ᠦᠩ ᠵᠢᠯ ᠤᠨ ᠡᠯᠪᠡᠭ ᠬᠤᠷᠢᠶᠠᠯᠳᠠ ᠶᠢᠨ ᠮᠦᠰᠢᠶᠠᠯ
ᠨᠡᠶᠢᠲᠡᠯᠡᠭᠰᠡᠨ ᠴᠠᠭ᠄
2021/11/3
   ᠳᠠᠩᠰᠤᠭ ᠨᠠᠮᠥᠷ ᠲᠤ ᠡᠭᠡ ᠳᠡᠯᠡᠬᠡᠢ ᠠᠯᠳᠠᠨ ᠰᠢᠷᠭᠠᠯ ᠦᠡᠭᠭᠡ ᠪᠠᠷ ᠴᠢᠮᠡᠭᠯᠡᠭᠳᠡᠨ᠎ᠡ᠃ ᠬᠤᠷᠴᠢᠨ ᠪᠠᠷᠠᠭᠤᠨ ᠭᠠᠷᠥᠨ ᠡᠮᠥᠨᠡᠳᠥ ᠬᠤᠰᠢᠭᠤᠨ ᠤ ᠳ᠋ᠠᠱᠢᠵᠠᠢ ᠪᠠᠯᠭᠠᠰᠥᠨ ᠤ ᠪᠤᠮᠠᠠ ᠲᠤᠰᠬᠤᠨ ᠤ ᠵᠢᠢ ᠭᠤᠸᠠᠨ ᠱᠠᠨ ᠤ ᠠᠮᠢ ᠠᠬᠤᠢ ᠶᠢᠨ ᠵᠢᠮᠢᠰ ᠳᠡᠬᠦᠬᠦ ᠬᠦᠷᠢᠶᠡᠯᠡᠩ ᠤᠨ ᠠᠭᠠᠯᠢᠭ ᠠᠯᠢᠮ᠎ᠠ ᠶᠢᠨ ᠰᠠᠭᠤᠷᠢᠨ ᠪᠠᠰᠠ ᠨᠢᠭᠡᠨ ᠡᠯᠪᠡᠭ ᠬᠤᠷᠢᠶᠠᠯᠳᠠ ᠶᠢᠨ ᠤᠯᠠᠷᠢᠯ ᠢᠶᠠᠨ ᠤᠭᠳᠤᠯ᠎ᠠ᠃   ᠵᠢᠮᠢᠰ ᠤᠨ ᠬᠦᠷᠢᠶᠡᠯᠡᠩ ᠳᠤ᠂ ᠵᠢᠮᠢᠰ ᠤᠨ ᠳᠠᠷᠢᠶᠠᠴᠢᠳ ᠪᠤᠯᠪᠠᠰᠤᠷᠠᠭᠰᠠᠨ ᠵᠢᠮᠢᠰ ᠢᠶᠠᠨ ᠳᠡᠬᠦᠵᠤ ᠬᠤᠷᠢᠶᠠᠨ᠂ ᠴᠢᠷᠠᠢ ᠳᠤ ᠨᠢ ᠡᠯᠪᠡᠭ ᠬᠤᠷᠢᠶᠠᠯᠳᠠ ᠶᠢᠨ ᠪᠠᠶᠠᠰᠤᠯ ᠪᠢᠯᠬᠠᠨ᠎ᠠ᠃   ᠰᠠᠨ ᠰᠢᠩ ᠲᠤᠰᠬᠤᠨ ᠤ ᠬᠤᠤ ᠴᠦᠨ ᠫᠢᠩ ᠦᠷᠯᠥᠭᠡ ᠡᠷᠳᠡ ᠠᠴᠠ ᠡᠬᠢᠯᠡᠨ ᠲᠤᠰᠬᠠᠢ ᠬᠤᠷᠰᠢᠶᠠᠵᠢᠯ ᠤᠨ ᠬᠡᠰᠢᠬᠦᠳ ᠢᠶᠠᠨ ᠳᠠᠭᠠᠭᠤᠯᠥᠨ ᠳᠡᠭᠦᠭᠰᠡᠨ ᠵᠢᠮᠢᠰ ᠢᠶᠠᠨ ᠬᠤᠷᠢᠶᠠᠵᠤ ᠬᠠᠳᠠᠭᠠᠯᠠᠨ᠎ᠠ᠃ 3 ᠵᠢᠯ ᠤᠨ ᠡᠮᠥᠨ᠎ᠡ᠂ ᠬᠤᠤ ᠴᠦᠨ ᠫᠢᠩ ᠨᠠᠮ ᠵᠠᠰᠠᠭ ᠤᠨ ᠳᠡᠮᠵᠢᠯᠭᠡ ᠪᠠᠷ ᠳᠠᠷᠢᠵᠤ ᠳᠡᠵᠢᠭᠡᠬᠦ ᠲᠤᠰᠬᠠᠢ ᠬᠤᠷᠰᠢᠶᠠᠵᠢᠯ ᠪᠠᠶᠢᠭᠤᠯᠵᠤ᠂ ᠵᠢᠢ ᠭᠤᠸᠠᠨ ᠱᠠᠨ ᠠᠭᠤᠯᠠᠨ ᠳᠤ 2000 ᠮᠥ ᠠᠭᠠᠯᠢᠭ ᠠᠯᠢᠮ᠎ᠠ ᠶᠢᠨ ᠤᠢ ᠶᠢ ᠡᠵᠡᠩᠨᠡᠬᠦ ᠡᠷᠭᠡ ᠶᠢ ᠤᠯᠵᠤ᠂ ᠬᠠᠳᠠᠭᠤᠵᠢᠯᠳᠠᠢ ᠴᠢᠷᠮᠠᠶᠢᠨ ᠠᠵᠢᠯᠯᠠᠭᠰᠠᠨ ᠢᠶᠠᠷ ᠵᠢᠮᠢᠰ ᠤᠨ ᠤᠢ ᠶᠢᠨ ᠦᠷ᠎ᠡ ᠠᠰᠢᠭ ᠵᠢᠯ ᠠᠴᠠ ᠵᠢᠯ ᠰᠠᠶᠢᠵᠢᠷᠠᠵᠤ᠂ ᠨᠢᠳᠥᠨᠥᠨ ᠤ ᠠᠭᠠᠯᠢᠭ ᠠᠯᠢᠮ᠎ᠠ ᠶᠢᠨ ᠭᠠᠷᠤᠯᠳᠠ ᠨᠢ 30 ᠲᠦᠮᠡᠨ ᠵᠢᠩ ᠬᠦᠷᠴᠥ᠂ 30 ᠭᠠᠷᠤᠢ ᠲᠦᠮᠡᠨ ᠲᠦᠬᠦᠷᠢᠭ ᠤᠨ ᠤᠷᠤᠯᠭ᠎ᠠ ᠤᠯᠵᠤ᠂ ᠲᠤᠰᠬᠠᠢ ᠬᠤᠷᠰᠢᠶᠠᠵᠢᠯ ᠤᠨ 61 ᠬᠡᠰᠢᠬᠦᠨ ᠡᠷᠥᠭᠡ ᠶᠢᠨ ᠢᠶᠠᠨ ᠡᠷᠥᠭᠡ ᠪᠦᠷᠢ ᠶᠢᠨ ᠤᠷᠤᠯᠭ᠎ᠠ ᠶᠢ 4000 ᠭᠠᠷᠤᠢ ᠲᠦᠬᠦᠷᠢᠭ ᠨᠡᠮᠡᠭᠳᠡᠬᠦᠯᠪᠡ᠃︽ᠡ᠊ᠨᠡ ᠵᠢᠯ ᠬᠤᠷ᠎ᠠ ᠪᠤᠷᠤᠭᠠᠨ ᠳᠡᠭᠰᠢ᠂ ᠠᠭᠠᠯᠢᠭ ᠠᠯᠢᠮ᠎ᠠ ᠶᠢᠨ ᠴᠢᠨᠠᠷ ᠪᠠ ᠬᠤᠷᠢᠶᠠᠯᠳᠠ ᠪᠦᠷ ᠨᠢᠳᠥᠨᠥᠨ ᠤ ᠬᠢ ᠠᠴᠠ ᠰᠠᠶᠢᠨ᠂ ᠵᠢᠮᠢᠰ ᠤᠨ ᠢᠶᠠᠨ ᠨᠢᠭᠡ ᠬᠡᠰᠡᠭ ᠢ ᠬᠤᠳᠠᠯᠳᠤᠵᠤ ᠪᠤᠷᠤᠯᠠᠭᠤᠯᠥᠨ᠂ ᠨᠢᠭᠡ ᠬᠡᠰᠡᠭ ᠢ ᠨᠢ ᠲᠤᠰᠬᠤᠨ ᠤ ᠪᠠᠨ ᠵᠢᠮᠢᠰ ᠪᠤᠯᠪᠠᠰᠤᠷᠠᠭᠤᠯᠬᠤ ᠥᠢᠯᠡᠳᠪᠤᠷᠢ ᠳᠤ ᠬᠦᠷᠭᠡᠨ᠎ᠡ᠂ ᠪᠤᠷᠤᠯᠠᠭᠤᠯᠬᠤ ᠶᠢᠨ ᠲᠦᠯᠥᠭᠡ ᠵᠤᠪᠠᠭ᠋ᠤ ᠦᠬᠡᠢ︾ ᠭᠡᠵᠤ ᠬᠤᠤ ᠴᠦᠨ ᠫᠢᠩ ᠪᠠᠶᠠᠷᠳᠠᠢ ᠬᠡᠯᠡᠨ᠎ᠠ᠃   ︽ᠪᠠᠶᠠᠵᠢᠨ ᠴᠢᠨᠡᠭᠡᠯᠢᠭᠵᠢᠶ᠎ᠡ ᠬᠡᠪᠡᠯ ᠵᠢᠮᠢᠰ ᠤᠨ ᠮᠤᠳᠥ ᠳᠠᠷᠢᠨ᠎ᠠ᠂ ᠤᠳᠥ ᠠᠭᠤᠯᠠᠨ ᠬᠢᠷ᠎ᠠ ᠳᠡᠭᠡᠷ᠎ᠡ ᠪᠦᠷ ᠵᠢᠮᠢᠰ ᠤᠨ ᠮᠤᠳᠥ ᠤᠷᠭᠤᠵᠤ ᠠᠮᠢ ᠠᠬᠤᠢ ᠰᠠᠶᠢᠵᠢᠷᠠᠭᠰᠠᠨ ᠢᠶᠠᠷ ᠪᠠᠷᠠᠬᠤ ᠦᠬᠡᠢ᠂ ᠠᠷᠠᠳ ᠤᠨ ᠤᠷᠤᠯᠭ᠎ᠠ ᠴᠥ ᠨᠡᠮᠡᠭᠳᠡᠵᠡᠢ᠂ ᠨᠢᠳᠥᠨᠥᠨ ᠮᠠᠨ ᠤ ᠵᠢᠮᠢᠰ ᠤᠨ ᠤᠢ ᠶᠢᠨ ᠤᠷᠤᠯᠭ᠎ᠠ 100 ᠭᠠᠷᠤᠢ ᠲᠦᠮᠡᠨ ᠲᠦᠬᠦᠷᠢᠭ ᠬᠦᠷᠴᠡᠢ︾ ᠭᠡᠵᠤ ᠰᠠᠨ ᠰᠢᠩ ᠲᠤᠰᠬᠤᠨ ᠤ ᠵᠢᠮᠢᠰ ᠤᠨ ᠮᠤᠳᠥᠨ ᠤ ᠲᠤᠰᠬᠠᠢ ᠮᠡᠷᠭᠡᠵᠢᠯᠳᠡᠨ ᠰᠦᠨ ᠰᠢᠶᠠᠨ ᠹᠦ᠋ ᠬᠡᠯᠡᠨ᠎ᠡ᠃ ᠳᠡᠬᠦᠨ ᠤ ᠳᠠᠭᠠᠭᠠᠴᠢᠯᠠᠭᠰᠠᠨ ᠵᠢᠮᠢᠰ ᠤᠨ ᠬᠦᠷᠢᠶᠡᠯᠡᠩ 30 ᠭᠠᠷᠤᠢ ᠮᠥ ᠪᠠᠶᠢᠭᠰᠠᠨ ᠠᠴᠠ ᠪᠠᠨ 100 ᠭᠠᠷᠤᠢ ᠮᠥ ᠪᠤᠯᠵᠤ᠂ ᠵᠢᠮᠢᠰ ᠤᠨ ᠮᠤᠳᠥᠨ ᠤ ᠲᠦᠷᠥᠯ ᠵᠥᠢᠯ ᠨᠢ ᠴᠥ 30 ᠭᠠᠷᠤᠢ ᠵᠥᠢᠯ ᠪᠤᠯᠵᠤ ᠬᠦᠭᠵᠢᠵᠡᠢ᠃   ᠤᠢᠢᠷ᠎ᠠ ᠶᠢᠨ ᠵᠢᠯ ᠳᠤ᠂ ᠮᠠᠨ ᠤ ᠠᠶᠢᠮᠠᠭ ᠤᠢ ᠰᠢᠭᠤᠢ ᠶᠢᠨ ᠠᠵᠤ ᠥᠢᠯᠡᠰ ᠤᠨ ᠬᠦᠭᠵᠢᠯᠳᠡ ᠶᠢ ᠳᠡᠭᠡᠳᠥ ᠬᠡᠮᠵᠢᠶ᠎ᠡ ᠪᠠᠷ ᠴᠢᠬᠤᠯᠠᠴᠢᠯᠠᠵᠤ᠂ ᠤᠷᠤᠨ ᠪᠠᠶᠢᠷᠢ ᠶᠢᠨ ᠳᠠᠪᠠᠭᠤᠯᠢᠭ ᠪᠠ ᠡᠬᠢ ᠪᠠᠶᠠᠯᠢᠭ ᠤᠨ ᠳᠠᠪᠠᠭᠤᠯᠢᠭ ᠲᠤ ᠪᠠᠨ ᠰᠠᠭᠤᠷᠢᠯᠠᠨ ︽ᠰᠠᠭᠤᠷᠢᠨ ᠭᠠᠵᠠᠷ ᠢ ᠦᠷᠭᠡᠳᠭᠡᠬᠦ᠂ ᠳᠠᠭᠠᠭᠤᠯᠤᠭᠴᠢ ᠠᠵᠤ ᠠᠬᠤᠢᠢᠯᠠᠯ ᠢ ᠳᠡᠳᠬᠦᠬᠦ᠂ ᠰᠢᠨᠵᠢᠯᠡᠬᠦ ᠤᠬᠠᠭᠠᠨ ᠮᠡᠷᠭᠡᠵᠢᠯ ᠢ ᠬᠦᠭᠵᠢᠬᠦᠯᠬᠦ᠂ ᠨᠡᠷᠡᠳᠥ ᠲᠦᠷᠥᠯ ᠳᠡᠮᠳᠡᠭ ᠢ ᠡᠬᠦᠳᠬᠦ᠂ ᠠᠮᠥᠷ ᠲᠦᠪᠰᠢᠨ ᠢ ᠪᠠᠳᠤᠯᠠᠬᠤ᠂ ᠶᠠᠳᠠᠭᠤ ᠶᠢ ᠳᠡᠳᠬᠦᠬᠦ ᠶᠢ ᠠᠬᠢᠭᠤᠯᠬᠤ︾ ᠬᠦᠭᠵᠢᠯᠳᠡ ᠶᠢᠨ ᠰᠡᠳᠬᠢᠴᠡ ᠪᠠ ︽ᠠᠵᠤ ᠠᠬᠤᠢᠢᠯᠠᠯ + ᠰᠠᠭᠤᠷᠢᠨ ᠭᠠᠵᠠᠷ + ᠳᠠᠷᠢᠶᠠᠴᠢᠨ ᠡᠷᠥᠭᠡ︾ ᠶᠢᠨ ᠡᠵᠡᠩᠨᠡᠯᠳᠡ ᠶᠢᠨ ᠵᠠᠭᠪᠤᠷ ᠢᠶᠠᠷ ᠤᠢ ᠵᠢᠮᠢᠰ ᠤᠨ ᠠᠵᠤ ᠥᠢᠯᠡᠰ ᠢ ᠶᠡᠭᠡ ᠪᠠᠷ ᠬᠦᠳᠥᠯᠥᠨ ᠵᠢᠯᠤᠭᠤᠳᠴᠥ ᠬᠦᠭᠵᠢᠬᠦᠯᠥᠨ᠂ ᠤᠢ ᠵᠢᠮᠢᠰ ᠤᠨ ᠥᠢᠯᠡᠰ ᠢ ᠠᠯᠬᠤᠮ ᠠᠯᠬᠤᠮ ᠢᠶᠠᠷ ᠤᠨᠴᠠᠯᠢᠬᠳᠥ ᠳᠠᠪᠠᠭᠤᠯᠢᠭ ᠠᠵᠤ ᠥᠢᠯᠡᠰ ᠪᠤᠯᠭᠠᠵᠠᠢ᠃ · ᠬᠡᠰᠢᠭᠪᠦᠶᠠᠨ ·
 
ᠢᠷᠡᠯᠲᠡ᠄ ᠬᠢᠩᠭᠠᠨ ᠤ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号