ᠴᠠᠭᠠᠨ ᠭᠡᠵᠢᠭᠡ ᠶᠢ ᠦᠭᠲᠡᠭᠡᠬᠦ ᠲᠤᠰᠤᠮ ᠤᠷᠭᠤᠳᠠᠭ ᠪᠢᠰᠢ
ᠨᠡᠶᠢᠲᠡᠯᠡᠭᠰᠡᠨ ᠴᠠᠭ᠄
2022/12/12
     ᠶᠡᠷᠦ ᠶᠢᠨ ᠦᠭᠡᠨ ᠳᠤ ᠴᠠᠭᠠᠨ ᠭᠡᠵᠢᠭᠡ ᠶᠢ ︽ᠨᠢᠭᠡ ᠰᠢᠷᠬᠡᠭ ᠦᠭᠲᠡᠭᠡᠪᠡᠯ ᠠᠷᠪᠠᠨ ᠰᠢᠷᠬᠡᠭ ᠤᠷᠭᠤᠨ᠎ᠠ︾ ᠭᠡᠳᠡᠭ ᠬᠡᠯᠡᠯᠭᠡ ᠨᠢ ᠦᠨᠡᠨ ᠤᠤ︖ ᠬᠠᠷᠢᠭᠤᠯᠲᠠ ᠨᠢ ᠪᠢᠰᠢ᠃ ᠭᠡᠵᠢᠭᠡ ᠦᠭᠲᠡᠭᠡᠬᠦ ᠶᠠᠪᠤᠴᠠ ᠨᠢ ᠭᠡᠵᠢᠭᠡᠨ ᠤ ᠤᠭᠤᠲᠠ ᠶᠢ ᠭᠡᠮᠲᠦᠭᠡᠬᠦ ᠮᠠᠭᠠᠳ᠂ ᠭᠡᠪᠡᠴᠦ ᠴᠠᠭᠠᠨ ᠭᠡᠵᠢᠭᠡᠨ ᠤ ᠤᠷᠭᠤᠯᠲᠠ ᠶᠢ ᠨᠥᠯᠥᠭᠡᠯᠡᠬᠦ ᠦᠭᠡᠢ᠃ ᠵᠠᠷᠢᠮ ᠬᠥᠮᠥᠨ ᠴᠠᠭᠠᠨ ᠭᠡᠵᠢᠭᠡ ᠶᠢ ᠦᠭᠲᠡᠭᠡᠬᠦ ᠲᠤᠰᠤᠮ ᠴᠠᠶᠢᠬᠤ ᠨᠢ ᠬᠡᠴᠡᠭᠦᠦ ᠭᠡᠵᠦ ᠪᠤᠳᠣᠳᠠᠭ᠂ ᠦᠨᠡᠨ ᠳᠡᠭᠡᠨ ᠭᠡᠵᠢᠭᠡ ᠠᠶᠠᠨᠳᠠᠭᠠᠨ ᠴᠠᠶᠢᠬᠤ ᠶᠠᠪᠤᠴᠠ ᠳᠤᠮᠳᠠ ᠪᠠᠶᠢᠵᠤ᠂ ᠦᠭᠲᠡᠭᠡᠬᠦ ᠪᠠ ᠴᠠᠶᠢᠬᠤ ᠬᠤᠶᠠᠷ ᠬᠠᠷᠢᠴᠠᠭ᠎ᠠ ᠦᠭᠡᠢ᠃ ᠵᠠᠷᠢᠮ ᠬᠥᠮᠥᠨ ᠤ ᠭᠡᠵᠢᠭᠡ ᠨᠢ ᠴᠠᠶᠢᠵᠤ ᠡᠬᠢᠯᠡᠪᠡᠯ ᠰᠡᠳᠬᠢᠯ ᠰᠠᠨᠠᠭ᠎ᠠ ᠨᠢ ᠪᠠᠴᠢᠮᠳᠠᠨ ᠰᠠᠨᠳᠤᠷᠴᠤ᠂ ᠴᠠᠭᠠᠨ ᠭᠡᠵᠢᠭᠡ ᠪᠠᠨ ᠥᠭᠲᠡᠭᠡᠨ ᠠᠪᠴᠤ ᠲᠠᠭᠢᠨ ᠤᠷᠭᠤᠬᠤ ᠦᠭᠡᠢ ᠶᠢ ᠬᠦᠰᠡᠳᠡᠭ᠂ ᠭᠡᠪᠡᠴᠦ ᠠᠬᠢᠭᠠᠳ ᠤᠷᠭᠤᠵᠤ ᠭᠠᠷᠴᠤ ᠢᠷᠡᠬᠦ ᠶᠢ ᠦᠵᠡᠭᠡᠳ ᠰᠡᠳᠬᠢᠯ ᠳᠡᠭᠡᠨ ᠭᠥᠯᠢᠶᠡᠨ ᠠᠪᠴᠤ ᠲᠡᠶᠢᠯᠭᠦ ᠦᠭᠡᠢ ᠪᠠᠴᠢᠮᠳᠠᠨ ᠵᠣᠪᠠᠨᠢᠬᠤ ᠰᠡᠳᠬᠢᠯᠭᠡ ᠨᠢ ᠬᠦᠨᠳᠦᠷᠡᠳᠡᠭ ᠠᠴᠠ ᠭᠡᠵᠢᠭᠡ ᠴᠠᠶᠢᠬᠤ ᠶᠢ ᠤᠯᠠᠮ ᠢᠯᠡᠭᠦᠦ ᠨᠡᠮᠡᠭᠳᠡᠭᠦᠯᠵᠦ ᠮᠡᠳᠡᠨ᠎ᠡ᠃ ᠴᠥᠭᠡᠨ ᠬᠡᠳᠦᠨ ᠴᠠᠭᠠᠨ ᠭᠡᠵᠢᠭᠡ ᠶᠢ ᠰᠢᠭᠤᠳ ᠦᠭᠲᠡᠭᠡᠬᠦ ᠦᠭᠡᠢ ᠬᠠᠶᠢᠴᠢᠯᠠᠵᠤ ᠠᠪᠤᠪᠠᠯ ᠦᠰᠦᠨ ᠤ ᠤᠭᠤᠲᠠ ᠶᠢ ᠭᠡᠮᠲᠦᠭᠡᠬᠦ ᠦᠭᠡᠢ ᠪᠠᠶᠢᠳᠠᠭ᠃ ᠬᠡᠷᠪᠡ ᠴᠠᠭᠠᠨ ᠭᠡᠵᠢᠭᠡ ᠠᠷᠪᠢᠳᠠᠪᠠᠯ᠂ ᠭᠡᠵᠢᠭᠡ ᠪᠠᠨ ᠪᠤᠳᠤᠵᠤ ᠪᠣᠯᠣᠨ᠎ᠠ᠂ ᠭᠡᠬᠦ ᠳᠡᠭᠡᠨ ᠠᠮᠤᠷ ᠲᠦᠪᠰᠢᠨ ᠪᠤᠳᠤᠭ ᠰᠣᠩᠭᠤᠬᠤ ᠬᠡᠷᠡᠭᠲᠡᠢ᠃ ᠬᠡᠷᠪᠡ ᠵᠠᠯᠠᠭᠤᠴᠤᠳ ᠪᠠᠭᠠᠴᠤᠳ ᠣᠬᠤᠷᠬᠠᠨ ᠬᠤᠭᠤᠴᠠᠭᠠᠨ ᠳᠤ ᠭᠡᠨᠡᠳᠲᠡ ᠴᠠᠭᠠᠨ ᠭᠡᠵᠢᠭᠡ ᠠᠷᠪᠢᠳᠠᠪᠠᠯ᠂ ᠡᠮᠨᠡᠯᠭᠡ ᠳᠤ ᠬᠦᠷᠴᠦ ᠰᠢᠮ᠎ᠡ ᠲᠡᠵᠢᠭᠡᠯ ᠳᠤᠲᠠᠭᠳᠠᠬᠤ ᠪᠤᠶᠤ ᠰᠡᠳᠬᠢᠯ ᠤᠨ ᠳᠠᠷᠤᠭᠠᠰᠤ᠂ ᠴᠢᠨᠠᠭᠰᠢᠯᠠᠪᠠᠯ ᠶᠠᠮᠠᠷ ᠨᠢᠭᠡᠨ ᠡᠪᠡᠳᠴᠢᠨ ᠡᠮᠭᠡᠭ ᠠᠴᠠ ᠪᠣᠯᠤᠭᠰᠠᠨ ᠡᠰᠡᠬᠦ ᠶᠢ ᠰᠢᠯᠭᠠᠨ ᠪᠠᠶᠢᠴᠠᠭᠠᠬᠤ ᠬᠡᠷᠡᠭᠲᠡᠢ᠃  
 
ᠢᠷᠡᠯᠲᠡ᠄ ᠳᠣᠮᠳᠠᠳᠣ ᠣᠯᠣᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号