪᠠᠲᠤᠯᠠᠵᠤ ᠴᠢᠳᠠᠪᠠ᠃ | ᠨᠢᠭᠡ ᠡᠳᠦᠷ ᠤᠨ ᠥᠷᠯᠥᠭᠡ᠂ ᠰᠠᠶ᠋ᠢᠬᠠᠨ ᠪᠣᠰᠤᠭᠰᠠᠨ ᠯᠢ ᠨᠠᠨ ᠨᠠᠨ ︽ᠯᠢ ᠱᠦᠵᠢ ᠡ᠂ ᠮᠠᠨ ᠤ ᠠᠷᠪᠠᠨ | ᠬᠡᠳᠦᠨ ᠳᠠᠬᠢᠶ᠎ᠠ ᠳᠤ ᠡᠪᠡᠳᠴᠢᠨ ᠤᠷᠤᠭᠰᠠᠨ ᠰᠢᠬ᠂ ᠲᠠ ᠬᠤᠷᠳᠤᠨ ᠢᠷᠡᠭᠡᠳ ᠦᠵᠡᠭᠡᠳ ᠦᠭᠭᠦᠭᠡᠷᠡᠢ︾ ᠭᠡᠰᠡᠨ | ᠾᠧ ᠳ᠋ᠢᠩ ᠱᠠᠨ ᠤ ᠪᠠᠴᠢᠮ ᠤᠲᠠᠰᠤ ᠶᠢ ᠲᠤᠰᠴᠦ ︽ᠤᠷᠢᠳᠠᠪᠠᠷ ᠡᠪᠡᠳᠴᠢᠯᠡᠭᠰᠡᠨ ᠲᠠᠬᠢᠶ᠎ᠠ ᠶᠢ ᠲᠤᠰᠠᠭᠠᠷᠯᠠᠵᠤ | ᠭᠠᠷᠭ᠎ᠠ᠂ ᠪᠢ ᠣᠳᠣ ᠪᠠᠷ ᠢᠶᠠᠨ ᠬᠦᠷᠦᠶᠠ︾ ᠭᠡᠵᠦ ᠲᠡᠷᠡ ᠥᠷᠯᠥᠭᠡ ᠶᠢᠨ ᠬᠤᠭᠤᠯᠠ ᠪᠠᠨ ᠴᠦ ᠢᠳᠡᠵᠦ ᠠᠮᠵᠢᠭᠰᠠᠨ | ᠥᠬᠡᠶ ᠪᠠᠷ ᠭᠠᠷᠴᠦ ᠤᠴᠢᠪᠠ᠃ ᠾᠧ ᠳ᠋ᠢᠩ ᠱᠠᠨ ᠤ ᠭᠡᠷ ᠲᠤ ᠢᠷᠡᠭᠡᠳ ᠡᠪᠡᠳᠴᠢᠯᠡᠭᠰᠡᠨ ᠲᠠᠬᠢᠶᠠᠨ ᠤ ᠪᠠᠶᠢᠳᠠᠯ᠂ | ᠲᠠᠬᠢᠶᠠᠨ ᠤ ᠰᠠᠷᠠᠪᠴᠢ ᠶᠢᠨ ᠳᠤᠯᠠᠭᠠᠨ ᠤ ᠬᠡᠮᠵᠢᠶ᠎ᠡ ᠵᠡᠷᠭᠡ ᠶᠢ ᠨᠠᠷᠢᠨ ᠠᠵᠢᠭᠯᠠᠭᠠᠳ ᠲᠦᠷᠦᠭᠦᠤ ᠡᠳᠦᠷ ᠤᠨ | ᠲᠤᠯᠠᠭᠠᠨ ᠪᠠᠭᠤᠷᠠᠵᠦ ᠲᠠᠬᠢᠶᠠᠨ ᠤ ᠰᠠᠷᠠᠪᠴᠢ ᠶᠢᠨ ᠳᠤᠯᠠᠭᠠᠨ ᠤ ᠬᠡᠮᠵᠢᠶ᠎ᠡ ᠬᠦᠷᠦᠯᠴᠡᠬᠦ ᠦᠭᠡᠢ ᠠᠴᠠ ᠪᠤᠯᠵᠠᠢ | ᠭᠡᠰᠡᠨ ᠢ ᠲᠤᠳᠤᠯᠠᠵᠦ᠂ ᠠᠰᠠᠭᠤᠳᠠᠯ ᠢᠶᠠᠨ ᠰᠢᠢᠳᠪᠤᠷᠢᠯᠡᠵᠦ ᠪᠠᠷᠠᠮᠠᠭᠴᠠ ᠨᠢᠭᠡ ᠡᠳᠦᠷ ᠤᠨ ᠠᠵᠢᠯ ᠳᠠᠭᠠᠨ ᠶᠠᠭᠠᠷᠠᠵᠦ | ᠡᠬᠢᠯᠡᠪᠡ᠃ | ᠯᠢ ᠨᠠᠨ ᠨᠠᠨ ᠤ ᠠᠩᠬᠠᠷᠤᠯ ᠪᠣᠯᠤᠨ ᠶᠠᠳᠠᠭᠤ ᠬᠦᠴᠢᠷᠳᠡᠯᠲᠡᠶ ᠡᠷᠦᠬᠡ ᠶᠢᠨ ᠨᠠᠷᠢᠨ ᠨᠢᠮᠪᠠᠶ ᠠᠷᠠᠴᠢᠯᠠᠭ᠎ᠠ | ᠳᠣᠣᠷ᠎ᠠ᠂ ᠡᠳᠡᠭᠡᠷ ᠲᠠᠬᠢᠶ᠎ᠠ ᠢᠳᠡᠷᠡᠭᠦᠨ ᠢᠶᠠᠷ ᠦᠰᠦᠨ ᠪᠤᠶᠢᠵᠢᠵᠤ᠂ ᠭᠠᠴᠠᠭᠠᠨ ᠤ ︽ᠪᠠᠶᠠᠵᠢᠯ ᠤᠨ ᠲᠠᠬᠢᠶ᠎ᠠ︾ | ᠪᠣᠯᠤᠭᠰᠠᠨ ᠪᠠᠶᠢᠨ᠎ᠠ᠃ ︽ᠨᠢᠭᠡ ᠲᠠᠬᠢᠶ᠎ᠠ ᠶᠢ 130 ᠭᠠᠷᠤᠶ ᠲᠥᠭᠦᠷᠢᠭ ᠬᠤᠳᠠᠯᠳᠤᠵᠤ᠂ ᠥᠨᠳᠡᠭᠡ ᠶᠢ ᠨᠢ ᠪᠠᠰᠠ 2 | ᠲᠥᠭᠦᠷᠢᠭ ᠬᠤᠳᠠᠯᠳᠤᠵᠦ ᠲᠡᠶᠢᠯᠦᠨ᠎ᠠ᠃ ᠡᠩ ᠤᠨ ᠲᠠᠬᠢᠶ᠎ᠠ ᠲᠠᠢ ᠬᠠᠷᠢᠴᠠᠭᠤᠯᠪᠠᠯ ᠠᠰᠢᠭ ᠤᠷᠤᠯᠭ᠎ᠠ ᠦᠨᠳᠦᠷ᠂ | ᠪᠣᠷᠣᠯᠠᠭᠤᠯᠬᠤ ᠵᠠᠮ ᠨᠢ ᠪᠠᠰᠠ ᠰᠠᠶᠢᠨ᠃ ᠮᠠᠨ ᠤ ᠭᠤᠷᠪᠠᠭᠤᠯᠠ ᠨᠢᠳᠤᠨᠤᠨ 350 ᠳᠠᠬᠢᠶ᠎ᠠ ᠬᠤᠳᠠᠯᠳᠤᠪᠠ᠃ | ᠦᠯᠡᠳᠡᠭᠰᠡᠨ ᠢ ᠨᠢ ᠴᠥᠮ ᠦᠷ᠎ᠡ ᠶᠢᠨ ᠲᠠᠬᠢᠶ᠎ᠠ ᠪᠤᠯᠭᠠᠵᠦ᠂ ᠪᠠᠰᠠ 2300 ᠥᠨᠳᠡᠭᠡ ᠬᠤᠳᠠᠯᠳᠤᠪᠠ᠃ ᠣᠬᠤᠷᠬᠠᠨ | ᠬᠡᠳᠦᠨ ᠰᠠᠷ᠎ᠠ ᠳᠤ ᠪᠢ ᠲᠠᠷᠤᠢ 4000 ᠲᠥᠭᠦᠷᠢᠭ ᠣᠯᠵᠠᠢ᠃ ᠳᠠᠬᠢᠶ᠎ᠠ ᠦᠨᠳᠡᠭᠡᠯᠡᠳᠡᠭ ᠯᠡ ᠶᠤᠮ ᠪᠤᠯ ᠵᠣᠭᠤᠰ | ᠣᠯᠬᠤ ᠳᠤ ᠵᠣᠪᠠᠭ᠋ᠤ ᠦᠭᠡᠢ ᠯᠠᠢ︾ ᠭᠡᠵᠦ ᠪᠠᠶᠠᠷᠲᠤ ᠶᠠᠷᠢᠨ᠎ᠠ᠃ ᠯᠢ ᠨᠠᠨ ᠨᠠᠨ ᠤ ᠳᠠᠭᠠᠭᠤᠯᠭ᠎ᠠ ᠪᠠᠷ᠂ ᠬᠦᠨᠳᠡᠯᠡᠨ | ᠭᠠᠴᠠᠭᠠᠨ ᠤ ᠠᠷᠪᠠᠨ ᠬᠡᠳᠦᠨ ᠶᠠᠳᠠᠭᠤ ᠡᠷᠦᠬᠡ ᠲᠠᠬᠢᠶ᠎ᠠ ᠲᠡᠵᠢᠭᠡᠵᠦ ᠪᠠᠶᠠᠵᠢᠨ ᠴᠢᠨᠡᠭᠡᠯᠢᠭᠵᠢᠬᠦ ᠬᠦᠰᠡᠯ ᠲᠠᠢ ᠪᠤᠯᠪᠠ᠃ | ︽ᠬᠤᠷᠰᠢᠶᠠᠵᠢᠯ + ᠲᠠᠷᠢᠶᠠᠴᠢᠨ ᠡᠷᠦᠬᠡ + ᠡᠯᠧᠺᠲᠷᠣᠨ ᠬᠤᠳᠠᠯᠳᠤᠭ᠎ᠠ︾ ᠶᠢᠨ ᠵᠠᠭᠪᠤᠷ ᠢᠶᠠᠷ | ᠶᠠᠳᠠᠭᠤ ᠠᠴᠠ ᠠᠩᠬᠢᠵᠢᠷᠠᠭᠤᠯᠬᠤ ᠠᠬᠢᠴᠠ ᠶᠢ ᠲᠦᠷᠭᠡᠳᠭᠡᠪᠡ | ︽ᠡᠯᠧᠺᠲᠷᠣᠨ ᠬᠤᠳᠠᠯᠳᠤᠭᠠᠨ ᠤ ᠶᠠᠪᠤᠳᠠᠯ ᠪᠣᠯ ᠣᠳᠣ ᠶᠢᠨ ᠬᠠᠮᠤᠭ ᠤᠨ ᠬᠥᠭᠵᠢᠶᠡᠨ ᠲᠠᠢ ᠪᠣᠷᠣᠯᠠᠭᠤᠯᠬᠤ | ᠠᠷᠭ᠎ᠠ ᠮᠠᠶ᠋ᠢᠭ ᠮᠥᠨ᠂ ᠬᠥᠨᠳᠡᠯᠡᠨ ᠭᠠᠴᠠᠭ᠎ᠠ ᠳᠤ ᠡᠯᠧᠺᠲᠷᠣᠨ ᠬᠤᠳᠠᠯᠳᠤᠭᠠᠨ ᠤ ᠶᠠᠪᠤᠳᠠᠯ ᠤᠨ ᠪᠣᠷᠣᠯᠠᠭᠤᠯᠭ᠎ᠠ ᠶᠢᠨ | ᠴᠢᠳᠠᠪᠤᠷᠢᠲᠠᠨ ᠪᠠᠶᠢᠳᠠᠭ᠂ ᠡᠨᠡᠬᠦ ᠠᠷᠭ᠎ᠠ ᠵᠠᠮ ᠢ ᠠᠰᠢᠭᠯᠠᠨ ᠠᠷᠠᠳ ᠤᠯᠠᠨ ᠢ ᠳᠠᠭᠠᠭᠤᠯᠤᠨ ᠶᠠᠳᠠᠭᠤ ᠠᠴᠠ | ᠠᠩᠭᠢᠵᠢᠷᠠᠭᠤᠯᠤᠨ ᠴᠢᠨᠡᠭᠡᠯᠢᠭᠵᠢᠭᠦᠯᠬᠦ ᠪᠣᠯ ᠮᠠᠨ ᠤ ᠵᠠᠶᠢᠯᠠᠭᠤᠯᠵᠤ ᠪᠣᠯᠤᠰᠢ ᠦᠭᠡᠢ ᠬᠠᠷᠢᠭᠤᠴᠠᠯᠭ᠎ᠠ ᠮᠥᠨ︾ ᠭᠡᠵᠦ | ᠯᠢ ᠨᠠᠨ ᠨᠠᠨ ᠶᠠᠷᠢᠨ᠎ᠠ᠃ | ᠭᠠᠴᠠᠭᠠᠨ ᠳᠤ ᠰᠠᠭᠤᠭᠰᠠᠨ ᠠᠴᠠ ᠨᠠᠰᠢ᠂ ᠯᠢ ᠨᠠᠨ ᠨᠠᠨ ᠪᠣᠯᠤᠨ ᠭᠠᠴᠠᠭᠠᠨ ᠳᠤ ᠰᠠᠭᠤᠭ᠎ᠠ ᠭᠡᠰᠢᠭᠦᠳ | ᠬᠥᠳᠡᠭᠡ ᠲᠣᠰᠬᠤᠨ ᠤ ᠡᠯᠧᠺᠲᠷᠣᠨ ᠬᠤᠳᠠᠯᠳᠤᠭᠠᠨ ᠤ ᠶᠠᠪᠤᠳᠠᠯ ᠤᠨ ᠪᠣᠯᠪᠠᠰᠤᠷᠠᠯ ᠳᠤ ᠣᠯᠠᠨ ᠤᠳᠠᠭ᠎ᠠ ᠣᠷᠣᠯᠴᠠᠵᠤ | ᠂ ᠪᠣᠷᠣᠯᠠᠭᠤᠯᠭ᠎ᠠ ᠡᠵᠡᠩᠨᠡᠯᠲᠡ ᠵᠡᠷᠭᠡ ᠲᠠᠯ᠎ᠠ ᠶᠢᠨ ᠲᠤᠷᠰᠢᠯᠭ᠎ᠠ ᠶᠢ ᠰᠤᠷᠤᠯᠴᠠᠵᠦ ᠡᠳᠡᠭᠡᠷ ᠲᠤᠷᠰᠢᠯᠭ᠎ᠠ ᠪᠠᠨ | ᠨᠠᠶᠢᠵᠠ ᠶᠢᠨ ᠲᠣᠭᠤᠷᠢᠭ᠂ ᠸᠢᠴᠠᠲ ᠤᠨ ᠬᠤᠯᠪᠣᠭ᠎ᠠ ᠵᠡᠷᠭᠡ ᠪᠠᠷ ᠲᠠᠮᠵᠢᠨ ᠤᠬᠠᠭᠤᠯᠵᠦ᠂ ᠠᠷᠭ᠎ᠠ ᠪᠦᠬᠦᠨ ᠢ | ᠰᠦᠪᠡᠭᠴᠢᠯᠡᠨ ᠭᠠᠴᠠᠭᠠᠨ ᠤ ᠠᠷᠠᠳ ᠤᠨ ᠲᠠᠷᠢᠶᠠᠯᠠᠩ ᠤᠨ ᠪᠦᠲᠦᠭᠡᠭᠳᠡᠬᠦᠨ ᠢ ᠪᠣᠷᠣᠯᠠᠭᠤᠯᠵᠤ ᠪᠠᠶᠢᠨ᠎ᠠ᠃ 2019 | ᠣᠨ ᠤ ᠵᠢᠯ ᠤᠨ ᠡᠬᠢᠨ ᠳᠤ᠂ ᠬᠥᠨᠳᠡᠯᠡᠨ ᠭᠠᠴᠠᠭ᠎ᠠ ᠶᠢᠨ ᠨᠠᠮ ᠤᠨ ᠡᠭᠦᠷ᠂ ᠭᠠᠴᠠᠭᠠᠨ ᠳᠤ ᠰᠠᠭᠤᠭ᠎ᠠ ᠠᠵᠢᠯᠯᠠᠬᠤ | ᠠᠩᠭᠢ᠂ ᠬᠥᠨᠳᠡᠯᠡᠨ ᠭᠠᠴᠠᠭ᠎ᠠ ᠶᠢᠨ ᠲᠠᠷᠢᠶᠠᠴᠢᠳ ᠲᠤ ᠠᠰᠢᠭ ᠬᠦᠷᠲᠡᠭᠡᠬᠦ ᠲᠠᠷᠢᠶᠠᠯᠠᠩ ᠤᠨ ᠲᠤᠰᠬᠠᠶ ᠬᠤᠷᠰᠢᠶᠠᠵᠢᠯ | ᠮᠡᠷᠭᠡᠵᠢᠯ ᠤᠨ ᠬᠠᠮᠲᠤᠷᠠᠯᠴᠠᠭ᠎ᠠ ᠬᠢᠵᠦ᠂ 12 ᠡᠷᠦᠬᠡ ᠲᠠᠷᠢᠶᠠᠴᠢᠨ ᠡᠷᠦᠬᠡ ᠶᠢ ᠵᠣᠬᠢᠶᠠᠨ ᠪᠠᠶᠢᠭᠤᠯᠵᠤ 500 ᠮᠥ | ᠯᠠᠩᠭᠤᠸᠠ ᠳᠠᠷᠢᠪᠠ᠃ 9 ᠰᠠᠷ᠎ᠠ ᠳᠤᠨᠢ᠂ ᠯᠠᠩᠭᠤᠸᠠ ᠡᠯᠪᠡᠭ ᠬᠤᠷᠢᠶᠠᠯᠲᠠ ᠤᠯᠪᠠ᠃ ︽2019 ᠣᠨ ᠳᠤ | ᠭᠠᠴᠠᠭ᠎ᠠ ᠶᠢᠨ ᠲᠤᠷᠰᠢᠨ ᠲᠠᠷᠢᠭᠰᠠᠨ ᠯᠠᠩᠭᠤᠸᠠ ᠶᠢᠨ ᠮᠦ ᠪᠦᠷᠢ ᠶᠢᠨ ᠤᠨᠠᠯᠲᠠ 2000 ᠵᠢᠩ ᠣᠷᠴᠢᠮ ᠬᠦᠷᠴᠦ᠂ | ᠮᠦ ᠪᠦᠷᠢ ᠶᠢᠨ ᠦᠢᠯᠡᠳᠬᠦᠨ ᠤ ᠦᠷᠲᠡᠭ 1200 ᠲᠥᠭᠦᠷᠢᠭ ᠪᠣᠯᠤᠨ᠎ᠠ᠃ ᠤᠯᠠᠮᠵᠢᠯᠠᠯᠲᠤ ᠡᠷᠳᠡᠨᠢ ᠰᠢᠰᠢ ᠶᠢᠨ | ᠲᠠᠷᠢᠶ᠎ᠠ ᠲᠠᠢ ᠬᠠᠷᠢᠴᠠᠭᠤᠯᠪᠠᠯ ᠮᠤ᠋ ᠪᠦᠷᠢ ᠶᠢᠨ ᠣᠷᠣᠯᠭ᠎ᠠ 500 ᠲᠥᠭᠦᠷᠢᠭ ᠠᠴᠠ ᠳᠡᠭᠡᠭᠰᠢ ᠨᠡᠮᠡᠭᠳᠡᠨ᠎ᠠ︾ ᠭᠡᠵᠦ ᠯᠢ | ᠨᠠᠨ ᠨᠠᠨ ᠲᠣᠰᠬᠤᠨ ᠤ ᠠᠷᠠᠳ ᠲᠤ ᠡᠨᠡ ᠬᠦ ᠣᠷᠣᠯᠭ᠎ᠠ ᠶᠢᠨ ᠳᠠᠩᠰᠠ ᠶᠢ ᠨᠠᠷᠢᠨ ᠨᠢᠮᠪᠠᠶ ᠪᠣᠳᠣᠵᠤ ᠥᠭᠴᠡᠶ᠃ ︽︿ | ᠬᠤᠷᠰᠢᠶ᠎ᠠ + ᠲᠠᠷᠢᠶᠠᠴᠢᠨ ᠡᠷᠦᠬᠡ + ᠡᠯᠧᠺᠲᠷᠣᠨ ᠬᠤᠳᠠᠯᠳᠤᠭ᠎ᠠ﹀ ᠶᠢᠨ ᠬᠡᠪ ᠵᠠᠭᠪᠤᠷ ᠨᠢ ᠯᠠᠩᠭᠤᠸᠠ ᠶᠢᠨ | ᠪᠣᠷᠣᠯᠠᠭᠤᠯᠭ᠎ᠠ ᠶᠢ ᠪᠠᠳᠤᠯᠠᠪᠠ᠂ ᠪᠢᠳᠡ ᠪᠠᠰᠠ ᠲᠠᠬᠢᠶᠠᠨ ᠥᠨᠳᠡᠭᠡ᠂ ᠭᠠᠯᠠᠭᠤᠨ ᠥᠨᠳᠡᠭᠡ᠂ ᠠᠭᠠᠯᠢᠭ ᠠᠯᠢᠮ᠎ᠠ | ᠵᠡᠷᠭᠡ ᠪᠦᠲᠦᠭᠡᠭᠳᠡᠬᠦᠨ ᠢ ᠬᠤᠳᠠᠯᠳᠤᠪᠠ᠃ ᠡᠨᠡ ᠵᠢᠯ ᠪᠢᠳᠡ ᠡᠬᠢ ᠪᠠᠶᠠᠯᠢᠭ ᠢ ᠤᠯᠠᠮ ᠨᠢᠭᠡ ᠠᠯᠬᠤᠮ ᠨᠡᠶᠢᠳᠭᠡᠵᠦ᠂ | ᠬᠠᠮᠲᠤ ᠶᠢᠨ ᠠᠵᠤ ᠠᠬᠤᠶ ᠶᠢ ᠬᠦᠭᠵᠢᠭᠦᠯᠵᠦ᠂ ᠭᠠᠵᠠᠷ ᠣᠷᠣᠨ ᠤ ᠣᠨᠴᠠᠯᠢᠭ ᠲᠠᠢ ᠤᠶᠠᠯᠳᠤᠭᠤᠯᠤᠨ᠂ | ᠲᠠᠷᠢᠶᠠᠯᠠᠩ ᠤᠨ ᠪᠦᠲᠦᠭᠡᠭᠳᠡᠬᠦᠨ ᠢ ᠭᠦᠨᠵᠡᠭᠡᠶ ᠪᠣᠯᠪᠠᠰᠤᠷᠠᠭᠤᠯᠬᠤ ᠶᠢ ᠬᠥᠭᠵᠢᠭᠦᠯᠵᠦ᠂ ᠯᠠᠩᠭᠤᠸᠠ ᠶᠢᠨ ᠨᠤᠨᠲᠠᠭ᠂ | ᠠᠭᠠᠯᠢᠭ ᠠᠯᠢᠮ᠎ᠠ ᠶᠢᠨ ᠲᠠᠷᠤᠰᠢ᠂ ᠠᠭᠠᠯᠢᠭ ᠠᠯᠢᠮ᠎ᠠ ᠶᠢᠨ ᠠᠷᠢᠬᠢ ᠵᠡᠷᠭᠡ ᠶᠢ ᠪᠤᠯᠪᠠᠰᠤᠷᠠᠭᠤᠯᠤᠨ ᠮᠠᠯᠴᠢᠨ | ᠲᠠᠷᠢᠶᠠᠴᠢᠨ ᠤ ᠣᠷᠣᠯᠭ᠎ᠠ ᠶᠢ ᠤᠯᠠᠮ ᠨᠢᠭᠡ ᠠᠯᠬᠤᠮ ᠨᠡᠮᠡᠭᠳᠡᠭᠦᠯᠵᠦ᠂ ᠭᠠᠴᠠᠭ᠎ᠠ ᠲᠣᠰᠬᠤᠨ ᠤ ᠬᠠᠮᠲᠤ ᠶᠢᠨ ᠠᠵᠤ | ᠠᠬᠤᠢ ᠶᠢᠨ ᠬᠥᠭᠵᠢᠯᠲᠡ ᠶᠢ ᠠᠬᠢᠭᠤᠯᠤᠨ᠎ᠠ︾ ᠭᠡᠵᠦ ᠯᠢ ᠨᠠᠨ ᠨᠠᠨ ᠭᠡᠯᠡᠨ᠎ᠠ᠃ | ᠪᠤᠳᠠᠳᠤ ᠶᠠᠪᠤᠳᠠᠯ ᠬᠢᠵᠦ ᠠᠷᠠᠳ ᠤᠨ ᠰᠡᠳᠬᠢᠯ ᠢ ᠲᠤᠯᠠᠭᠠᠴᠠᠭᠤᠯᠪᠠ | ᠨᠢᠭᠡᠳᠦᠭᠡᠷ ᠱᠦᠵᠢ ᠶᠢᠨ ᠲᠤᠰᠢᠶᠠᠯ ᠢ ᠡᠭᠦᠷᠭᠡᠯᠡᠭᠰᠡᠨ ᠭᠤᠷᠪᠠᠨ ᠵᠢᠯ ᠳᠤ᠂ ᠯᠢ ᠨᠠᠨ ᠨᠠᠨ ᠤᠭ ᠰᠠᠨᠠᠭ᠎ᠠ ᠪᠠᠨ | ᠮᠠᠷᠲᠠᠯ ᠦᠭᠡᠢ᠂ ᠪᠣᠳᠠᠲᠤ ᠠᠵᠢᠯᠯᠠᠭ᠎ᠠ ᠪᠠᠷ ᠢᠶᠠᠨ ᠠᠷᠠᠳ ᠤᠨ ᠲᠥᠯᠥᠭᠡ ᠪᠤᠶᠠᠨ ᠦᠢᠯᠡᠳᠬᠦ ᠡᠭᠦᠷᠭᠡ ᠶᠢ | ᠦᠢᠯᠡᠳᠦᠯᠭᠡᠵᠢᠭᠦᠯᠵᠦ ᠪᠠᠶᠢᠨ᠎ᠠ᠃ ᠲᠡᠷᠡ ᠬᠥᠨᠳᠡᠯᠡᠨ ᠭᠠᠴᠠᠭ᠎ᠠ ᠶᠢᠨ ︽ᠬᠤᠶᠠᠷ ᠵᠥᠪᠯᠡᠯ︾ ᠲᠠᠢ ᠬᠠᠮᠲᠤ | ᠡᠮᠡᠭᠲᠡᠶᠢᠴᠦᠳ ᠤᠨ ᠡᠪᠡᠰᠦᠨ ᠭᠦᠷᠦᠮᠡᠯ ᠤᠨ ᠭᠠᠷ ᠤᠷᠠᠯᠠᠯ ᠤᠨ ᠮᠡᠷᠭᠡᠵᠢᠯ ᠤᠨ ᠪᠣᠯᠪᠠᠰᠤᠷᠠᠯ ᠦᠷᠨᠢᠭᠦᠯᠵᠦ᠂ | ᠡᠮᠡᠭᠲᠡᠶᠢᠴᠦᠳ ᠤᠨ ᠣᠷᠣᠯᠭ᠎ᠠ ᠶᠢ ᠨᠡᠮᠡᠭᠳᠡᠭᠦᠯᠦᠨ ᠪᠠᠶᠠᠵᠢᠬᠤ ᠣᠷᠣᠨ ᠵᠠᠶ ᠶᠢ ᠦᠷᠭᠡᠳᠭᠡᠪᠡ᠃ ᠬᠥᠨᠳᠡᠯᠡᠨ | ᠭᠠᠴᠠᠭᠠᠨ ᠤ ᠬᠥᠮᠦᠨ ᠮᠠᠯ ᠤᠨ ᠤᠰᠤ ᠬᠡᠷᠡᠭᠯᠡᠬᠦ ᠠᠮᠤᠷ ᠲᠦᠪᠰᠢᠨ ᠤ ᠠᠰᠠᠭᠤᠳᠠᠯ ᠢ ᠰᠢᠢᠳᠪᠦᠷᠢᠯᠡᠬᠦ ᠶᠢᠨ ᠲᠥᠯᠥᠭᠡ᠂ | ᠲᠡᠷᠡ ᠬᠠᠪᠰᠤᠷᠤᠨ ᠲᠡᠳᠬᠦᠬᠦ ᠨᠢᠭᠡᠴᠡ ᠪᠤᠯᠬᠤ ᠪᠠᠶᠢᠴᠠᠭᠠᠬᠤ ᠬᠤᠷᠢᠶᠠᠨ ᠤ ᠤᠳᠤᠷᠢᠳᠤᠯᠭ᠎ᠠ ᠲᠠᠢ ᠢᠳᠡᠪᠬᠢᠲᠡᠢ | ᠬᠠᠷᠢᠯᠴᠠᠵᠦ᠂ ᠶᠠᠳᠠᠭᠤ ᠬᠦᠴᠢᠷᠳᠡᠯᠲᠡᠢ ᠡᠷᠦᠬᠡ ᠳᠤ 53 ᠭᠦᠨ ᠬᠤᠳᠳᠤᠭ ᠮᠠᠯᠳᠠᠵᠦ ᠦᠭᠪᠡ᠃ | ᠳᠠᠩᠰᠠᠯᠠᠵᠦ ᠺᠠᠷᠳ᠋ᠯᠠᠭᠰᠠᠨ ᠶᠠᠳᠠᠭᠤ ᠲᠠᠷᠢᠶᠠᠴᠢᠨ ᠷᠧᠨ ᠭᠦᠸᠧ ᠵᠥᠩ ᠤᠨ ᠪᠠᠶᠢᠰᠢᠩ ᠨᠢ ᠠᠮᠤᠭᠤᠯᠠᠩ ᠣᠷᠣᠨ | ᠰᠠᠭᠤᠴᠠ ᠶᠢᠨ B ᠳᠡᠰ ᠲᠤ ᠪᠠᠭᠳᠠᠨ᠎ᠠ᠂ ᠭᠡᠪᠡᠴᠦ ᠭᠠᠳᠠᠷ ᠪᠠᠶᠢᠳᠠᠯ ᠨᠢ ᠪᠠᠭ᠋ᠠᠨ ᠬᠠᠭᠤᠴᠢᠷᠠᠭᠰᠠᠨ ᠪᠠᠶᠢᠳᠠᠯ ᠲᠠᠢ᠂ | ᠯᠢ ᠡᠨᠡ ᠨᠠᠨ ᠲᠡᠭᠦᠨ ᠤ ᠭᠡᠷ ᠪᠠᠶᠢᠰᠢᠩ ᠢ ᠲᠠᠬᠢᠨ ᠴᠤᠬᠤᠢᠢᠳᠠᠨ ᠦᠭᠴᠦ᠂ ᠭᠡᠷ ᠢ ᠨᠢ ᠨᠡᠩ ᠬᠢᠯ᠎ᠠ ᠴᠢᠯᠠ ᠪᠤᠯᠭᠠᠵᠦ | ᠦᠭᠪᠡ᠃ | ᠬᠢᠵᠢᠭ ᠤᠨ ᠬᠤᠭᠤᠴᠠᠭᠠᠨ ᠳᠤ ᠾᠧᠦ ᠽᠦᠸᠧ ᠰᠢᠤᠸᠠᠢ ᠨᠠᠰᠤᠳᠠᠨ ᠴᠠᠭᠠᠨ ᠬᠠᠷᠠᠩ ᠤᠨ ᠮᠡᠰᠡ ᠵᠠᠰᠠᠯ | ᠬᠢᠯᠭᠡᠬᠦ ᠴᠢᠬᠤᠯᠠᠲᠠᠶ ᠪᠤᠯᠪᠠ᠂ ᠯᠢ ᠨᠠᠨ ᠨᠠᠨ ᠲᠡᠭᠦᠨ ᠢ ᠡᠮᠨᠡᠯᠭᠡ ᠳᠤ ᠬᠦᠷᠭᠡᠵᠦ ᠡᠮᠨᠡᠯᠭᠡ ᠳᠤ ᠰᠠᠭᠤᠬᠤ ᠭᠠᠷ | ᠭᠦᠶ᠋ᠴᠡᠳᠬᠡᠯ ᠢ ᠪᠦᠷ ᠬᠢᠵᠦ ᠦᠭᠭᠦᠭᠰᠡᠨ ᠪᠥᠭᠡᠳ ᠡᠪᠦᠭᠡᠨ ᠬᠥᠭᠰᠢᠨ ᠬᠤᠶᠠᠷ ᠤᠨ ᠠᠮᠢᠳᠤᠷᠠᠯ ᠢ ᠬᠠᠷᠠᠭᠠᠯᠵᠠᠪᠠ᠃ | ᠰᠢᠦᠢ ᠵᠢᠶᠦ᠋ᠨ ᠤ ᠬᠢᠨ ᠤ ᠦᠬᠡᠷ ᠨᠢ ᠠᠯᠠᠭ᠎ᠠ ᠪᠤᠯᠬᠤ ᠳᠤ ᠯᠢ ᠨᠠᠨ ᠨᠠᠨ ᠲᠣᠰᠬᠤᠨ ᠳᠤ ᠰᠠᠭᠤᠭ᠎ᠠ ᠪᠦᠬᠦ | ᠭᠡᠰᠢᠭᠦᠳ ᠲᠠᠢ ᠪᠠᠨ ᠬᠠᠮᠳᠤ ᠨᠢᠭᠡ ᠡᠳᠦᠷ ᠡᠷᠢᠯ ᠲᠠᠯᠪᠢᠵᠦ ᠡᠴᠦᠰ ᠲᠡᠭᠡᠨ ᠭᠡᠭᠡᠭᠰᠡᠨ ᠦᠬᠡᠷ ᠢ ᠡᠷᠢᠵᠦ ᠣᠯᠪᠠ᠃ | ᠰᠢᠤᠢ ᠶᠢᠨ ᠪᠢᠶᠣᠤ ᠶᠡᠭᠡ ᠰᠤᠷᠭᠠᠭᠤᠯᠢ ᠳᠤ ᠰᠠᠭᠤᠬᠤ ᠰᠠᠨᠠᠭ᠎ᠠ ᠦᠭᠡᠢ᠂ ᠯᠢ ᠨᠠᠨ ᠨᠠᠨ ᠬᠦᠯᠢᠴᠡᠩᠭᠦᠢ ᠪᠠᠷ | ᠲᠡᠭᠦᠨ ᠳᠤ ᠦᠵᠡᠯ ᠰᠠᠨᠠᠭᠠᠨ ᠤ ᠬᠦᠮᠦᠵᠢᠯ ᠬᠢᠬᠦ ᠪᠠᠷ ᠲᠠᠮᠵᠢᠨ ᠣᠳᠣ ᠰᠢᠤᠢ ᠶᠢᠨ ᠪᠢᠶᠣᠤ ᠨᠢᠭᠡᠨᠲᠡ ᠨᠢᠭᠡᠨ ᠶᠡᠭᠡ | ᠰᠤᠷᠭᠠᠭᠤᠯᠢ ᠶᠢᠨ ᠰᠤᠷᠤᠭᠴᠢ ᠪᠤᠯᠤᠭᠰᠠᠨ ᠪᠦᠭᠡᠳ ᠪᠠᠰᠠ ᠶᠡᠭᠡ ᠰᠤᠷᠭᠠᠭᠤᠯᠢ ᠶᠢᠨ ᠬᠤᠶᠠᠳᠤᠭᠠᠷ ᠣᠨ ᠪᠤᠯᠪᠠᠯ | ᠴᠡᠷᠢᠭ ᠲᠤ ᠤᠷᠤᠬᠤ ᠰᠠᠨᠠᠭ᠎ᠠ ᠲᠠᠢ ᠪᠠᠶᠢᠵᠦ᠂ ᠯᠢ ᠨᠠᠨ ᠨᠠᠨ ᠰᠢᠭ ᠴᠡᠷᠢᠭ ᠬᠥᠮᠦᠨ ᠪᠣᠯᠬᠤ ᠶᠢ ᠬᠦᠰᠡᠳᠡᠭ ᠪᠤᠯᠪᠠ᠃ | ᠡᠪᠡᠳᠴᠢᠯᠡᠭᠰᠡᠨ ᠨᠠᠰᠤᠲᠠᠨ ᠢ ᠡᠮᠨᠡᠯᠭᠡ ᠶᠢᠨ ᠬᠤᠷᠢᠶᠠᠨ ᠳᠤ ᠬᠦᠷᠭᠡᠨ᠎ᠠ᠂ ᠶᠠᠳᠠᠭᠤ ᠬᠦᠴᠢᠷᠳᠡᠯᠲᠡᠶ | ᠡᠷᠦᠬᠡ ᠳᠤ ᠡᠪᠡᠰᠦ ᠪᠣᠷᠳᠤᠭ᠎ᠠ ᠵᠥᠭᠡᠭᠡᠪᠦᠷᠢᠯᠡᠵᠦ ᠦᠭᠭᠦᠨ᠎ᠠ᠂ ᠭᠠᠮᠰᠢᠭᠳᠠᠭᠰᠠᠨ ᠣᠯᠠᠨ ᠲᠦᠮᠡᠨ ᠢ ᠬᠠᠪᠰᠤᠷᠤᠨ ᠡᠳ᠋ | ᠪᠣᠳᠠᠰ ᠢ ᠨᠢ ᠰᠢᠯᠵᠢᠭᠦᠯᠦᠨ᠎ᠠ᠂ ᠰᠠᠭᠤᠷᠢ ᠲᠦᠭᠦᠭᠡᠷᠦᠮᠵᠢ ᠶᠢᠨ ᠪᠠᠶᠢᠭᠤᠯᠤᠯᠲᠠ ᠶᠢ ᠠᠳᠬᠤᠨ᠎ᠠ ᠁ ᠣᠳᠣ | ᠭᠠᠴᠠᠭᠠᠨ ᠤ ᠠᠷᠠᠳ ᠡᠪᠡᠰᠦᠨ ᠬᠦᠷᠦᠮᠡᠯ ᠤᠨ ᠮᠡᠷᠭᠡᠵᠢᠯ ᠢ ᠡᠵᠡᠮᠰᠢᠵᠦ᠂ ᠠᠵᠢᠯ ᠤᠯᠬᠤ ᠠᠷᠭ᠎ᠠ ᠵᠠᠮ ᠨᠢ ᠤᠯᠠᠮ | ᠦᠷᠭᠡᠵᠢᠪᠡ︔ ᠰᠢᠨ᠎ᠡ ᠪᠠᠷ ᠵᠠᠰᠠᠭᠰᠠᠨ 4.6 ᠺᠢᠯᠣᠮᠧᠲᠷ ᠱᠦᠢᠨᠢ ᠶᠢᠨ ᠵᠠᠮ ᠨᠢ ᠭᠠᠴᠠᠭ᠎ᠠ ᠶᠢ ᠭᠠᠳᠠᠷ ᠤᠷᠴᠢᠨ ᠲᠠᠢ | ᠨᠢᠭᠳᠠ ᠬᠤᠯᠪᠤᠵᠦ᠂ ᠰᠢᠨ᠎ᠠ ᠪᠠᠷ ᠤᠭᠰᠠᠷᠠᠭᠤᠯᠤᠭᠰᠠᠨ 100 ᠵᠠᠮ ᠤᠨ ᠳ᠋ᠧᠩ ᠨᠢ ᠲᠣᠰᠬᠤᠨ ᠤ ᠠᠷᠠᠳ ᠤᠨ | ᠰᠡᠳᠬᠢᠯ ᠢ ᠭᠡᠷᠡᠯᠳᠦᠭᠦᠯᠦᠨᠠ᠃ ᠡᠳᠡᠭᠡᠷ ᠪᠣᠳᠠᠲᠤ ᠶᠠᠪᠤᠳᠠᠯ ᠨᠢ ᠥᠭᠭᠢᠶᠡᠮᠦᠷ ᠬᠤᠷ᠎ᠠ ᠮᠡᠲᠦ ᠪᠠᠷ ᠠᠷᠠᠳ ᠣᠯᠠᠨ ᠤ | ᠰᠡᠳᠬᠢᠯ ᠢ ᠤᠮᠳᠠᠯᠠᠨ᠎ᠠ᠃ | ᠯᠢ ᠨᠠᠨ ᠨᠠᠨ ᠭᠠᠴᠠᠭᠠᠨ ᠳᠤ ᠰᠠᠭᠤᠭ᠎ᠠ ᠠᠵᠢᠯᠯᠠᠬᠤ ᠠᠩᠭᠢ ᠶᠢᠨ ︽ᠳᠠᠶᠢᠴᠢᠨ ᠨᠥᠬᠦᠳ︾ ᠲᠠᠢ ᠪᠠᠨ | ᠮᠥᠷᠥ ᠵᠡᠷᠭᠡᠴᠡᠨ ᠠᠵᠢᠯᠯᠠᠵᠦ᠂ ᠶᠠᠳᠠᠭᠤ ᠬᠦᠴᠢᠷᠳᠡᠯᠲᠡᠶ ᠣᠯᠠᠨ ᠲᠦᠮᠡᠨ ᠲᠠᠢ ᠭᠠᠷ ᠬᠤᠯᠪᠣᠨ ᠤᠷᠤᠭᠰᠢᠯᠠᠵᠤ᠂ | ᠬᠦᠨᠳᠡᠯᠡᠨ ᠭᠠᠴᠠᠭᠠᠨ ᠤ ᠬᠦᠭᠵᠢᠯᠳᠡ ᠶᠢᠨ ᠲᠦᠯᠦᠭᠡ ᠵᠠᠯᠠᠭᠤ ᠨᠠᠰᠤ ᠪᠠᠨ ᠵᠤᠷᠢᠭᠤᠯᠵᠦ ᠶᠠᠪᠤᠨ᠎ᠠ᠃ |