— ᠬᠡᠤᠬᠡᠳ ᠤᠨ ᠪᠠᠭ᠎ᠠ ᠨᠠᠰᠤᠨ ᠳᠤ ᠶᠠᠮᠡᠷ ᠬᠤᠪᠢᠷᠠᠯᠳᠠ ᠭᠠᠷᠪᠠ | ● ᠮᠸᠢ ᠬᠤᠸᠠ | ᠤᠳᠤᠬᠠᠨ᠎ᠠ ᠰᠤᠷᠭᠠᠭᠤᠯᠢ ᠶᠢᠨ ᠬᠦᠷᠢᠶᠡᠨ ᠳᠤ ᠶᠠᠭᠠᠬᠢᠭᠠᠳ ᠰᠢᠯ ᠵᠡᠭᠦᠭᠰᠡᠨ᠂ ᠬᠡᠳᠤ ᠮᠠᠷᠢᠶᠠᠳᠠᠢ ᠬᠡᠤᠬᠡᠳ | ᠬᠠᠶᠠ ᠬᠠᠷᠠᠬᠳᠠᠬᠤ ᠪᠤᠯᠪᠠ⁈ ᠭᠡᠷ ᠤᠨ ᠠᠬᠠᠮᠡᠳ ᠶᠠᠭᠠᠬᠢᠭᠠᠳ ᠬᠡᠤᠬᠡᠳ ᠤᠨ ᠰᠦᠯᠵᠢᠶᠡᠨ ᠳᠤ ᠰᠢᠨᠤᠬᠤ ᠶᠢ | ᠬᠤᠷᠢᠬᠯᠠᠭᠠᠳ ᠬᠤᠷᠢᠬᠯᠠᠵᠤ ᠲᠠᠶᠢᠯᠬᠦ ᠦᠭᠡᠢ ᠪᠤᠯᠪᠠ⁈ ᠬᠡᠤᠬᠡᠳ ᠶᠠᠭᠠᠬᠢᠨ ᠰᠤᠨᠢᠨ ᠰᠡᠪᠡᠭᠦᠨ ᠦᠭᠡ ᠶᠠᠷᠢᠶ᠎ᠠ᠂ | ᠡᠳᠡᠭᠡᠳ ᠰᠤᠨᠢᠨ ᠵᠠᠩ ᠠᠭᠠᠯᠢ ᠲᠠᠢ ᠪᠤᠯᠵᠤ᠂ ᠬᠠᠶᠢᠷ᠎ᠠ ᠰᠡᠳᠬᠢᠯᠭᠡ ᠬᠤᠮᠰᠠᠳᠠᠪᠠ⁈ ᠦᠶ᠎ᠠ ᠶᠢᠨ ᠨᠠᠶᠢᠵᠢ ᠲᠠᠢ ᠪᠠᠨ | ᠦᠶᠡᠷᠬᠡᠨ ᠨᠠᠭᠠᠳᠳᠠᠭ᠂ ᠡᠬᠡ ᠪᠠᠶᠢᠭᠠᠯᠢ ᠳᠤ ᠪᠠᠨ ᠪᠠᠶᠠᠰᠤᠯᠴᠡᠨ ᠲᠤᠬᠯᠠᠳᠠᠭ᠂ ᠡᠵᠢ ᠠᠪᠤ ᠠᠴᠠ ᠪᠠᠨ | ᠶᠢᠷᠳᠢᠨᠴᠤ ᠶᠢᠨ ᠨᠢᠭᠤᠴᠠ ᠶᠢ ᠰᠤᠪᠢᠵᠤ ᠪᠤᠷᠪᠢᠳᠡᠨ ᠲᠠᠭᠠᠳᠠᠭ᠂ ᠡᠨᠡᠷᠢᠯᠳᠤ ᠪᠠᠭᠰᠢ ᠠᠴᠠ ᠪᠠᠨ ᠡᠷᠳᠡᠮ ᠤᠨ | ᠲᠦᠯᠬᠢᠭᠦᠷ ᠭᠤᠶᠤᠳᠠᠭ ᠬᠡᠤᠬᠡᠳ ᠶᠠᠭᠠᠬᠢᠠ ᠠᠯᠠᠭᠠᠨ ᠴᠢᠨᠡᠬᠡᠨ ᠭᠠᠷ ᠤᠳᠠᠰᠤ ᠪᠠᠷ ᠠᠯᠢᠪᠡ ᠶᠢ ᠤᠷᠤᠯᠠᠵᠤ᠂ ᠬᠡᠢ | ᠬᠤᠭᠤᠰᠤᠨ ᠶᠢᠷᠳᠢᠨᠴᠤ ᠳᠤ ᠨᠠᠭᠠᠳᠤᠮ ᠲᠤᠬᠯᠠᠭᠠᠮ ᠳᠤ ᠰᠢᠨᠤᠵᠤ ᠦᠪᠡᠷ ᠢ ᠪᠠᠨ ᠪᠢᠳᠠᠭᠦᠮᠵᠢᠯᠡᠬᠦ ᠪᠤᠯᠪᠠ⁈ | ᠬᠡᠤᠬᠡᠳ ᠤᠨ ᠪᠠᠭ᠎ᠠ ᠨᠠᠰᠤᠨ ᠳᠤ ᠶᠠᠮᠡᠷ ᠠᠶᠤᠯ ᠲᠦᠭᠰᠢᠭᠦᠷᠢ ᠲᠤᠯᠭᠠᠷᠠᠪᠠ⁈ | ᠤᠯᠠᠩᠬᠢ ᠬᠦᠮᠤᠨ ᠤ ᠦᠵᠡᠬᠦ ᠪᠠᠷ᠂ ᠡᠨᠡ ᠨᠢ ᠭᠡᠷ ᠪᠦᠯᠢ ᠳᠤ ᠲᠤᠯᠭᠠᠷᠠᠬᠰᠠᠨ ᠠᠰᠠᠭᠤᠳᠠᠯ ᠲᠡᠳᠤᠢ ᠪᠢᠰᠢ᠂ | ᠬᠠᠷᠢᠨ ᠨᠡᠶᠢᠬᠡᠮ ᠨᠡᠶᠢᠳᠡ ᠶᠢᠨ ᠬᠦᠨᠳᠤ ᠨᠤᠴᠢᠳᠠᠢ ᠠᠰᠠᠭᠤᠳᠠᠯ ᠪᠤᠯᠵᠤ᠂ ᠬᠡᠤᠬᠡᠳ ᠪᠠᠭᠠᠴᠤᠳ ᠤᠨ ᠬᠤᠵᠢᠮ | ᠢᠷᠡᠭᠡᠳᠤᠢ ᠲᠠᠢ ᠰᠢᠭᠤᠳ ᠬᠤᠯᠪᠤᠬᠳᠠᠯ ᠲᠠᠢ ᠪᠤᠯᠤᠬᠰᠠᠨ ᠪᠠᠶᠢᠳᠠᠭ᠃ ᠦᠨᠤ ᠬᠠᠮᠢᠶ᠎ᠠ ᠪᠦᠬᠦᠢ ᠪᠠᠶᠢᠭᠤᠯᠭ᠎ᠠ ᠨᠢᠭᠡᠴᠢ | ᠡᠨᠡ ᠬᠦ ᠠᠰᠠᠭᠤᠳᠠᠯ ᠤᠨ ᠬᠦᠨᠳᠤ ᠨᠤᠴᠢᠳᠠᠢ ᠶᠢ ᠰᠡᠷᠡᠵᠤ ᠮᠡᠳᠡᠵᠤ᠂ ᠠᠯᠪᠡᠨ ᠵᠢᠷᠤᠮ ᠤᠨ ᠰᠤᠷᠭᠠᠨ ᠬᠦᠮᠤᠵᠢᠯ ᠤᠨ | ᠱᠠᠳᠤᠨ ᠤ ᠰᠤᠷᠤᠬᠴᠢᠳ ᠤᠨ ᠲᠠᠰᠬᠠᠯ ᠲᠠᠭᠠᠭᠠᠯᠭᠠᠪᠦᠷᠢ ᠶᠢ ᠬᠦᠡᠭᠭᠡᠷᠡᠬᠦᠯᠬᠦ ᠵᠢᠴᠢ ᠪᠠᠭᠰᠢ ᠠᠴᠠ ᠸᠢᠴᠠᠲ᠂ QQ | ᠴᠤᠬᠯᠠᠷᠠᠯ ᠢ ᠠᠰᠢᠬᠯᠡᠨ ᠭᠡᠷ ᠤᠨ ᠲᠠᠰᠬᠠᠯ ᠦᠯᠡᠳᠡᠭᠡᠬᠦ ᠶᠢ ᠡᠷᠡᠰ ᠬᠤᠷᠢᠬᠯᠠᠬᠤ ᠲᠤᠬᠠᠢ ᠪᠢᠴᠢᠭ ᠮᠠᠲ᠋ᠧᠷᠢᠶᠠᠯ | ᠪᠠᠭᠤᠯᠭᠠᠬᠰᠠᠨ ᠪᠠᠶᠢᠨ᠎ᠠ᠃ ᠭᠡᠪᠡᠴᠤ ᠲᠡᠭᠡᠷ᠎ᠡ ᠱᠠᠳᠤᠨ ᠠᠴᠠ ᠵᠢᠯ ᠲᠠᠷᠠᠭᠠᠯᠠᠨ ᠪᠢᠴᠢᠭ ᠮᠠᠲ᠋ᠧᠷᠢᠶᠠᠯ ᠪᠠᠭᠤᠯᠭᠠᠨ | ᠰᠤᠷᠤᠬᠴᠢᠳ ᠤᠨ ᠲᠠᠰᠬᠠᠯ ᠲᠠᠭᠠᠭᠠᠯᠭᠠᠪᠦᠷᠢ ᠶᠢ ᠬᠦᠡᠭᠭᠡᠷᠡᠬᠦᠯᠬᠦ ᠶᠢ ᠱᠠᠭᠠᠷᠳᠠᠵᠤ ᠪᠠᠶᠢᠭ᠎ᠠ ᠴᠤ ᠰᠤᠷᠤᠬᠴᠢᠳ ᠤᠨ | ᠲᠠᠰᠬᠠᠯ ᠲᠠᠭᠠᠭᠠᠯᠭᠠᠪᠦᠷᠢ ᠬᠦᠨᠳᠤ᠂ ᠸᠢᠴᠠᠲ ᠤᠨ ᠴᠤᠬᠯᠠᠷᠠᠯ ᠳᠤ ᠭᠡᠷ ᠤᠨ ᠲᠠᠰᠬᠠᠯ ᠦᠯᠡᠳᠡᠭᠡᠬᠦ ᠶᠢ | ᠦᠨᠳᠤᠰᠤᠨ ᠠᠴᠠ ᠨᠢ ᠬᠤᠪᠢᠷᠠᠭᠤᠯᠵᠤ ᠲᠠᠶᠢᠯᠤᠭᠡ ᠦᠭᠡᠢ᠃ ᠰᠦᠯᠵᠢᠶᠡᠨ ᠲᠡᠭᠡᠷ᠎ᠠ ᠲᠠᠰᠬᠠᠯ ᠦᠯᠡᠳᠡᠭᠡᠳᠡᠭ ᠠᠴᠠ | ᠭᠡᠷ ᠤᠨ ᠠᠬᠠᠮᠡᠳ ᠠᠷᠭ᠎ᠠ ᠦᠭᠡᠢ ᠬᠡᠤᠬᠡᠳ ᠲᠤ ᠪᠠᠨ ᠭᠠᠷ ᠤᠳᠠᠰᠤ ᠠᠳᠬᠤᠭᠤᠯᠤᠨ᠎ᠠ᠂ ᠬᠡᠷᠪᠡ ᠠᠯᠢ ᠨᠢᠭᠡ | ᠭᠡᠷ ᠤᠨ ᠠᠬᠠᠮᠡᠳ ᠰᠦᠯᠵᠢᠶᠡᠨ ᠲᠡᠭᠡᠷ᠎ᠡ ᠲᠠᠰᠬᠠᠯ ᠦᠯᠡᠳᠡᠭᠡᠬᠦ ᠶᠢ ᠡᠰᠡᠷᠭᠦᠴᠡᠵᠤ ᠬᠡᠤᠬᠡᠳ ᠤᠨ ᠢᠶᠠᠨ ᠪᠡᠶᠡᠯᠡᠬᠦᠯᠬᠦ ᠶᠢ | ᠬᠠᠷᠰᠢᠯᠡᠪᠡᠯ ᠤᠯᠠᠨ ᠤ ᠲᠤᠮᠳᠠ ᠨᠡᠷ᠎ᠠ ᠲᠤᠷᠠᠳᠤᠬᠳᠡᠨ ᠲᠤᠩᠭᠤᠳᠤᠬᠳᠠᠬᠤ ᠪᠤᠯᠤᠨ᠎ᠠ᠃ ᠭᠡᠷ ᠤᠨ ᠠᠬᠠᠮᠡᠳ ᠵᠦᠪ | ᠬᠠᠨᠳᠤᠨ ᠢᠨᠢᠶᠡᠵᠤ ᠪᠤᠷᠤᠭᠤ ᠬᠠᠨᠳᠤᠨ ᠤᠬᠢᠯᠠᠬᠤ ᠠᠴᠠ ᠦᠭᠡᠷ᠎ᠡ ᠠᠷᠭ᠎ᠠ ᠦᠭᠡᠢ᠂ ᠬᠡᠤᠬᠡᠳ ᠢᠶᠠᠨ ᠰᠦᠯᠵᠢᠶᠡᠨ | ᠲᠠᠰᠬᠠᠯ ᠢᠶᠠᠨ ᠪᠡᠶᠡᠯᠡᠭᠦᠯᠦᠭᠰᠡᠭᠡᠷ ᠭᠠᠷ ᠤᠳᠠᠰᠤ ᠪᠠᠨ ᠲᠠᠯᠪᠢ ᠭᠡᠵᠤ ᠬᠡᠳᠤᠢ ᠰᠠᠶᠢᠨ ᠬᠡᠯᠡᠵᠤ ᠦᠭᠭᠦᠭᠰᠡᠨ ᠴᠤ | ᠰᠤᠨᠤᠰᠬᠤ ᠦᠭᠡᠢ᠂ ᠬᠠᠷᠢᠨ ᠮᠠᠭᠤ ᠶᠢ ᠬᠠᠰᠢᠵᠤ ᠪᠠᠶᠢᠳᠠᠯ᠎ᠠ ᠪᠤᠯᠬᠤ ᠦᠭᠡᠢ ᠨᠠᠭᠠᠳᠤᠮ ᠲᠤᠬᠯᠠᠭᠠᠮ ᠳᠤ | ᠰᠢᠨᠤᠬᠠᠢᠢᠷᠠᠴᠢᠬᠠᠨᠠ᠃ ᠦᠷᠯᠤᠭᠡ ᠶᠢᠨ ᠲᠤᠯᠠᠭᠠᠨ ᠢ ᠲᠤᠯᠠᠭᠠᠨ ᠳᠤ ᠪᠤᠤ ᠪᠤᠳᠤ᠂ ᠦᠰᠬᠦ ᠶᠢᠨ ᠵᠢᠷᠭᠠᠯ ᠢ | ᠵᠢᠷᠭᠠᠯ ᠳᠤ ᠪᠤᠤ ᠪᠤᠳᠤ᠋︔ ᠤᠬᠢᠯᠠᠨ ᠤᠬᠢᠯᠠᠨ ᠬᠦᠮᠤᠨ ᠪᠤᠯᠳᠠᠭ᠂ ᠮᠠᠶᠢᠯᠠᠨ ᠮᠠᠶᠢᠯᠠᠨ ᠮᠠᠯ ᠪᠤᠯᠳᠠᠭ︔ | ᠪᠠᠭ᠎ᠠ ᠳᠤ ᠪᠠᠨ ᠨᠤᠮ ᠰᠤᠷ᠂ ᠢᠳᠡᠷ ᠲᠤ ᠪᠠᠨ ᠶᠠᠪᠤᠵᠤ ᠰᠤᠷ︔ ᠡ᠊ᠨᠳᠡᠭᠳᠡᠯ ᠢ ᠪᠠᠭ᠎ᠠ ᠭᠡᠵᠤ ᠪᠤᠤ ᠤᠮᠳᠤᠭᠠᠢᠢᠯᠡ᠂ | ᠡᠷᠳᠡᠮ ᠢ ᠭᠦᠨ ᠭᠡᠵᠤ ᠪᠤᠤ ᠴᠦᠬᠦᠷᠡ ᠭᠡᠬᠦ ᠵᠡᠷᠭᠡ ᠮᠤᠩᠭᠤᠯ ᠤᠨ ᠤᠯᠠᠨ ᠰᠠᠶᠢᠨ ᠵᠦᠢᠷ ᠰᠡᠴᠡᠨ ᠦᠭᠡᠰ ᠨᠢ | ᠬᠡᠤᠬᠡᠳ ᠪᠠᠭᠠᠴᠤᠳ ᠢ ᠪᠠᠭ᠎ᠠ ᠵᠠᠯᠠᠭᠤ ᠦᠶ᠎ᠠ ᠳᠤ ᠪᠠᠨ ᠡᠷᠳᠡᠮ ᠮᠡᠳᠡᠯᠭᠡ ᠶᠢ ᠰᠢᠮᠳᠡᠨ ᠰᠤᠷᠬᠤ ᠦᠭᠡᠢ ᠪᠤᠯ ᠬᠤᠵᠢᠮ | ᠭᠡᠮᠰᠢᠪᠡᠴᠤ ᠤᠷᠦ᠋ᠢᠳᠠᠨᠠ ᠭᠡᠰᠡᠨ ᠢ ᠰᠠᠨᠠᠭᠤᠯᠤᠬᠰᠠᠨ ᠪᠠᠶᠢᠳᠠᠭ᠃ ᠬᠡᠤᠬᠡᠳ ᠶᠤᠮ ᠴᠢᠨᠢ ᠬᠤᠵᠢᠮ ᠢᠷᠡᠭᠡᠳᠤᠢ ᠶᠢᠨ | ᠲᠤᠬᠠᠢ ᠪᠤᠳᠤᠯᠭᠠᠰᠢᠷᠠᠯ ᠲᠤᠩᠭᠠᠯᠳᠠ ᠲᠤᠳᠠᠮᠠᠬ ᠪᠤᠯᠬᠤᠷ ᠪᠠᠭ᠎ᠠ ᠨᠠᠰᠤᠨ ᠳᠤ ᠪᠠᠨ ᠡᠷᠭᠡ ᠲᠠᠩᠬᠢ ᠨᠠᠭᠠᠳᠤᠨ | ᠵᠢᠷᠭᠠᠬᠰᠠᠨ ᠴᠤ ᠬᠤᠵᠢᠮ ᠢᠷᠡᠭᠡᠳᠤᠢ ᠳᠤ ᠢᠯᠠᠬᠳᠠᠯ ᠠᠯᠳᠠᠬᠳᠠᠯ ᠳᠤ ᠤᠴᠠᠷᠠᠬᠤ ᠦᠶᠡᠰ ᠬᠡᠮᠰᠢᠨ ᠬᠠᠷᠠᠮᠰᠠᠬᠤ ᠨᠢ | ᠭᠠᠷᠴᠠᠭ᠎ᠠ ᠦᠭᠡᠢ᠃ | ᠤᠬᠠᠭᠤᠯᠬᠤ ᠶᠢᠨ ᠠᠴᠢ ᠪᠠᠷ ᠭᠡᠭᠡᠷᠡᠨᠠ᠂ ᠰᠠᠨᠠᠭᠤᠯᠬᠤ ᠶᠢᠨ ᠠᠴᠢ ᠪᠠᠷ ᠰᠡᠭᠡᠭᠡᠷᠡᠨᠡ᠃ ᠭᠠᠷ ᠤᠳᠠᠰᠤ | ᠰᠦᠯᠵᠢᠶᠡᠨ ᠲᠤᠬᠯᠠᠭᠠᠮ ᠬᠡᠤᠬᠡᠳ ᠪᠠᠭᠠᠴᠤᠳ ᠲᠤ ᠬᠦᠨᠳᠤ ᠶᠡᠭᠡ ᠬᠤᠬᠢᠷᠠᠯ ᠪᠤᠯᠵᠤ ᠪᠠᠶᠢᠭ᠎ᠠ ᠡᠨᠡ ᠴᠠᠭ ᠡᠷᠢᠨ ᠳᠤ᠂ | ᠨᠡᠶᠢᠬᠡᠮ ᠨᠡᠶᠢᠳᠡ ᠪᠠᠷ ᠢᠶᠠᠨ ᠡᠨᠡ ᠠᠰᠠᠭᠤᠳᠠᠯ ᠢ ᠴᠢᠬᠤᠯᠠᠴᠢᠯᠠᠨ ᠦᠵᠡᠵᠤ᠂ ᠰᠤᠷᠭᠠᠭᠤᠯᠢ ᠠᠴᠠ ᠰᠦᠯᠵᠢᠶᠡᠨ | ᠲᠡᠭᠡᠷ᠎ᠡ ᠲᠠᠰᠬᠠᠯ ᠦᠯᠡᠳᠡᠭᠡᠬᠦ ᠶᠢ ᠡᠷᠡᠰ ᠲᠡᠪᠴᠢᠵᠤ᠂ ᠭᠡᠷ ᠤᠨ ᠠᠬᠠᠮᠡᠳ ᠪᠠ ᠪᠠᠭᠰᠢ ᠬᠡᠤᠬᠡᠳ ᠪᠠᠭᠠᠴᠤᠳ ᠢ ᠵᠦᠪ | ᠵᠠᠮ ᠢᠶᠠᠷ ᠬᠦᠳᠤᠯᠵᠤ ᠭᠠᠷ ᠤᠳᠠᠰᠤ ᠠᠴᠠ ᠵᠠᠶᠢᠳᠠᠭᠤᠯᠵᠤ ᠡᠷᠡᠭᠦᠯ ᠴᠢᠬᠢᠷᠠᠭ ᠤᠷᠴᠢᠨ ᠬᠠᠨᠭ᠍ᠭᠠᠬᠤ ᠪᠠᠷ ᠴᠢᠷᠮᠠᠶᠢᠵᠤ᠂ | ᠬᠠᠮᠢᠶ᠎ᠠ ᠪᠦᠬᠦᠢ ᠰᠠᠯᠠᠭ᠎ᠠ ᠮᠦᠴᠢᠷ ᠠᠴᠠ ᠰᠦᠯᠵᠢᠶᠡᠨ ᠨᠠᠭᠠᠳᠤᠮ ᠲᠤᠬᠯᠠᠭᠠᠮ᠂ ᠵᠠᠯᠠᠭᠤ ᠪᠠᠭᠠᠴᠤᠳ ᠲᠤ | ᠬᠠᠨᠳᠤᠭᠤᠯᠤᠬᠰᠠᠨ ᠰᠦᠯᠵᠢᠶᠡᠨ ᠨᠠᠭᠠᠳᠤᠮ ᠲᠤᠬᠯᠠᠭᠠᠮ ᠤᠨ ᠺᠤᠮᠫᠠᠨᠢ᠂ ᠲᠠᠪᠴᠠᠩ ᠢ ᠪᠢᠳᠠᠭᠦᠮᠵᠢᠯᠡᠨ ᠴᠠᠭᠠᠵᠠᠯᠠᠪᠠᠯ | ᠵᠤᠬᠢᠨ᠎ᠠ᠃ ᠨᠢᠭᠡ ᠴᠠᠭ ᠤᠨ ᠡ᠊ᠨᠳᠡᠭᠦᠷᠡᠯ ᠠᠴᠠ ᠬᠡᠤᠬᠡᠳ ᠲᠤ ᠨᠢᠭᠡ ᠨᠠᠰᠤᠨ ᠤ ᠬᠡᠮᠰᠢᠯ ᠬᠤᠴᠤᠷᠭᠠᠬᠤ ᠶᠢ ᠡᠷᠡᠰ | ᠲᠡᠪᠴᠢᠶᠠ︕ |