ᠲᠦᠷᠦ ᠶᠢᠨ ᠪᠤᠳᠤᠯᠭ᠎ᠠ ᠶᠢᠨ ᠲᠤᠶᠠᠭᠠᠯᠠᠯ ᠢᠶᠠᠷ ᠲᠡᠨᠢᠬᠦᠨ ᠰᠠᠶᠢᠬᠠᠨ ᠠᠮᠢᠳᠤᠷᠠᠯ ᠢ ᠡᠳ᠋ᠯᠡᠨ᠎ᠠ
ᠨᠡᠶᠢᠲᠡᠯᠡᠭᠰᠡᠨ ᠴᠠᠭ᠄
2020-06-19
     — ᠬᠤᠷᠴᠢᠨ ᠪᠠᠷᠡᠭᠤᠨ ᠭᠠᠷᠣᠨ ᠳᠤᠮᠳᠠᠳᠤ ᠬᠤᠰᠢᠭᠤᠨ ᠤ ᠳᠠᠶᠢᠴᠢᠨᠳᠠᠯ᠎ᠠ ᠰᠤᠮᠤ ᠶᠢᠨ ᠪᠡᠷᠭᠡ ᠶᠢᠨ ᠮᠠᠩᠬ᠎ᠠ ᠭᠠᠴᠠᠬ᠎ᠠ ᠶᠢᠨ ᠶᠠᠳᠠᠭᠤ ᠠᠴᠠ ᠪᠠᠨ ᠠᠩᠬᠢᠵᠢᠷᠠᠭᠰᠡᠨ ᠡᠷᠦᠭᠡ ᠠᠷᠪᠠᠨᠳᠠᠪᠤᠨ ᠢ ᠰᠤᠷᠪᠤᠯᠵᠢᠯᠠᠬᠰᠠᠨ ᠨᠢ       ᠨᠠᠷᠠ ᠬᠤᠷ᠎ᠠ ᠳᠠᠩᠴᠡᠭᠰᠡᠨ ᠢᠶᠠᠷ ᠰᠠᠶᠢᠬᠠᠨ ᠵᠤᠨ ᠢᠷᠡᠳᠡᠭ᠂ ᠲᠦᠷᠦ ᠵᠠᠰᠠᠭ ᠳᠠᠭᠠᠷᠠᠭᠰᠠᠨ ᠢᠶᠠᠷ ᠰᠠᠶᠢᠬᠠᠨ ᠴᠠᠬ ᠢᠷᠡᠳᠡᠭ᠃ ᠳᠡᠯᠭᠡᠷ ᠵᠤᠨ ᠤ ᠡᠬᠢᠨ ᠤ ᠤᠯᠠᠷᠢᠯ ᠳᠤ᠂ ᠮᠠᠨ ᠤ ᠰᠤᠷᠪᠤᠯᠵᠢᠯᠠᠭ᠎ᠠ ᠶᠢᠨ ᠳᠤᠭᠤᠢᠢᠯᠠᠩ ᠤᠨ ᠬᠢᠨ ᠨᠠᠮ ᠵᠠᠰᠠᠬ ᠤᠨ ᠠᠴᠢ ᠪᠠᠷ ᠶᠠᠳᠠᠭᠤ ᠠᠴᠠ ᠪᠠᠨ ᠠᠩᠬᠢᠵᠢᠷᠠᠨ ᠠᠷᠢᠭᠤᠨ ᠴᠠᠭᠠᠨ ᠬᠦᠳᠠᠯᠮᠦᠷᠢ ᠪᠠᠷ ᠢᠶᠠᠨ ᠠᠳᠠᠯ ᠠᠮᠢᠳᠤᠷᠠᠯ ᠢᠶᠠᠨ ᠲᠡᠭᠵᠢᠷᠡᠭᠦᠯᠵᠦ ᠶᠠᠪᠤᠭ᠎ᠠ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠳᠠᠶᠢᠴᠢᠨᠳᠠᠯ᠎ᠠ ᠰᠤᠮᠤ ᠶᠢᠨ ᠪᠡᠷᠭᠡ ᠶᠢᠨ ᠮᠠᠩᠬ᠎ᠠ ᠭᠠᠴᠠᠭᠠᠨ ᠤ ᠠᠷᠪᠠᠨᠳᠠᠪᠤᠨ ᠢ ᠰᠤᠷᠪᠤᠯᠵᠢᠯᠠᠬᠤ ᠪᠠᠷ ᠭᠡᠷ ᠲᠤ ᠨᠢ ᠬᠦᠷᠭᠦ ᠳᠤ ᠳᠠᠶᠠᠬ ᠳᠤᠯᠤᠬᠰᠠᠨ ᠨᠢᠭᠡᠨ ᠡᠴᠡᠩᠭᠡᠷ ᠡᠷ᠎ᠠ ᠮᠠᠨᠤᠰ ᠢ ᠤᠬᠳᠤᠨ ᠠᠪᠤᠯ᠎ᠠ᠃       ︽ᠰᠠᠶᠢᠨ ᠪᠠᠶᠢᠨ᠎ᠠ ᠤᠤ︖︾᠂ ︽ᠰᠠᠶᠢᠨ᠂ ᠳᠠ ᠰᠠᠶᠢᠨ ᠪᠠᠶᠢᠨ᠎ᠠ ᠤᠤ︖︾ ᠭᠡᠵᠦ ᠬᠠᠷᠢᠯᠴᠠᠨ ᠤᠴᠠᠷᠠᠨ ᠵᠤᠯᠭᠠᠯᠴᠠᠭᠠᠳ ᠮᠠᠨ ᠢ ᠲᠤᠳᠤᠬᠰᠢ ᠤᠷᠢᠪᠠ᠃ ᠳᠡᠯᠡᠭᠠᠳ ᠳᠡᠭᠰᠢ ᠲᠦᠷᠪᠡᠯᠵᠢᠨ ᠮᠧᠲᠷ ᠲᠠᠯᠠᠪᠠᠢ ᠲᠠᠢ ᠭᠡᠷ ᠤᠨ ᠬᠢᠨᠢ ᠵᠠᠰᠠᠯ ᠴᠢᠮᠡᠭᠯᠡᠯ ᠨᠢ ᠲᠦᠭᠦᠮᠬᠡᠨ ᠪᠤᠯᠪᠠᠴᠦ ᠳᠡᠷᠢ ᠳᠡᠭᠰᠢ ᠴᠡᠪ ᠴᠡᠪᠡᠷᠭᠡᠨ ᠬᠠᠷᠠᠭᠳᠠᠵᠦ᠂ ᠠᠵᠢᠯᠴᠢ ᠭᠡᠷ ᠤᠨ ᠲᠦᠷᠢ ᠲᠦᠷᠭᠦ ᠶᠢ ᠢᠯᠡᠷᠡᠭᠦᠯᠦᠨ᠎ᠠ᠃ ᠭᠠᠴᠠᠭᠠᠨ ᠤ ᠤᠳᠤᠷᠢᠳᠤᠯᠭ᠎ᠠ ᠨᠢ ᠳᠠᠶᠠᠬ ᠲᠤᠯᠤᠬᠰᠠᠨ ᠡᠴᠡᠩᠭᠡᠷ ᠡᠷ᠎ᠠ ᠶᠢ ᠠᠷᠪᠠᠨᠳᠠᠪᠤᠨ ᠭᠡᠵᠦ ᠲᠠᠨᠢᠯᠴᠠᠭᠤᠯᠤᠬᠰᠠᠨ ᠢᠶᠠᠷ ᠮᠠᠨ ᠤ ᠰᠤᠷᠪᠤᠯᠵᠢᠯᠠᠭ᠎ᠠ ᠶᠢᠨ ᠡᠵᠡᠨ ᠪᠤᠯᠬᠤ ᠶᠢ ᠮᠡᠳᠡᠵᠠᠢ᠃       ᠠᠷᠪᠠᠨᠳᠠᠪᠤᠨ ᠤ ᠬᠢᠨᠢ ᠭᠤᠷᠪᠠᠨ ᠠᠮᠠ ᠪᠦᠯᠢ ᠠᠮᠢᠳᠤᠷᠠᠵᠤ᠂ ᠬᠦᠦ ᠨᠢ ᠬᠤᠰᠢᠭᠤᠨ ᠤ ᠠᠵᠢᠯ ᠮᠡᠷᠭᠡᠵᠢᠯ ᠤᠨ ᠳᠤᠮᠳᠠᠳᠤ ᠰᠤᠷᠭᠠᠭᠤᠯᠢ ᠳᠤ ᠪᠢᠴᠢᠭ ᠦᠵᠡᠵᠦ ᠪᠤᠢ᠃ ᠬᠠᠷᠠᠬᠠᠨ ᠪᠠᠭ᠎ᠠ ᠠᠴᠠ ᠪᠠᠨ ᠠᠮᠢᠳᠤᠷᠠᠯ ᠤᠨ ᠵᠤᠪᠠᠯ ᠵᠦᠳᠡᠷᠡᠯ ᠢ ᠠᠮᠰᠠᠵᠦ ᠠᠶᠢᠯ ᠡᠷᠦᠬᠡ ᠪᠠᠶᠢᠭᠤᠯᠵᠤ ᠠᠮᠢᠳᠤᠷᠠᠯ ᠢᠶᠠᠨ ᠦᠭᠡᠳᠡ ᠳᠠᠳᠠᠵᠤ ᠪᠠᠶᠢᠳᠡᠯ᠎ᠠ ︽ᠭᠠᠢ ᠭᠠᠵᠠᠷ ᠳᠤᠤᠷ᠎ᠠ ᠠᠴᠠ︾ ᠭᠡᠳᠡᠭᠴᠢᠯᠡᠨ ᠠᠷᠪᠠᠨᠳᠠᠪᠤᠨ ᠳᠤᠮᠳᠠ ᠴᠢᠮᠦᠭᠡᠨ ᠶᠠᠰᠦ ᠦᠬᠦᠵᠢᠬᠦ ᠡᠪᠡᠳᠴᠢᠨ ᠳᠤ ᠨᠡᠷᠪᠡᠭᠳᠡᠵᠤ᠂ 15 ᠵᠢᠯ ᠬᠠᠨᠵᠤᠨ ᠠᠴᠠ ᠪᠠᠨ ᠪᠠᠭᠤᠵᠦ ᠳᠠᠶᠢᠯᠬᠦ ᠦᠭᠡᠢ ᠭᠡᠪᠳᠡᠷᠢ ᠳᠤ ᠤᠷᠤᠬᠰᠠᠨ ᠪᠠᠶᠢᠯ᠎ᠠ᠃ 2018 ᠤᠨ ᠳᠤ ᠮᠠᠰᠠ ᠵᠠᠰᠠᠯ ᠬᠢᠵᠦ ᠠᠷᠠᠢ ᠭᠡᠵᠦ ᠳᠠᠶᠠᠬ ᠢᠶᠠᠷ ᠤᠷᠤᠵᠦ ᠭᠠᠷᠴᠦ᠂ ᠠᠷᠰᠠᠷ ᠠᠵᠢᠯ ᠬᠢᠵᠦ ᠳᠠᠶᠢᠯᠬᠦ ᠪᠤᠯᠪᠠ᠃ ︽ᠡᠨᠡ 15 ᠵᠢᠯ ᠳᠤ᠂ ᠮᠠᠨᠤᠰ ᠪᠠᠶᠢᠳᠠᠬ ᠶᠠᠭᠤᠮ᠎ᠠ ᠪᠠᠨ ᠬᠤᠳᠠᠯᠳᠤᠵᠦ᠂ ᠨᠠᠶᠢᠵᠠ ᠨᠦᠬᠦᠳ ᠲᠦᠷᠦᠯ ᠰᠠᠳᠤᠨ ᠠᠴᠠ ᠪᠠᠨ ᠵᠤᠭᠤᠰ ᠮᠦᠡᠭᠬᠦ ᠵᠢᠭᠡᠯᠡᠭᠡᠳ ᠳᠡᠬᠦᠨ ᠤ ᠡᠪᠡᠳᠴᠢᠨ ᠢ ᠡᠳᠡᠭᠡᠷᠡᠬᠦᠯᠬᠦ ᠪᠠᠷ ᠤᠷᠤᠯᠳᠤᠬᠰᠠᠨ ᠪᠤᠯᠪᠠᠴᠤ ᠳᠤᠰᠠ ᠪᠤᠯᠤᠬᠰᠠᠨ ᠦᠭᠡᠢ᠃ 2018 ᠤᠨ ᠳᠤ ᠡᠷᠡᠭᠦᠯ ᠴᠢᠬᠢᠷᠠᠭ ᠢᠶᠠᠷ ᠶᠠᠳᠠᠭᠤ ᠶᠢ ᠳᠡᠳᠬᠦᠬᠦ ᠳᠦᠷᠦ ᠶᠢᠨ ᠪᠤᠳᠤᠯᠭ᠎ᠠ ᠶᠢᠨ ᠠᠴᠢ ᠪᠠᠷ ᠬᠤᠰᠢᠭᠤᠨ ᠤ ᠡᠮᠨᠡᠯᠭᠡ ᠶᠢᠨ ᠬᠤᠷᠢᠶᠠᠨ ᠳᠤ ᠮᠠᠰᠠ ᠵᠠᠰᠠᠯ ᠬᠢᠯᠭᠡᠵᠠᠢ᠃ 13 ᠲᠦᠮᠡᠨ ᠲᠦᠬᠦᠷᠢᠭ ᠤᠨ ᠡᠮᠨᠡᠯᠭᠡ ᠶᠢᠨ ᠰᠦᠢᠳᠭᠡᠯ ᠢ ᠪᠢᠳᠡ ᠬᠤᠪᠢ ᠪᠠᠷ ᠢᠶᠠᠨ ᠰᠠᠶ᠋ᠢ 1 ᠲᠦᠮᠠ 3 ᠮᠢᠩᠭ᠎ᠠ ᠢᠯᠡᠬᠦᠦ ᠯᠡ ᠭᠠᠷᠭᠠᠬᠰᠠᠨ ᠰᠢᠦ︾ ᠭᠡᠵᠦ ᠠᠷᠪᠠᠨᠳᠠᠪᠤᠨ ᠤ ᠡᠭᠡᠨᠡᠷ ᠬᠦ᠋ ᠨᠢᠶᠠᠩ ᠨᠢᠳᠤᠨ ᠳᠤ ᠪᠠᠨ ᠨᠢᠯᠪᠤᠰᠦ ᠲᠠᠢ ᠶᠠᠷᠢᠨ᠎ᠠ᠃ ᠬᠦ᠋ ᠨᠢᠶᠠᠩ ᠤᠨ ᠤᠨᠠᠭᠠᠬᠰᠠᠨ ︽ᠨᠢᠯᠪᠤᠰᠦ︾ ᠨᠢ ᠦᠡᠭᠭᠡᠷᠡᠭᠰᠡᠨ ᠤ ᠬᠦᠴᠢᠷᠳᠠᠯᠳᠦ ᠪᠠᠶᠢᠳᠡᠯ ᠢᠶᠠᠨ ᠡᠷᠬᠢᠴᠡᠬᠦᠯᠦᠭᠰᠡᠨ ᠭᠤᠮᠤᠳᠠᠯ ᠤᠨ ᠨᠢᠯᠪᠤᠰᠦ ᠭᠡᠵᠦ ᠬᠡᠯᠡᠵᠦ ᠪᠤᠯᠤᠨ᠎ᠠ᠂ ᠮᠦᠨ ᠴᠤ ᠤᠳᠤᠬᠠᠨ ᠤ ᠨᠠᠮ ᠵᠠᠰᠠᠬ ᠲᠤ ᠪᠠᠨ ᠳᠠᠯᠠᠷᠬᠠᠭᠰᠠᠨ ᠳᠤᠬᠳᠤᠭᠤᠯᠤᠯ ᠤᠨ ᠨᠢᠯᠪᠤᠰᠦ ᠭᠡᠵᠦ ᠬᠡᠯᠡᠵᠦ ᠪᠤᠯᠬᠤ ᠶᠤᠮ ᠡ᠃       ᠠᠷᠪᠠᠨᠳᠠᠪᠤᠨ ᠤ ᠬᠢᠨ ᠭᠡᠳᠦ᠋ᠢᠪᠡᠷ ᠭᠤᠴᠢᠭᠠᠳ ᠮᠦ ᠳᠠᠷᠢᠶ᠎ᠠ ᠲᠠᠢ ᠪᠤᠯᠪᠠᠴᠦ ᠮᠦᠨ ᠯᠠ ᠳᠡᠭᠷᠢ ᠶᠢᠨ ᠴᠢᠷᠠᠢ ᠶᠢ ᠬᠠᠷᠠᠵᠦ ᠤᠷᠤᠯᠭ᠎ᠠ ᠪᠠᠨ ᠳᠤᠬᠳᠠᠭᠠᠬᠤ ᠶᠤᠰᠤᠳᠠᠢ ᠪᠠᠶᠢᠯ᠎ᠠ᠃ ᠬᠤᠷ᠎ᠠ ᠳᠤᠨᠤᠳᠠᠰᠦ ᠰᠠᠶᠢᠨ ᠵᠢᠯ ᠳᠤ ᠪᠠᠨ ᠤᠷᠤᠯᠭ᠎ᠠ ᠰᠠᠶᠢᠳᠠᠢ᠂ ᠭᠠᠨᠭ᠌ ᠬᠠᠭᠰᠠᠷᠠᠭᠠᠨ ᠲᠠᠢ ᠪᠤᠯ ᠤᠷᠤᠯᠭ᠎ᠠ ᠦᠭᠡᠢ᠃ 2013 ᠤᠨ ᠳᠤ ᠳᠡᠳᠡᠡᠨᠠᠶᠢᠬᠢᠨ ᠳᠠᠩᠰᠠᠯᠠᠵᠦ ᠺᠠᠷᠲᠯᠠᠬᠰᠠᠨ ᠶᠠᠳᠠᠭᠤ ᠬᠦᠴᠢᠷᠳᠡᠯᠳᠡᠢ ᠡᠷᠦᠭᠡ ᠪᠠᠷ ᠳᠤᠳᠤᠯᠠᠬᠳᠠᠵᠦ᠂ ᠨᠠᠮ ᠵᠠᠰᠠᠬ ᠤᠨ ᠳᠡᠮᠵᠢᠯᠭᠡ ᠪᠠ ᠲᠦᠷᠦ ᠶᠢᠨ ᠪᠤᠳᠤᠯᠭ᠎ᠠ ᠶᠢᠨ ᠬᠠᠷᠠᠭᠠᠯᠵᠠᠯ ᠢᠶᠠᠷ ᠠᠮᠢᠳᠤᠷᠠᠯ ᠨᠢ ᠡᠳᠦᠷ ᠠᠴᠠ ᠡᠳᠦᠷ ᠰᠠᠶᠢᠵᠢᠷᠠᠵᠠᠢ᠃ ︽2016 ᠤᠨ ᠳᠤ᠂ ᠮᠠᠨᠠᠶᠢᠬᠢᠨ ᠨᠤᠷᠠᠬᠤ ᠠᠶᠤᠯᠳᠠᠢ ᠭᠡᠷ ᠪᠠᠶᠢᠰᠢᠩ ᠢ ᠵᠠᠰᠠᠨ ᠰᠢᠨᠡᠳᠭᠡᠬᠦ ᠲᠦᠷᠦᠯ ᠵᠦᠢᠯ ᠢ ᠬᠦᠷᠳᠡᠵᠦ᠂ ᠨᠠᠮ ᠵᠠᠰᠠᠬ ᠠᠴᠠ 60 ᠳᠡᠭᠰᠢ ᠲᠦᠷᠪᠡᠯᠵᠢᠨ ᠮᠧᠲᠷ ᠤᠨ ᠤᠷᠤᠨ ᠰᠠᠭᠤᠴᠠ ᠪᠠᠶᠢᠭᠤᠯᠤᠨ ᠦᠭᠬᠦ ᠪᠠᠷ ᠲᠤᠭᠳᠠᠵᠠᠢ᠃ ᠡᠭᠦᠨ ᠳᠤ ᠪᠢᠳᠡ ᠬᠤᠪᠢ ᠪᠠᠷ ᠢᠶᠠᠨ 5000 ᠲᠦᠬᠦᠷᠢᠭ ᠨᠡᠮᠡᠵᠦ ᠪᠠᠶᠢᠭᠠᠳ 70 ᠳᠡᠭᠰᠢ ᠲᠦᠷᠪᠡᠯᠵᠢᠨ ᠮᠧᠲᠷ ᠲᠠᠯᠠᠪᠠᠢ ᠲᠠᠢ ᠭᠡᠷ ᠪᠠᠷᠢᠵᠠᠢ᠂ ᠳᠡᠶᠢᠮᠦ ᠪᠢᠰᠢ ᠪᠤᠯ ᠭᠡᠵᠢᠶ᠎ᠠ ᠰᠢᠨ᠎ᠠ ᠭᠡᠷ ᠲᠤ ᠰᠠᠭᠤᠬᠤ ᠶᠢ ᠮᠡᠳᠡᠭᠦ ᠦᠭᠡᠢ︾ ᠭᠡᠵᠦ ᠠᠷᠪᠠᠨᠳᠠᠪᠤᠨ ᠶᠠᠷᠢᠨ᠎ᠠ᠃ ᠤᠳᠦ ᠨᠠᠮ ᠤᠨ ᠳᠦᠷᠦ ᠶᠢᠨ ᠪᠤᠳᠤᠯᠭ᠎ᠠ ᠶᠢᠨ ᠳᠡᠮᠵᠢᠯᠭᠡ ᠪᠠ ᠦᠪᠡᠷ ᠤᠨ ᠴᠢᠷᠮᠠᠶᠢᠯᠭ᠎ᠠ ᠪᠠᠷ ᠢᠶᠠᠨ ᠳᠡᠳᠡᠨᠠᠶᠢᠬᠢᠨ ᠰᠢᠨ᠎ᠡ ᠤᠷᠤᠨ ᠰᠠᠭᠤᠴᠠ ᠲᠠᠢ ᠪᠤᠯᠤᠬᠰᠠᠨ ᠮᠦᠷᠳᠡᠭᠡᠨ ᠪᠠᠰᠠ ᠬᠦᠷᠢᠶ᠎ᠠ ᠬᠠᠰᠢᠶ᠎ᠠ᠂ ᠮᠠᠯ ᠤᠨ ᠬᠤᠷᠤᠭ᠎ᠠ ᠰᠠᠷᠠᠪᠴᠢ ᠲᠠᠢ ᠪᠤᠯᠵᠦ ᠬᠦᠭᠵᠢᠯᠳᠤ ᠠᠮᠢᠳᠤᠷᠠᠯ ᠢ ᠡᠳ᠋ᠯᠡᠨ᠎ᠠ᠃       ᠠᠷᠪᠠᠨᠳᠠᠪᠤᠨ ᠤ ᠠᠮᠢᠳᠤᠷᠠᠯ ᠤᠨ ᠳᠠᠷᠤᠭᠠᠰᠦ ᠶᠢ ᠬᠦᠩᠭᠡᠷᠡᠭᠦᠯᠦᠨ᠂ ᠬᠠᠮᠤᠬ ᠤᠨ ᠨᠠᠭᠠᠳᠦ ᠵᠠᠬ᠎ᠠ ᠶᠢᠨ ᠤᠷᠤᠯᠭ᠎ᠠ ᠲᠠᠢ ᠪᠤᠯᠭᠠᠬᠤ ᠪᠠᠷ 2017 ᠤᠨ ᠳᠤ ᠰᠤᠮᠤ ᠭᠠᠴᠠᠭ᠎ᠠ ᠶᠢᠨ ᠬᠢᠨ ᠲᠡᠳᠡᠨ ᠳᠤ ᠦᠨᠢᠶ᠎ᠠ ᠲᠡᠵᠢᠭᠡᠭᠦ ᠲᠦᠷᠦᠯ ᠵᠦᠢᠯ ᠢ ᠤᠯᠭᠤᠵᠦ᠂ ᠭᠤᠷᠪᠠᠨ ᠦᠨᠢᠶ᠎ᠠ ᠦᠭᠴᠦ ᠳᠡᠵᠢᠭᠡᠯᠭᠡᠵᠠᠢ᠃ ︽ᠡᠨᠡ ᠭᠡᠳᠤᠨ ᠵᠢᠯ᠂ ᠠᠷᠪᠠᠨᠳᠠᠪᠤᠨ ᠤ ᠬᠢᠨ ᠨᠠᠮ ᠵᠠᠰᠠᠬ ᠤᠨ ᠬᠠᠪᠰᠤᠷᠤᠯᠭ᠎ᠠ ᠳᠡᠮᠵᠢᠯᠭᠡ ᠶᠢ ᠬᠦᠰᠡᠷᠳᠡᠬᠦᠯᠤᠯ ᠦᠭᠡᠢ ᠪᠠᠷ ᠦᠨᠢᠶ᠎ᠠ ᠪᠠᠨ ᠰᠠᠶᠢᠳᠤᠷ ᠳᠡᠵᠢᠭᠡᠨ ᠠᠷᠠᠴᠢᠯᠠᠵᠤ ᠪᠠᠶᠢᠬᠤ ᠪᠦᠭᠡᠳ ᠮᠠᠯ ᠤᠨ ᠳᠤᠭ᠎ᠠ ᠳᠤᠯᠤᠭᠠᠢ ᠪᠠᠨ ᠦᠷᠬᠦᠯᠵᠢᠯᠡᠨ ᠨᠡᠮᠡᠭᠳᠡᠭᠦᠯᠵᠦ ᠪᠤᠢ᠃ ᠳᠤᠬᠠᠢ ᠶᠢᠨ ᠵᠢᠯ ᠳᠤ ᠡᠳᠡᠨᠠᠶᠢᠬᠢᠨ ᠪᠠᠰᠠ ᠳᠠᠷᠢᠶᠠᠯᠠᠩ ᠤᠨ ᠪᠠᠩᠬᠢ ᠶᠢᠨ ᠬᠦᠦ ᠮᠦᠡᠭᠬᠦ ᠦᠭᠡᠢ ᠵᠢᠭᠡᠯᠡᠯᠭᠡ ᠶᠢ 5 ᠲᠦᠮᠡᠨ ᠲᠦᠬᠦᠷᠢᠭ ᠵᠢᠭᠡᠯᠡᠵᠦ᠂ 3 ᠦᠨᠢᠶ᠎ᠠ ᠬᠤᠳᠠᠯᠳᠤᠨ ᠠᠪᠤᠬᠰᠠᠨ᠃ ᠤᠳᠤ ᠲᠤᠭᠤᠯ ᠢ ᠨᠢ ᠬᠤᠳᠠᠯᠳᠤᠭᠠᠳ ᠪᠠᠰᠠ 7 ᠦᠨᠢᠶ᠎ᠠ ᠲᠠᠢ ᠴᠢᠨᠡᠭᠡᠯᠢᠭ ᠠᠶᠢᠯ ᠪᠤᠯᠤᠬᠰᠠᠨ ᠰᠢᠦ︾ ᠭᠡᠵᠦ ᠪᠡᠷᠭᠡ ᠶᠢᠨ ᠮᠠᠩᠬ᠎ᠠ ᠭᠠᠴᠠᠭᠠᠨ ᠤ ᠨᠢᠭᠡᠳᠤᠭᠡᠷ ᠱᠦᠵᠢ ᠪᠠᠮᠪᠠᠷ ᠡᠳᠡᠨᠠᠶᠢᠭᠡᠨ ᠤ ᠠᠮᠢᠳᠤᠷᠠᠯ ᠤᠨ ᠬᠦᠭᠵᠢᠯᠳᠠ ᠬᠤᠪᠢᠷᠠᠯᠳᠠ ᠶᠢ ᠳᠠᠨᠢᠯᠴᠠᠭᠤᠯᠤᠨ᠎ᠠ᠃ ᠤᠳᠤᠬᠠᠨ ᠳᠤ᠂ ᠳᠤᠰ ᠭᠠᠴᠠᠭᠠᠨ ᠤ ᠤᠯᠠᠩᠬᠢ ᠡᠷᠦᠭᠡ ᠴᠦᠮ ᠠᠵᠦ ᠦᠢᠯᠡᠰ ᠢᠶᠠᠷ ᠶᠠᠳᠠᠭᠤ ᠶᠢ ᠳᠡᠳᠬᠦᠬᠦ ᠲᠦᠷᠦ ᠶᠢᠨ ᠪᠤᠳᠤᠯᠭ᠎ᠠ ᠶᠢᠨ ᠳᠤᠶᠠᠭᠠᠯᠠᠯ ᠢᠶᠠᠷ ᠦᠨᠢᠶ᠎ᠠ ᠳᠡᠵᠢᠭᠡᠬᠦ ᠦᠢᠯᠡᠰ ᠡᠷᠬᠢᠯᠡᠵᠦ ᠶᠠᠳᠠᠭᠤ ᠠᠴᠠ ᠠᠩᠬᠢᠵᠢᠷᠠᠭᠰᠠᠨ ᠪᠠᠶᠢᠨ᠎ᠠ᠃       ᠶᠠᠳᠠᠭᠤ ᠠᠷᠠᠳ ᠠᠭᠤᠤ ᠨᠠᠮ ᠤᠨ ᠢᠶᠠᠨ ᠠᠴᠢ ᠪᠠᠷ ᠴᠢᠨᠡᠭᠡᠯᠢᠭᠵᠢᠨ᠎ᠠ ᠭᠡᠳᠡᠭ ᠢᠶᠠᠷ ᠠᠷᠪᠠᠨᠳᠠᠪᠤᠨ ᠨᠠᠮ ᠵᠠᠰᠠᠬ ᠲᠤ ᠪᠠᠨ ᠳᠠᠷᠤᠭᠠᠰᠦ ᠪᠤᠯᠬᠤ ᠦᠭᠡᠢ ᠮᠦᠷᠳᠡᠭᠡᠨ ᠶᠠᠳᠠᠭᠤ ᠠᠴᠠ ᠠᠩᠬᠢᠵᠢᠷᠠᠭᠤᠯᠬᠤ ᠪᠤᠭᠤᠮᠳᠠ ᠰᠢᠪᠳᠤᠯᠬᠤ ᠳᠠᠶᠢᠯᠠᠯᠳᠤᠭᠠᠨ ᠳᠤ ᠬᠦᠴᠦᠨ ᠨᠡᠮᠡᠷᠢᠯᠡᠬᠦ ᠪᠠᠷ ᠵᠤᠷᠢᠬ ᠢᠶᠠᠨ ᠡᠷᠴᠢᠯᠡᠨ ᠡᠷᠳᠡᠯᠡᠵᠦ ᠤᠷᠦ᠋ᠢᠯᠠᠨ ᠠᠵᠢᠯᠯᠠᠵᠤ᠂ ᠠᠵᠢᠯᠴᠢ ᠠᠷᠪᠢᠴᠢ ᠪᠠᠷ ᠠᠳᠠᠯ ᠠᠮᠢᠳᠤᠷᠠᠯ ᠢᠶᠠᠨ ᠦᠭᠡᠳᠡ ᠳᠠᠳᠠᠵᠤ ᠪᠠᠶᠢᠨ᠎ᠠ᠃ ᠡᠪᠡᠳᠴᠢᠨ ᠨᠢ ᠢᠯᠡᠷᠢᠰᠢᠵᠦ ᠦᠪᠡᠷ ᠢᠶᠠᠨ ᠶᠠᠪᠤᠵᠦ ᠰᠠᠭᠤᠵᠦ ᠳᠡᠶᠢᠯᠬᠦ ᠪᠤᠯᠤᠬᠰᠠᠨ ᠠᠴᠠ ᠳᠡᠷᠨ ᠬᠦᠷᠢᠶ᠎ᠠ ᠬᠠᠰᠢᠶᠠᠨ ᠤ ᠠᠵᠦ ᠠᠬᠤᠢ ᠶᠢ ᠬᠦᠭᠵᠢᠬᠦᠯᠵᠦ᠂ ᠪᠤᠷᠴᠠᠭ ᠨᠤᠭᠤᠭ᠎ᠠ ᠳᠠᠷᠢᠵᠤ ᠪᠠᠯᠭᠠᠰᠤᠨ ᠤ ᠪᠠᠨ ᠡᠷᠳᠡ ᠶᠢᠨ ᠵᠠᠬ᠎ᠠ ᠳᠡᠯᠭᠡᠬᠦᠷ ᠲᠤ ᠪᠤᠷᠤᠯᠠᠭᠤᠯᠵᠦ᠂ 2000 — 3000 ᠲᠦᠬᠦᠷᠢᠭ ᠤᠯᠵᠦ᠂ ᠬᠦᠦ ᠶᠢᠨ ᠢᠶᠠᠨ ᠰᠤᠷᠤᠯᠭ᠎ᠠ ᠶᠢᠨ ᠰᠤᠯᠠ ᠵᠠᠷᠤᠳᠡᠯ ᠢ ᠰᠢᠢᠳᠪᠦᠷᠢᠯᠡᠵᠦ ᠪᠤᠢ᠃ ᠠᠷᠪᠠᠨᠳᠠᠪᠤᠨ ᠡᠪᠡᠳᠴᠢᠨ ᠤᠯᠵᠦ ᠶᠠᠳᠠᠭᠤᠷᠠᠬᠰᠠᠨ ᠪᠤᠯᠪᠠᠴᠦ ᠦᠪᠡᠷ ᠤᠨ ᠬᠦᠴᠦ ᠪᠠᠷ ᠢᠶᠠᠨ ᠳᠡᠭᠵᠢᠷᠠᠨ᠂ ᠠᠮᠢᠳᠤᠷᠠᠯ ᠢᠶᠠᠨ ᠴᠢᠨᠡᠭᠡᠯᠢᠭᠵᠢᠬᠦᠯᠬᠦ ᠪᠠᠷ ᠴᠢᠷᠮᠠᠶᠢᠵᠦ ᠯᠠ ᠪᠠᠶᠢᠨ᠎ᠠ᠃ ᠭᠡᠬᠦ ᠮᠦᠷᠳᠡᠭᠡᠨ ᠳᠡᠬᠦᠨ ᠤ ᠡᠨᠡᠬᠦ ᠶᠠᠳᠠᠭᠤ ᠠᠴᠠ ᠪᠠᠨ ᠠᠩᠬᠢᠵᠢᠷᠠᠭᠰᠠᠨ ᠦᠡᠭᠭᠡᠷᠡᠯᠳᠠ ᠪᠠ ᠪᠠᠶᠠᠵᠢᠨ ᠴᠢᠨᠡᠭᠡᠯᠢᠭᠵᠢᠭᠦ ᠪᠠᠷ ᠴᠢᠷᠮᠠᠶᠢᠵᠦ ᠪᠠᠶᠢᠭ᠎ᠠ ᠵᠤᠷᠢᠬ ᠰᠦᠰᠦ ᠨᠢ ᠬᠠᠵᠠᠭᠤ ᠬᠠᠪᠢ ᠶᠢᠨ ᠬᠢᠨ ᠳᠠᠭᠠᠨ ᠲᠠᠭᠤᠷᠢᠶᠠᠯ ᠪᠤᠯᠵᠦ ᠮᠠᠬᠳᠠᠭᠳᠠᠨ ᠰᠠᠶᠢᠰᠢᠶᠠᠬᠳᠠᠨ᠎ᠠ ᠪᠢᠯᠡ᠃
 
ᠢᠷᠡᠯᠲᠡ᠄ ᠬᠢᠩᠭᠠᠨ ᠤ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号