ᠦᠯᠦᠭᠡᠢ
ᠨᠡᠶᠢᠲᠡᠯᠡᠭᠰᠡᠨ ᠴᠠᠭ᠄
2021/3/12
    ᠦᠯᠦᠭᠡᠢ ᠶᠢ ᠦᠷᠡᠯ᠂ ᠬᠠᠶᠢᠯᠠᠰᠤ᠂ ᠮᠦᠢᠯ᠂ ᠤᠳᠠ ᠶᠢᠨ ᠮᠤᠳᠤ ᠪᠠᠷ ᠬᠢᠳᠡᠭ᠃ ᠦᠯᠦᠭᠡᠢ ᠨᠢ ᠲᠦᠷᠪᠡᠨ ᠠᠷᠠᠯ ᠲᠠᠢ᠂ ᠮᠠᠳᠠᠮᠠᠯ᠂ ᠪᠠᠩᠵᠠ ᠵᠡᠷᠭᠡ ᠭᠤᠷᠪᠠᠨ ᠵᠦᠢᠯ ᠪᠤᠢ᠃ ᠲᠦᠷᠪᠡᠨ ᠠᠷᠠᠯ ᠲᠠᠢ ᠦᠯᠦᠭᠡᠢ ᠨᠢ ᠢᠯᠠᠤ ᠲᠠᠢ ᠪᠦᠭᠡᠳ ᠲᠠᠯ᠎ᠠ ᠰᠠᠷᠠ ᠶᠢᠨ ᠬᠡᠯᠪᠡᠷᠢ ᠶᠢᠨ ᠪᠠᠩᠵᠠ ᠶᠢ ᠲᠤᠯᠤᠭᠠᠢ᠂ ᠬᠦᠯ ᠤᠨ ᠦᠵᠦᠭᠦᠷ ᠲᠤᠨᠢ ᠲᠤᠬᠢᠶᠠᠨ ᠬᠦᠳᠡᠯᠭᠡᠬᠦ ᠳᠤ ᠲᠦᠭᠦᠮ ᠪᠤᠯᠭᠠᠳᠠᠭ᠃ ᠲᠠᠩ ᠠᠷᠠᠯ ᠤᠨ ᠢᠶᠠᠨ ᠲᠤᠤᠷ᠎ᠠ ᠲᠡᠯᠳᠤ᠂ ᠴᠠᠷᠠᠰᠤ ᠵᠡᠷᠭᠡ ᠪᠠᠷ ᠮᠠᠳᠠᠮᠠᠯ ᠬᠦᠯ ᠲᠤᠬᠢᠶᠠᠵᠤ ᠬᠢᠭᠰᠡᠨ ᠢ ᠮᠠᠳᠠᠮᠠᠯ ᠦᠯᠦᠭᠡᠢ ᠭᠡᠳᠡᠭ᠃ ᠵᠤᠵᠠᠭᠠᠨ ᠪᠠᠩᠵᠠ ᠶᠢ ᠲᠠᠯ᠎ᠠ ᠰᠠᠷᠠ ᠬᠡᠯᠪᠡᠷᠢ ᠶᠢᠨ ᠤᠷᠤᠮ ᠢᠶᠠᠷ ᠤᠬᠤᠵᠤ ᠠᠪᠤᠭᠠᠳ ᠴᠠᠪᠠᠤ ᠪᠠᠷ ᠬᠠᠳᠠᠵᠤ ᠲᠠᠯᠪᠢᠭᠰᠠᠨ ᠬᠡᠦᠬᠡᠳ ᠢᠶᠠᠨ ᠬᠡᠪᠳᠡᠭᠦᠯᠬᠦ ᠪᠠᠩᠵᠠ ᠶᠢ ᠮᠤᠳᠤᠨ ᠦᠯᠦᠭᠡᠢ ᠭᠡᠳᠡᠭ᠃    ᠦᠯᠦᠭᠡᠢ ᠳᠤ ᠬᠠᠷᠠᠭ᠎ᠠ ᠭᠡᠵᠤ ᠪᠤᠢ᠃ ᠲᠠᠷᠤᠢ ᠦᠯᠦᠭᠡᠢ ᠶᠢᠨ ᠲᠤᠯᠤᠭᠠᠢ ᠳᠤ ᠮᠠᠳᠠᠭᠰᠠᠨ ᠮᠤᠳᠤ ᠶᠢ ᠬᠡᠯᠡᠨ᠎ᠡ᠃ ᠡᠭᠦᠨ ᠢ ᠤᠯᠠᠭᠠᠨ ᠪᠦᠰ ᠢᠶᠠᠷ ᠪᠤᠭᠤᠵᠤ ᠤᠶᠤᠭᠠᠳ ᠲᠤᠤᠷ᠎ᠠ ᠦᠵᠦᠭᠦᠷ ᠢ ᠨᠢ ᠲᠡᠷ᠎ᠡ ᠲᠤᠤᠷ᠎ᠠ ᠲᠠᠷᠤᠵᠤ ᠲᠠᠯᠪᠢᠨ᠎ᠠ᠃ ᠬᠠᠷᠠᠭ᠎ᠠ ᠠᠴᠠ ᠤᠶᠠᠵᠤ᠂ ᠨᠦᠭᠦᠭᠡ ᠦᠵᠦᠭᠦᠷ ᠢ ᠨᠢ ᠬᠡᠦᠬᠡᠳ ᠤᠨ ᠬᠦᠯ ᠤᠨ ᠦᠵᠦᠭᠦᠷ ᠤᠨ ᠢᠯᠠᠤ ᠠᠴᠠ ᠤᠶᠠᠬᠤ ᠰᠤᠷ ᠢ ᠲᠠᠳᠠᠭᠠᠷᠢ ᠭᠡᠨ᠎ᠡ᠃ ᠲᠠᠳᠠᠭᠠᠷᠢ ᠶᠢ ᠭᠤᠷᠪᠠ ᠰᠠᠯᠠᠭᠠᠯᠠᠨ ᠲᠤᠯᠤᠭ᠎ᠠ ᠵᠠᠩᠭᠢᠳᠤᠨ᠎ᠠ᠃ ᠬᠠᠷᠠᠭ᠎ᠠ ᠳᠤ ᠭᠠᠤᠯᠢᠨ ᠵᠤᠭᠤᠰ ᠢ ᠬᠡᠯᠬᠢᠨ ᠡᠯᠭᠦᠨ᠎ᠡ᠃ ᠪᠦᠰᠡᠯᠡᠭᠦᠷ ᠢ ᠨᠢ ᠰᠤᠷ ᠪᠤᠶᠤ ᠬᠠᠳᠬᠤᠮᠠᠯ ᠨᠠᠭᠠᠮᠠᠯ ᠬᠤᠸᠠᠷ ᠲᠠᠢ ᠬᠢᠳᠡᠭ᠃ ᠪᠠᠰᠠ ᠪᠤᠷᠤᠭᠤ ᠲᠠᠯ᠎ᠠ ᠳᠤᠨᠢ ᠭᠠᠷᠬ᠎ᠠ ᠲᠠᠢ ᠰᠤᠷ ᠤᠶᠠᠵᠤ᠂ ᠪᠦᠰᠡᠯᠡᠭᠦᠷ ᠢᠶᠠᠨ ᠰᠦᠪᠡᠯᠡᠨ ᠲᠠᠳᠠᠬᠤ ᠴᠦ ᠪᠤᠢ᠃ ᠦᠯᠦᠭᠡᠢ ᠶᠢᠨ ᠲᠤᠤᠷ᠎ᠠ ᠨᠢᠮᠬᠡᠨ ᠪᠠᠩᠵᠠ ᠲᠠᠯᠪᠢᠵᠤ᠂ ᠲᠡᠭᠡᠷ᠎ᠡ ᠨᠢ ᠰᠠᠭᠠᠭ ᠤᠨ ᠯᠠᠢ ᠲᠠᠢ ᠵᠤᠵᠠᠭᠠᠨ ᠲᠡᠪᠢᠰᠭᠡᠷ ︵ᠪᠠᠰᠠ ᠬᠠᠩ ᠭᠡᠳᠡᠭ︶᠂ ᠲᠡᠭᠦᠨ ᠤ ᠲᠡᠭᠡᠷ᠎ᠡ ᠬᠦᠪᠦᠩ ᠬᠤᠴᠢᠯᠭ᠎ᠠ᠂ ᠲᠤᠳᠤᠷ᠎ᠠ ᠨᠢ ᠲᠠᠩ ᠬᠤᠴᠢᠯᠭ᠎ᠠ ᠲᠠᠯᠪᠢᠨ᠎ᠠ᠃ ᠲᠡᠷ᠎ᠡ ᠳᠤᠨᠢ ᠬᠠᠷ᠎ᠠ ᠮᠤᠩᠭᠤᠯ ᠪᠤᠶᠤ ᠰᠢᠯᠦᠬᠡᠢ ᠬᠢᠨ᠎ᠡ᠃    ᠬᠡᠦᠬᠡᠳ ᠤᠨ ᠬᠦᠯ ᠤᠨ ᠦᠵᠦᠭᠦᠷ ᠲᠤᠨᠢ ᠬᠤᠷᠠᠭ᠎ᠠ ᠢᠰᠢᠭᠡ ᠶᠢᠨ ᠠᠷᠠᠰᠤ ᠲᠠᠪᠬᠤᠴᠠᠭᠠᠯᠠᠨ ᠲᠠᠭᠠᠷᠠᠵᠤ ᠵᠢᠩᠭᠢᠨᠡᠬᠦ ᠶᠢ ᠬᠢᠴᠢᠶᠡᠨ᠎ᠡ᠃ ᠴᠢᠭᠢᠭ ᠢ ᠨᠢ ᠬᠠᠯᠠᠭᠤᠳᠠᠭᠠᠵᠤ ᠭᠠᠷᠭᠠᠭᠰᠠᠨ ᠴᠠᠭᠠᠨ ᠰᠢᠷᠤᠢ ᠳᠤ ᠦᠯᠦᠭᠡᠶᠢᠳᠡᠨ᠎ᠡ᠃ ᠦᠯᠦᠭᠡᠢ ᠶᠢᠨ ᠠᠷᠠᠯ ᠳᠡᠭᠡᠷ᠎ᠡ ︽+︾ ᠪᠤᠶᠤ ︽︾ ᠲᠡᠮᠳᠡᠭ ᠲᠠᠯᠪᠢᠳᠠᠭ᠃    ᠦᠯᠦᠭᠡᠢ ᠶᠢ ᠭᠡᠷ ᠠᠴᠠ ᠠᠪᠴᠤ ᠭᠠᠷᠬᠤ ᠪᠤᠶᠤ ᠠᠪᠴᠤ ᠤᠷᠤᠬᠤ ᠳᠤ ᠲᠤᠯᠤᠭᠠᠢ ᠶᠢᠨ ᠲᠠᠯ᠎ᠠ ᠪᠠᠷ ᠨᠢ ᠤᠷᠤᠭᠤᠯᠵᠤ᠂ ᠬᠤᠭᠤᠰᠤᠨ ᠲᠠᠯᠪᠢᠬᠤ ᠶᠢ ᠬᠢᠴᠢᠶᠡᠨ ᠬᠤᠪᠴᠠᠰᠤ ᠪᠤᠶᠤ ᠲᠡᠷ᠎ᠡ ᠶᠢ ᠨᠢ ᠲᠠᠳᠠᠨ ᠲᠠᠯᠪᠢᠨ᠎ᠠ᠃    ᠦᠯᠦᠭᠡᠢ ᠶᠢ ᠨᠠᠭᠠᠰᠢ ᠴᠠᠭᠠᠰᠢ ᠬᠦᠳᠡᠯᠭᠡᠬᠦ ᠶᠢ ᠠᠷᠭᠠᠳᠠᠬᠤ ᠭᠡᠳᠡᠭ᠃ ᠬᠤᠭᠤᠰᠤᠨ ᠦᠯᠦᠭᠡᠢ ᠶᠢ ᠠᠷᠭᠠᠳᠠᠬᠤ ᠶᠢ ᠴᠡᠭᠡᠷᠯᠡᠨ᠎ᠡ᠃ ᠦᠯᠦᠭᠡᠢ ᠶᠢ ᠰᠦᠨᠢ ᠤᠷᠤᠢ ᠭᠠᠳᠠᠨ᠎ᠠ ᠬᠤᠨᠤᠭᠤᠯᠬᠤ ᠪᠤᠶᠤ ᠲᠡᠭᠡᠭᠦᠷ ᠨᠢ ᠡᠨᠡ ᠲᠡᠷᠡ ᠶᠠᠭᠤᠮ᠎ᠠ ᠠᠪᠴᠤ ᠭᠠᠷᠬᠤ ᠶᠢ ᠡᠷᠡᠰ ᠬᠢᠴᠢᠶᠡᠨ᠎ᠡ᠃    ᠬᠡᠦᠬᠡᠳ ᠤᠢ ᠪᠤᠶᠤ ᠬᠤᠶᠠᠷ ᠤᠢ ᠪᠤᠯᠤᠭᠠᠳ ᠦᠯᠦᠭᠡᠢ ᠠᠴᠠ ᠪᠠᠨ ᠭᠠᠷᠪᠠᠯ ᠦᠯᠦᠭᠡᠢ ᠶᠢ ᠨᠢ ᠲᠡᠭᠡᠷ᠎ᠡ ᠬᠤᠷᠢᠶᠠᠵᠤ ᠬᠠᠮᠢᠶ᠎ᠠ ᠨᠠᠮᠢᠶ᠎ᠠ ᠦᠭᠡᠢ ᠬᠦᠮᠦᠨ ᠳᠤ ᠵᠢᠭᠡᠯᠡᠭᠦᠯᠬᠦ ᠦᠭᠡᠢ᠃ ᠬᠡᠦᠬᠡᠳ ᠤᠨ ᠲᠡᠷ᠎ᠡ ᠳᠠᠬᠢ ᠪᠤᠳᠠᠭ᠎ᠠ ᠶᠢ ᠲᠤᠰᠬᠠᠢ ᠲᠠᠷᠢᠶ᠎ᠠ ᠪᠠᠷ ᠲᠠᠷᠢᠨ᠎ᠠ᠃    ᠬᠡᠦᠬᠡᠳ ᠤᠨ ᠲᠤᠤᠷ᠎ᠠ ᠲᠡᠪᠢᠰᠦᠭᠰᠡᠨ ᠰᠠᠭᠠᠭ ᠤᠨ ᠯᠠᠢ ᠲᠠᠢ ᠲᠡᠪᠢᠰᠭᠡᠷ ᠢ ᠵᠤᠨ ᠤ ᠴᠠᠭ ᠲᠤ ᠪᠠᠶᠢᠨ ᠪᠠᠶᠢᠨ ᠨᠠᠷᠠᠨ ᠳᠤ ᠡᠭᠡᠵᠤ ᠬᠠᠳᠠᠭᠠᠨ᠎ᠠ᠃ ᠡᠨᠡ ᠨᠢ ᠬᠡᠦᠬᠡᠳ ᠤᠨ ᠴᠢᠭᠢᠭᠳᠡᠬᠦ ᠶᠢ ᠰᠡᠷᠭᠡᠶᠢᠯᠡᠵᠤ ᠪᠠᠶᠢᠳᠠᠭ᠃    ᠦᠯᠦᠭᠡᠢ ᠶᠢ ᠲᠤᠬᠢᠳᠠᠢ ᠬᠢᠭᠰᠡᠨ ᠪᠤᠯ ᠠᠷᠭᠠᠳᠠᠬᠤ ᠳᠤ ᠬᠦᠩᠭᠡᠨ ᠪᠠᠶᠢᠵᠤ᠂ ᠲᠤᠬᠢᠮᠵᠢ ᠪᠠᠷ ᠠᠨᠠᠢ ᠪᠤᠯ ᠠᠷᠭᠠᠳᠠᠬᠤ ᠳᠤ ᠬᠦᠨᠳᠤ ᠪᠠᠶᠢᠵᠤ᠂ ᠬᠡᠦᠬᠡᠳ ᠲᠤ ᠲᠠᠭᠠᠯᠠᠮᠵᠢ ᠦᠭᠡᠢ ᠪᠤᠯᠳᠠᠭ᠃ ᠮᠤᠩᠭᠤᠯ ᠬᠡᠦᠬᠡᠳ ᠢ ᠦᠯᠦᠭᠡᠢ ᠳᠤ ᠠᠷᠭᠠᠳᠠᠨ ᠦᠰᠭᠡᠭᠰᠡᠨ ᠢᠶᠠᠷ ᠴᠢᠰᠤᠨ ᠲᠠᠷᠤᠯᠳᠠ ᠵᠢᠭᠳᠡ᠂ ᠰᠢᠷᠦᠭᠦᠨ ᠬᠦᠳᠡᠯᠭᠡᠭᠡᠨ ᠲᠠᠢ ᠵᠤᠬᠢᠴᠠᠬᠤ ᠳᠤ ᠴᠢᠳᠠᠮᠠᠭᠠᠢ ᠪᠠᠶᠢᠳᠠᠭ᠃
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号