— ᠵᠠᠯᠠᠶᠢᠳ ᠬᠤᠰᠢᠭᠤᠨ ᠤ ᠪᠤᠯᠭᠠᠨᠬᠤᠸᠠ ᠰᠣᠮᠣᠨ ᠤ ᠦᠨᠳᠣᠷ ᠨᠠᠪᠴᠢᠲᠠᠢ ᠭᠠᠴᠠᠭᠠᠨ ᠤ ︽ᠦᠨᠳᠤᠷ | ᠲᠠᠷᠢᠶᠠᠯᠠᠩ ᠮᠠᠯ ᠠᠵᠤ ᠠᠬᠤᠢ ᠶᠢᠨ ᠲᠤᠰᠬᠠᠢ ᠬᠤᠷᠰᠢᠶᠠᠵᠢᠯ︾ ᠤᠨ ᠬᠡᠷᠡᠭ ᠡᠷᠬᠢᠯᠡᠭᠴᠢᠳ ᠤᠨ ᠲᠠᠷᠤᠭ᠎ᠠ ᠬᠠᠨ | ᠸᠧᠨ ᠵᠢᠦᠢ ᠶᠢ ᠲᠡᠮᠳᠡᠭᠯᠡᠪᠡ | ᠲᠦᠷᠦᠭᠦᠬᠡᠨ ᠪᠢᠳᠡ ᠲᠠᠪᠤᠨ ᠡᠷᠳᠡᠨᠢ ᠶᠢᠨ ᠪᠠᠶᠠᠯᠢᠭ ᠰᠦᠷᠦᠭ ᠲᠠᠢ᠂ ᠬᠤᠷ᠎ᠠ ᠴᠡᠴᠡᠭ ᠤᠨ ᠰᠢᠭᠦᠰᠣᠨ | ᠤᠮᠳᠠ ᠲᠠᠢ᠂ ᠲᠠᠩᠰᠤᠭ ᠨᠤᠳᠤᠭ ᠪᠤᠯᠬᠤ ᠵᠠᠯᠠᠶᠢᠳ ᠬᠤᠰᠢᠭᠤᠨ ᠤ ᠪᠤᠯᠭᠠᠨᠬᠤᠸᠠ ᠰᠣᠮᠣᠨ ᠤ ᠦᠨᠳᠤᠷ ᠨᠠᠪᠴᠢᠲᠠᠢ | ᠭᠠᠴᠠᠭᠠᠨ ᠳᠤ ᠰᠤᠷᠪᠤᠯᠵᠢᠯᠠᠬᠤ ᠪᠠᠷ ᠬᠦᠷᠦᠯ᠎ᠡ᠃ | ᠬᠦᠳᠡᠭᠡ ᠠᠶᠢᠯ ᠤᠨ ᠤᠶᠤᠲᠠᠨ᠂ ᠶᠡᠭᠡ ᠰᠤᠷᠭᠠᠭᠤᠯᠢ ᠪᠠᠨ ᠲᠡᠭᠦᠰᠦᠭᠰᠡᠨ ᠤ ᠲᠠᠷᠠᠭ᠎ᠠ ᠲᠦᠷᠦᠵᠤ ᠦᠰᠦᠭᠰᠡᠨ | ᠨᠤᠳᠤᠭ ᠲᠤ ᠪᠠᠨ ᠪᠤᠴᠠᠵᠤ᠂ ᠮᠡᠳᠡᠯᠭᠡ ᠪᠠ ᠲᠤᠰᠬᠠᠢ ᠮᠡᠷᠭᠡᠵᠢᠯ ᠢᠶᠠᠷ ᠢᠶᠠᠨ ᠰᠢᠨ᠎ᠡ ᠴᠠᠭ ᠦᠶ᠎ᠡ ᠶᠢᠨ ᠲᠠᠷᠢᠶᠠᠯᠩ ᠮᠠᠯ | ᠠᠵᠤ ᠠᠬᠤᠢ ᠶᠢᠨ ᠬᠦᠭᠵᠢᠯᠲᠠ ᠶᠢᠨ ᠰᠢᠨ᠎ᠡ ᠤᠷᠤᠨ ᠵᠠᠢ ᠶᠢᠨ ᠲᠠᠷᠢᠶᠠᠯᠠᠩ ᠮᠠᠯ ᠠᠵᠤ ᠠᠬᠤᠢ ᠶᠢᠨ | ᠬᠦᠭᠵᠢᠯᠲᠠ ᠶᠢᠨ ᠰᠢᠨ᠎ᠡ ᠤᠷᠤᠨ ᠵᠠᠢ ᠶᠢ ᠡᠷᠢᠯᠬᠢᠯᠡᠵᠤ᠂ ᠨᠤᠳᠤᠭ ᠤᠨ ᠠᠬ᠎ᠠ ᠲᠡᠭᠦᠦ ᠨᠠᠷ ᠢᠶᠠᠨ ᠲᠠᠭᠠᠭᠤᠯᠤᠨ | ᠶᠠᠳᠠᠭᠤ ᠠᠴᠠ ᠠᠩᠭᠢᠵᠢᠷᠠᠨ ᠴᠢᠨᠡᠭᠡᠯᠢᠭᠵᠢᠭᠰᠡᠨ ᠦᠯᠢᠭᠡᠷ ᠢ ᠰᠤᠷᠪᠤᠯᠵᠢᠯᠠᠬᠤ ᠪᠠᠷ᠂ ᠪᠤᠯᠭᠠᠨᠬᠤᠸᠠ ᠰᠣᠮᠣᠨ ᠤ ︽ | ᠦᠨᠳᠤᠷ ᠲᠠᠷᠢᠶᠠᠯᠠᠩ ᠮᠠᠯ ᠠᠵᠤ ᠠᠬᠤᠢ ᠶᠢᠨ ᠲᠤᠰᠬᠠᠢ ᠬᠤᠷᠰᠢᠶᠠᠵᠢᠯ︾ ᠤᠨ ᠬᠡᠷᠡᠭ ᠡᠷᠬᠢᠯᠡᠭᠴᠢᠳ ᠤᠨ ᠲᠠᠷᠤᠭ᠎ᠠ | ᠬᠠᠨ ᠸᠧᠨ ᠵᠢᠦᠢ ᠶᠢ ᠡᠷᠢᠵᠤ ᠤᠴᠢᠯ᠎ᠠ᠃ ᠲᠤᠰᠬᠠᠢ ᠬᠤᠷᠰᠢᠶᠠᠵᠢᠯ ᠳᠤ ᠨᠢ ᠬᠦᠷᠬᠦ ᠳᠤ᠂ ᠬᠠᠨ ᠸᠧᠨ ᠵᠢᠦᠢ ᠶᠠᠭ | ᠰᠠᠶᠢᠬᠠᠨ ᠰᠢᠮᠧᠨ᠋ᠳᠠᠷ ᠦᠬᠡᠷ ᠢᠶᠠᠨ ᠠᠷᠠᠴᠢᠯᠠᠵᠤ ᠪᠠᠶᠢᠪᠠ᠃ ᠬᠦᠮᠦᠨ ᠬᠠᠷ᠎ᠠ ᠢᠷᠡᠭᠰᠡᠨ ᠴᠢᠮᠡᠭᠡ ᠪᠠᠷ᠂ ᠪᠢᠳᠡᠨ ᠢ | ᠲᠤᠳᠤᠭᠰᠢ ᠤᠷᠢᠵᠤ᠂ ᠰᠦ ᠲᠠᠢ ᠴᠢ᠂ ᠦᠷᠦᠮ᠎ᠡ ᠬᠤᠷᠤᠳ ᠭᠡᠵᠤ ᠰᠢᠷᠡᠭᠡ ᠲᠦᠭᠦᠷᠡᠩ ᠦᠷᠤᠵᠤ ᠭᠠᠷᠭᠠᠯ᠎ᠠ ᠁ | | 2008 ᠤᠨ ᠳᠤ᠂ 24 ᠨᠠᠰᠤᠲᠠᠢ ᠬᠠᠨ ᠸᠧᠨ ᠵᠢᠦᠢ ᠦᠪᠤᠷ ᠮᠤᠩᠭᠤᠯ ᠤᠨ ᠲᠠᠷᠢᠶᠠᠯᠠᠩ ᠤᠨ ᠶᠡᠭᠡ | ᠰᠤᠷᠭᠠᠭᠤᠯᠢ ᠠᠴᠠ ᠲᠡᠭᠦᠰᠦᠭᠰᠡᠨ ᠤ ᠲᠠᠷᠠᠭ᠎ᠠ ᠶᠠᠫᠤᠨ ᠤ ᠨᠢᠭᠡᠨ ᠰᠤᠷᠭᠠᠭᠤᠯᠢ ᠳᠤ ᠠᠵᠤ ᠠᠬᠤᠢ ᠶᠢᠨ | ᠬᠠᠮᠢᠶᠠᠷᠤᠯᠳᠠ ᠶᠢᠨ ᠲᠤᠰᠬᠠᠢ ᠮᠡᠷᠭᠡᠵᠢᠯ ᠤᠨ ᠠᠰᠫᠢᠷᠠᠨᠲ ᠢᠶᠠᠷ ᠰᠤᠷᠤᠯᠴᠠᠵᠤ᠂ ︽ᠭᠠᠳᠠᠭᠠᠳᠣ ᠳᠤ ᠰᠤᠷᠤᠯᠴᠠᠭᠰᠠᠨ | ᠡᠷᠳᠡᠮᠳᠡᠨ︾ ᠬᠡᠮᠡᠨ ᠭᠠᠴᠠᠭᠠᠨ ᠤ ᠲᠤᠮᠤᠴᠣᠣᠯ ᠵᠠᠯᠠᠭᠤᠴᠣᠳ ᠪᠦᠬᠦᠨ ᠢᠶᠠᠷ ᠢᠶᠠᠨ ᠪᠢᠰᠢᠷᠡᠳᠡᠭ ᠪᠤᠯᠵᠠᠢ᠃ ᠬᠠᠷᠠᠬᠠᠨ | ᠪᠠᠭ᠎ᠠ ᠠᠴᠠ ᠪᠠᠨ ᠬᠦᠳᠡᠭᠡ ᠲᠤᠰᠬᠤᠨ ᠳᠤ ᠦᠰᠦᠭᠰᠡᠨ ᠬᠠᠨ ᠸᠧᠨ ᠵᠢᠦᠢ ᠶᠡᠷᠦ ᠨᠢ ᠨᠤᠳᠤᠭ ᠲᠤ ᠪᠠᠨ ᠬᠠᠷᠢᠵᠤ | ᠶᠠᠭᠤ ᠨᠢᠭᠡ ᠶᠢ ᠬᠢᠵᠤ ᠪᠦᠳᠦᠭᠡᠶ᠎ᠡ ᠭᠡᠰᠡᠨ ᠬᠦᠰᠡᠯ ᠡᠪᠤᠷᠯᠡᠵᠤ ᠪᠠᠶᠢᠭᠰᠠᠨ᠃ 2014 ᠣᠨ ᠳᠤ᠂ ᠲᠡᠷᠡ | ᠦᠪᠡᠷ ᠤᠨ ᠨᠤᠳᠤᠭ ᠪᠤᠯᠭᠠᠨᠬᠤᠸᠠ ᠰᠣᠮᠣᠨ ᠤ ᠦᠨᠳᠤᠷ ᠨᠠᠪᠴᠢᠲᠠᠢ ᠭᠠᠴᠠᠭᠠᠨ ᠳᠤ ᠪᠠᠨ ᠬᠠᠷᠢᠵᠤ᠂ ᠵᠠᠯᠠᠶᠢᠳ | ᠬᠤᠰᠢᠭᠤᠨ ᠤ ︽ᠦᠨᠳᠤᠷ ᠲᠠᠷᠢᠶᠠᠯᠠᠩ ᠮᠠᠯ ᠠᠵᠤ ᠠᠬᠤᠢ ᠶᠢᠨ ᠲᠤᠰᠬᠠᠢ ᠬᠤᠷᠰᠢᠶᠠᠵᠢᠯ︾ ᠢ ᠲᠠᠩᠰᠠᠯᠠᠭᠤᠯᠤᠨ | ᠪᠠᠶᠢᠭᠤᠯᠪᠠ᠃ ᠲᠤᠰ ᠲᠤᠰᠬᠠᠢ ᠬᠤᠷᠰᠢᠶᠠᠵᠢᠯ ᠢ ᠰᠡᠳᠣᠨ ᠪᠠᠶᠢᠭᠤᠯᠤᠭᠰᠠᠨ ᠬᠠᠷᠠᠯᠳᠠ ᠪᠤᠯ ᠣᠳᠤᠬᠢᠴᠢᠯᠠᠭᠰᠠᠨ | ᠲᠠᠷᠢᠶᠠᠯᠠᠩ ᠮᠠᠯ ᠠᠵᠤ ᠠᠬᠤᠢ ᠶᠢᠨ ᠲᠡᠵᠢᠭᠡᠨ ᠦᠷᠡᠵᠢᠭᠦᠯᠬᠦ ᠦᠢᠯᠡᠰ ᠤᠨ ᠬᠦᠭᠵᠢᠯᠲᠡ ᠶᠢᠨ ᠰᠠᠭᠤᠷᠢᠨ ᠭᠠᠵᠠᠷ ᠢ | ᠪᠠᠶᠢᠭᠤᠯᠵᠤ᠂ ᠲᠠᠷᠢᠶᠠᠯᠠᠩ ᠤᠨ ᠦᠢᠯᠡᠳᠪᠤᠷᠢᠯᠡᠯ ᠤᠨ ᠡᠯᠧᠮᠧᠨ᠋ᠲ ᠢ ᠰᠢᠯᠢᠳᠡᠭᠵᠢᠭᠦᠯᠦᠨ ᠵᠤᠬᠢᠶᠠᠨ ᠪᠠᠶᠢᠭᠤᠯᠬᠤ ᠪᠠ | ᠡᠬᠢ ᠪᠠᠶᠠᠯᠢᠭ ᠢ ᠪᠦᠳᠣᠮᠵᠢᠲᠠᠢ ᠠᠰᠢᠭᠯᠠᠵᠤ᠂ ᠤᠳᠤᠬᠢᠴᠢᠯᠠᠭᠰᠠᠨ ᠲᠠᠷᠢᠶᠠᠯᠠᠩ ᠮᠠᠯ ᠠᠵᠤ ᠠᠬᠤᠢ ᠶᠢᠨ ᠲᠡᠵᠢᠭᠡᠨ | ᠦᠷᠡᠵᠢᠭᠦᠯᠬᠦ ᠬᠦᠭᠵᠢᠯᠲᠡ ᠶᠢᠨ ᠰᠢᠨ᠎ᠡ ᠵᠠᠮ ᠢ ᠨᠡᠭᠡᠭᠡᠵᠤ᠂ ᠵᠠᠬ᠎ᠠ ᠲᠡᠯᠭᠡᠭᠦᠷ ᠲᠤ ᠪᠤᠬᠢᠷᠳᠣᠯ ᠦᠭᠡᠢ᠂ ᠴᠡᠪᠡᠷ | ᠪᠠᠶᠢᠭᠠᠯᠢᠯᠢᠭ᠂ ᠡᠷᠡᠭᠦᠯ ᠴᠢᠬᠢᠷᠠᠭ᠂ ᠴᠢᠨᠠᠷ ᠰᠠᠶᠢᠲᠠᠢ ᠨᠡᠶᠢᠲᠡ ᠳᠤ ᠬᠤᠤᠷᠳᠠᠭᠳᠠᠯ ᠦᠭᠡᠢ ᠪᠦᠳᠦᠭᠡᠭᠳᠡᠭᠦᠨ ᠢ | ᠬᠠᠩᠭᠠᠵᠤ᠂ ᠨᠡᠶᠢᠭᠡᠮ ᠳᠤ ᠦᠢᠯᠡᠴᠢᠯᠡᠨ᠂ ᠲᠠᠷᠢᠶᠠᠨ ᠡᠷᠦᠭᠡ ᠳᠤ ᠠᠰᠢᠭ ᠬᠦᠷᠳᠡᠭᠡᠵᠤ᠂ ᠪᠤᠬᠢᠷᠳᠤᠯ ᠦᠭᠡᠢ ᠠᠮᠢ | ᠠᠬᠤᠢ ᠶᠢ ᠵᠠᠮ ᠢᠶᠠᠷ ᠵᠠᠮᠨᠠᠨ᠎ᠠ᠃ ︽2014 ᠤᠨ ᠤ 5 ᠰᠠᠷ᠎ᠠ ᠶᠢᠨ 6 ᠤ ᠡᠳᠤᠷ ᠮᠠᠨ ᠤ ᠲᠤᠰᠬᠠᠢ ᠬᠤᠷᠰᠢᠶᠠᠵᠢᠯ | ᠪᠠᠶᠢᠭᠤᠯᠤᠭᠳᠠᠭᠰᠠᠨ ᠡᠳᠤᠷ ᠪᠤᠯᠤᠨ᠎ᠠ᠂ ᠨᠡᠶᠢᠲᠡ 9 ᠠᠵᠢᠯᠴᠢᠨ ᠲᠠᠢ᠂ ᠪᠦᠷ ᠲᠠᠷᠢᠶᠠᠴᠢᠨ᠂ ᠡᠬᠢᠨ ᠳᠤ ᠪᠠᠨ ᠪᠢᠳᠡ | ᠬᠠᠳᠠᠬᠤ ᠬᠤᠷᠢᠶᠠᠬᠤ ᠮᠠᠰᠢᠨ᠂ ᠡᠪᠡᠰᠣ ᠪᠤᠭᠤᠵᠢᠯᠠᠬᠤ ᠮᠠᠰᠢᠨ ᠵᠡᠷᠭᠡ ᠲᠠᠷᠢᠶᠠᠯᠠᠩ ᠤᠨ ᠮᠠᠰᠢᠨ ᠮᠧᠬᠠᠨᠢᠭ ᠢ ᠠᠪᠴᠣ | ᠪᠠᠶᠢᠭᠰᠠᠨ ᠪᠦᠭᠡᠳ ᠡᠷᠭᠢᠨ ᠲᠤᠭᠤᠷᠢᠨ ᠤ ᠲᠠᠷᠢᠶᠠᠴᠢᠨ ᠡᠷᠦᠭᠡ ᠶᠢᠨ ᠬᠡᠷᠡᠭᠯᠡᠬᠦ ᠦᠭᠡᠢ ᠡᠰᠢ ᠰᠦᠷᠡᠯ ᠢ ᠠᠪᠴᠢᠷᠠᠵᠤ | ᠦᠬᠡᠷ ᠬᠤᠨᠢ ᠲᠡᠵᠢᠭᠡᠵᠤ ᠪᠠᠶᠢᠪᠠ᠂ ᠲᠤᠰᠬᠠᠢ ᠬᠤᠷᠰᠢᠶᠠᠵᠢᠯ ᠤᠨ ᠡᠵᠡᠩᠨᠡᠯᠲᠡ ᠶᠢᠨ ᠬᠡᠪᠴᠢᠶ᠎ᠡ ᠴᠤ ᠲᠤᠩ ᠢᠪᠴᠣᠣ | ᠪᠠᠶᠢᠪᠠ᠃ ᠣᠳᠣ ᠪᠢᠳᠡ ᠠᠯᠠᠰᠢᠨ ᠦᠬᠡᠷ ᠪᠤᠷᠳᠤᠵᠤ ᠲᠡᠵᠢᠭᠡᠬᠦ᠂ ᠦᠨᠳᠤᠰᠣᠳᠡᠨ ᠤ ᠴᠠᠭᠠᠨ ᠢᠳᠡᠭᠡ | ᠪᠤᠯᠪᠠᠰᠤᠷᠠᠭᠤᠯᠬᠤ ᠠᠵᠤ ᠦᠢᠯᠡᠰ ᠢ ᠬᠦᠭᠵᠢᠭᠦᠯᠦᠨ᠂ ᠵᠠᠬ᠎ᠠ ᠲᠡᠯᠭᠡᠭᠦᠷ ᠲᠤ ᠴᠢᠨᠠᠷ ᠰᠠᠶᠢᠲᠠᠢ ᠲᠠᠷᠢᠶᠠᠯᠠᠩ ᠮᠠᠯ ᠤᠨ | ᠠᠰᠢᠭ ᠰᠢᠮ᠎ᠡ ᠲᠠᠷᠢᠶᠠᠯᠠᠩ ᠤᠨ ᠪᠦᠳᠦᠭᠡᠭᠳᠡᠭᠦᠨ ᠢ ᠬᠠᠩᠭᠠᠵᠤ ᠪᠤᠢ︾ ᠭᠡᠵᠤ ᠬᠠᠨ ᠸᠧᠨ ᠵᠢᠦᠢ ᠬᠡᠯᠡᠨ᠎ᠡ᠃ | 2017 ᠣᠨ ᠳᠤ᠂ ᠬᠠᠨ ᠸᠧᠨ ᠵᠢᠦᠢ 33 ᠰᠢᠮᠧᠨ᠋ᠳᠡᠷ ᠦᠬᠡᠷ ᠬᠤᠳᠠᠯᠳᠤᠨ ᠠᠪᠴᠣ᠂ ᠵᠢᠩᠬᠢᠨᠢ ᠪᠠᠷ ︽ | ᠦᠭᠡᠷᠴᠢᠨ︾ ᠪᠤᠯᠤᠭᠰᠠᠨ ᠪᠠᠶᠢᠨ᠎ᠠ᠃ ᠲᠡᠷᠡ ᠰᠤᠷᠭᠠᠭᠤᠯᠢ ᠳᠤ ᠪᠠᠨ ᠰᠤᠷᠤᠭᠰᠠᠨ ᠲᠤᠰᠬᠠᠢ ᠮᠡᠷᠭᠡᠵᠢᠯ ᠤᠨ | ᠮᠡᠳᠡᠯᠭᠡ ᠪᠠᠨ ᠠᠰᠢᠭᠯᠠᠨ ᠲᠡᠵᠢᠭᠡᠨ ᠦᠷᠡᠵᠢᠭᠦᠯᠬᠦ ᠮᠡᠷᠭᠡᠵᠢᠯ ᠢᠶᠠᠨ ᠲᠠᠰᠤᠷᠠᠯᠲᠠ ᠦᠭᠡᠢ ᠰᠠᠶᠢᠵᠢᠷᠠᠭᠤᠯᠵᠤ᠂ ᠨᠢᠭᠡ | ᠲᠠᠯ᠎ᠠ ᠪᠠᠷ ᠦᠪᠡᠰᠤᠪᠡᠨ ᠦᠭᠡᠷ ᠲᠡᠵᠢᠭᠡᠵᠤ᠂ ᠨᠦᠭᠦᠭᠡ ᠲᠠᠯ᠎ᠠ ᠪᠠᠷ ᠦᠬᠡᠷ ᠲᠡᠵᠢᠭᠡᠵᠤ ᠪᠠᠶᠢᠭ᠎ᠠ ᠡᠷᠦᠭᠡ ᠳᠤ | ᠡᠪᠡᠳᠴᠢᠨ ᠡᠮᠬᠡᠭ ᠢ ᠣᠨᠤᠰᠢᠯᠠᠨ ᠡᠮᠨᠡᠬᠦ᠂ ᠲᠡᠷᠡ ᠬᠦᠮᠦᠨ ᠤ ᠬᠦᠴᠤ ᠪᠠᠷ ᠬᠡᠭᠡᠯᠳᠣᠬᠦᠯᠬᠦ ᠮᠡᠷᠭᠡᠵᠢᠯ ᠢᠶᠠᠷ | ᠲᠠᠮᠵᠢᠭᠤᠯᠤᠨ ᠦᠬᠡᠷ ᠤᠨ ᠰᠦᠷᠦᠭ ᠤᠨ ᠡᠭᠦᠯᠳᠡᠷ ᠢ ᠰᠠᠶᠢᠵᠢᠷᠠᠭᠤᠯᠵᠤ᠂ ᠨᠢᠭᠡ ᠦᠬᠡᠷ ᠤᠨ ᠡᠭᠦᠯᠳᠡᠷ ᠢ | ᠰᠠᠶᠢᠵᠢᠷᠠᠭᠤᠯᠤᠭᠰᠠᠨ ᠤ ᠲᠠᠷᠠᠭ᠎ᠠ ᠨᠢᠭᠡ ᠵᠢᠯ ᠳᠤ ᠢᠯᠡᠭᠦᠦ 5000 ᠲᠦᠭᠦᠷᠢᠭ ᠠᠴᠠ ᠲᠡᠭᠡᠭᠰᠢ ᠤᠷᠤᠯᠭ᠎ᠠ ᠤᠯᠵᠤ᠂ | ᠦᠬᠡᠷ ᠲᠡᠵᠢᠭᠡᠬᠦ ᠠᠵᠤ ᠠᠬᠤᠢ ᠶᠢᠨ ᠦᠷ᠎ᠡ ᠠᠰᠢᠭ ᠢ ᠶᠡᠭᠡ ᠪᠠᠷ ᠲᠡᠭᠡᠭᠰᠢᠯᠡᠭᠦᠯᠵᠡᠢ᠃ | ᠪᠤᠤ ᠵᠠᠨ᠎ᠠ ᠪᠤᠯ ︽ᠦᠨᠳᠤᠷ ᠲᠠᠷᠢᠶᠠᠯᠠᠩ ᠮᠠᠯ ᠠᠵᠤ ᠠᠬᠤᠢ ᠶᠢᠨ ᠲᠤᠰᠬᠠᠢ ᠬᠤᠷᠰᠢᠶᠠᠵᠢᠯ︾ ᠤᠨ ᠠᠵᠢᠯᠲᠠᠨ᠂ | ᠮᠦᠨ ᠴᠤ ᠬᠠᠨ ᠸᠧᠨ ᠵᠢᠦᠢ ᠶᠢᠨ ᠠᠪᠠᠭ᠎ᠠ ᠬᠦᠷᠭᠡᠨ ᠠᠬ᠎ᠠ ᠪᠤᠯᠤᠨ᠎ᠠ᠂ ᠲᠡᠷᠡ ᠪᠤᠯ ᠠᠳᠤᠭᠤ ᠮᠠᠯ ᠲᠡᠵᠢᠭᠡᠵᠤ | ᠠᠷᠠᠴᠢᠯᠠᠬᠤ ᠲᠠᠯ᠎ᠠ ᠪᠠᠷ ᠦᠯᠡᠮᠵᠢ ᠲᠤᠷᠰᠢᠯᠭ᠎ᠠ ᠲᠠᠢ ᠬᠠᠰᠢᠷ ᠮᠠᠯᠴᠢᠨ᠂ ᠲᠤᠰᠬᠠᠢ ᠬᠤᠷᠰᠢᠶᠠᠵᠢᠯ ᠪᠠᠶᠢᠭᠤᠯᠤᠭᠳᠠᠬᠤ | ᠦᠶ᠎ᠡ ᠳᠤ᠂ ᠬᠠᠨ ᠸᠧᠨ ᠵᠢᠦᠢ ᠠᠪᠠᠭ᠎ᠠ ᠡᠵᠢ ᠪᠤᠯᠤᠨ ᠠᠪᠠᠭ᠎ᠠ ᠬᠦᠷᠭᠡᠨ ᠠᠬ᠎ᠠ ᠪᠠᠨ ᠤᠷᠢᠵᠤ ᠠᠪᠴᠢᠷᠠᠨ ︽ | ᠲᠤᠰᠬᠠᠢ ᠪᠠᠭᠰᠢ︾ ᠪᠠᠷ ᠠᠵᠢᠯᠯᠠᠭᠤᠯᠵᠠᠢ᠃ ︽ᠪᠢ ᠮᠠᠯ ᠲᠡᠵᠢᠭᠡᠭᠡᠳ ᠬᠤᠷᠢᠭᠠᠳ ᠵᠢᠯ ᠪᠤᠯᠵᠤ ᠪᠤᠢ᠂ ᠲᠡᠵᠢᠭᠡᠵᠤ | ᠠᠷᠠᠴᠢᠯᠠᠬᠤ ᠲᠠᠯ᠎ᠠ ᠪᠠᠷ ᠵᠢᠭᠠᠬᠠᠨ ᠲᠣᠷᠰᠢᠯᠭ᠎ᠠ ᠲᠠᠢ ᠪᠤᠯᠵᠠᠢ᠂ ᠦᠨᠦ ᠠᠴᠢ ᠬᠦᠦ ᠪᠠᠨ ᠬᠠᠪᠰᠤᠷᠤᠨ ᠦᠬᠡᠷ | ᠮᠠᠯ ᠢ ᠨᠢ ᠠᠷᠠᠴᠢᠯᠠᠵᠤ ᠦᠭᠴᠣ ᠪᠠᠶᠢᠨ᠎ᠡ᠃ ᠮᠠᠨ ᠤ ᠠᠳᠡ ᠡᠪᠡᠰᠣ ᠪᠡᠯᠴᠢᠭᠡᠷ ᠰᠠᠶᠢᠨ᠂ ᠠᠳᠤᠭᠤ ᠮᠠᠯ ᠤᠰᠤᠨ ᠤ | ᠲᠤᠩᠭᠠᠯᠠᠭ ᠢ ᠤᠤᠭᠤᠵᠤ᠂ ᠡᠪᠡᠰᠣᠨ ᠤ ᠰᠤᠷᠭᠤᠭ ᠢ ᠢᠳᠡᠵᠤ ᠪᠠᠶᠢᠬᠤ ᠪᠠᠷ ᠢᠶᠠᠨ ᠲᠠᠷᠭᠤ ᠰᠠᠶᠢᠲᠠᠢ᠂ ᠦᠨᠢᠶᠡᠨ | ᠰᠦ ᠶᠢᠨ ᠭᠠᠷᠤᠯᠲᠠ ᠰᠠᠶᠢᠨ ᠪᠠᠶᠢᠳᠠᠭ᠃ ᠤᠳᠤ ᠪᠢᠳᠡ ᠡᠳᠤᠷ ᠲᠤ 100 ᠭᠠᠷᠦᠢ ᠵᠢᠩ ᠰᠦ ᠰᠠᠭᠠᠵᠤ ᠪᠠᠶᠢᠨ᠎ᠠ᠃ | ᠭᠡᠰᠡᠨ ᠴᠤ ᠴᠠᠭᠠᠨ ᠢᠳᠡᠭᠡᠨ ᠤ ᠦᠢᠯᠡᠳᠪᠤᠷᠢᠯᠡᠯ ᠨᠢ ᠵᠠᠬᠢᠶᠠᠯᠠᠭ᠎ᠠ ᠬᠠᠩᠭᠠᠵᠤ ᠲᠡᠶᠢᠯᠬᠦ ᠦᠭᠡᠢ ᠪᠠᠶᠢᠳᠠᠯ ᠲᠠᠢ᠂ | ᠳᠠᠷᠠᠭᠠᠴᠢ ᠪᠠᠷ ᠰᠠᠭᠠᠯᠢ ᠶᠢᠨ ᠦᠨᠢᠶ᠎ᠡ ᠪᠠᠨ ᠨᠡᠮᠡᠭᠳᠡᠬᠦᠯᠦᠨ᠂ ᠰᠦ ᠶᠢᠨ ᠭᠠᠷᠤᠯᠳᠠ ᠪᠠᠨ ᠴᠢᠨᠠᠭᠰᠢᠲᠠ | ᠨᠡᠮᠡᠭᠳᠡᠬᠦᠯᠬᠦ ᠪᠠᠷ ᠴᠢᠷᠮᠠᠶᠢᠵᠤ ᠪᠠᠶᠢᠨ᠎ᠠ︾ ᠭᠡᠵᠤ ᠪᠤᠣ ᠵᠠᠨ᠎ᠠ ᠬᠠᠵᠠᠭᠤ ᠠᠴᠠ ᠨᠢ ᠠᠮᠵᠢᠭᠤᠯᠵᠤ ᠶᠠᠷᠢᠨ᠎ᠠ᠃ | ᠪᠢᠳᠡᠨ ᠢ ᠴᠠᠭᠠᠨ ᠢᠳᠡᠭᠡᠨ ᠪᠤᠯᠪᠠᠰᠤᠷᠠᠭᠤᠯᠬᠤ ᠲᠠᠰᠤᠭ ᠲᠤ ᠨᠢ ᠲᠤᠭᠤᠷᠢᠵᠤ ᠦᠵᠡᠬᠦ ᠳᠤ᠂ ᠨᠢᠭᠡᠨ ᠮᠠᠯᠴᠢᠨ | ᠪᠦᠰᠡᠬᠦᠢ ᠬᠤᠷᠤᠳ ᠬᠢᠵᠤ ᠶᠠᠭᠠᠷᠠᠯᠳᠠᠲᠠᠢ ᠪᠠᠶᠢᠯ᠎ᠠ᠃ ᠦᠨᠤ ᠮᠠᠯᠴᠢᠨ ᠪᠦᠰᠡᠬᠦᠢ ᠶᠢᠨ ᠨᠡᠷ᠎ᠡ ᠶᠢ ᠬᠠᠨ ᠰᠢᠶᠣᠣ | ᠮᠦᠳᠠᠨ ᠭᠡᠳᠡᠭ᠂ ᠬᠠᠨ ᠸᠧᠨ ᠵᠢᠦᠢ ᠶᠢᠨ ᠠᠪᠠᠭ᠎ᠠ ᠡᠵᠢ ᠰᠤᠷᠪᠤᠯᠵᠢᠯᠠᠭᠴᠢ ᠠᠴᠠ ︽ᠶᠠᠭᠠᠬᠢᠭᠰᠠᠨ ᠰᠠᠶᠢᠬᠠᠨ | ᠰᠦ ᠶᠢᠨ ᠦᠨᠦᠷ ᠬᠠᠩᠬᠤᠯᠵᠤ ᠪᠠᠶᠢᠬᠤ ᠨᠢ ᠲᠠᠨᠢᠯᠴᠠᠭᠤᠯᠵᠤ ᠦᠭᠬᠦ ᠤᠤ︖︾ ᠬᠡᠮᠡᠨ ᠠᠰᠠᠭᠤᠬᠤ ᠳᠤ᠂ ᠦᠨᠦ | ᠮᠠᠯᠴᠢᠨ ᠪᠦᠰᠡᠭᠦᠢ ᠲᠤᠭᠤᠭᠠᠨ ᠳᠠᠬᠢ ᠰᠦ ᠪᠠᠨ ᠰᠢᠬᠠᠬᠤ ᠶᠢᠨ ᠵᠡᠷᠭᠡ ᠪᠠᠷ᠄ ︽ᠤᠷᠢᠳᠠᠪᠠᠷ ᠰᠦ ᠪᠠᠨ ᠡᠭᠡᠳᠡᠭᠦᠯᠦᠨ᠎ᠡ | ᠂ ᠲᠡᠭᠡᠷᠡᠬᠢ ᠦᠷᠦᠮ᠎ᠡ ᠶᠢ ᠨᠢ ᠠᠪᠤᠨ᠎ᠠ᠂ ᠲᠠᠬᠢᠨ ᠲᠤᠭᠤᠭᠠᠨ ᠳᠤ ᠪᠠᠨ ᠬᠢᠭᠡᠳ ᠰᠢᠬᠠᠵᠤ ᠭᠠᠷᠭᠠᠨ᠎ᠠ᠂ ᠬᠡᠪ | ᠲᠤᠳᠣᠷ᠎ᠠ ᠪᠠᠨ ᠬᠢᠭᠰᠡᠨ ᠤ ᠲᠠᠷᠠᠭ᠎ᠠ ᠬᠤᠶᠠᠷ ᠡᠳᠤᠷ ᠬᠠᠳᠠᠭᠠᠪᠠᠯ ᠪᠤᠯᠴᠢᠬᠠᠨ᠎ᠠ᠂ ᠦᠨᠡᠨ ᠳᠤ ᠪᠠᠨ ᠬᠦᠴᠢᠷ ᠶᠠᠭᠤᠮ᠎ᠠ | ᠪᠢᠰᠢ᠂ ᠮᠠᠨ ᠤ ᠬᠢᠵᠤ ᠪᠠᠶᠢᠭ᠎ᠠ ᠴᠠᠭᠠᠨ ᠢᠳᠡᠭᠡᠨ ᠪᠣᠯ ᠴᠣᠯ ᠪᠠᠶᠢᠭᠠᠯᠢᠯᠢᠭ ᠠᠮᠲᠠ ᠲᠠᠢ᠂ ᠶᠠᠮᠠᠷ ᠴᠤ ᠨᠡᠮᠡᠯᠳᠡ ᠡᠳ᠋ | ᠭᠡᠵᠤ ᠦᠭᠡᠢ ᠰᠢᠤ᠃ ᠤᠳᠤ ᠮᠠᠨ ᠤ ᠦᠢᠯᠡᠳᠪᠤᠷᠢᠯᠡᠭᠰᠡᠨ ᠴᠠᠭᠠᠨ ᠢᠳᠡᠭᠡᠨ ᠤᠯᠠᠭᠠᠨᠬᠤᠳᠠ ᠶᠢᠨ ᠬᠡᠳᠣᠨ | ᠴᠢᠯᠤᠭᠡᠳᠣ ᠲᠡᠯᠭᠡᠭᠦᠷ ᠪᠤᠯᠤᠨ ᠬᠤᠭᠤᠯᠠᠨ ᠭᠡᠷ ᠲᠤ ᠪᠦᠷ ᠪᠤᠷᠤᠯᠠᠭᠤᠯᠭ᠎ᠠ ᠰᠠᠶᠢᠲᠠᠢ᠂ ᠬᠤᠰᠢᠭᠤᠨ ᠲᠦᠪ ᠤᠨ ᠬᠡᠳᠤᠨ | ᠪᠠᠭᠰᠢ ᠡᠳᠤᠷ ᠪᠦᠷᠢ ᠮᠠᠨ ᠤ ᠲᠦᠭᠦᠭᠡᠢ ᠰᠦ ᠶᠢ ᠵᠠᠬᠢᠶᠠᠯᠠᠵᠤ ᠪᠤᠢ᠂ ᠮᠠᠨ ᠤ ᠠᠳᠡᠬᠢ ᠦᠷᠦᠮ᠎ᠡ ᠬᠤᠷᠤᠳ᠂ | ᠵᠦᠭᠡᠬᠡᠢ᠂ ᠰᠢᠷ᠎ᠠ ᠲᠤᠰᠣ ᠦᠢᠷ᠎ᠠ ᠬᠠᠪᠢ ᠳᠤ ᠪᠠᠨ ᠨᠡᠷ᠎ᠡ ᠠᠯᠳᠠᠷᠰᠢᠭᠰᠠᠨ ᠰᠢᠤ︾ ᠭᠡᠵᠤ ᠬᠠᠨ ᠰᠢᠶᠣᠣ ᠮᠦᠳᠡᠨ | ᠪᠠᠶᠢᠳᠠᠯ ᠲᠠᠨᠢᠯᠴᠠᠭᠤᠯᠤᠨ᠎ᠠ᠃ | 2021 ᠣᠨ ᠤ 8 ᠰᠠᠷ᠎ᠠ ᠳᠤ᠂ ᠲᠤᠰ ᠲᠤᠰᠬᠠᠢ ᠬᠤᠷᠰᠢᠶᠠᠵᠢᠯ ᠤᠨ 78 ᠲᠦᠮᠡᠨ ᠲᠦᠭᠦᠷᠢᠭ ᠤᠨ ᠪᠡᠯᠡ | ᠤᠷᠤᠭᠤᠯᠵᠤ᠂ 410 ᠲᠡᠭᠰᠢ ᠲᠦᠷᠪᠡᠯᠵᠢᠨ ᠮᠧᠳ᠋ᠷ ᠲᠠᠯᠠᠪᠠᠢ ᠪᠦᠭᠦᠢ ᠮᠠᠰᠢᠨᠴᠢᠯᠠᠭᠰᠠᠨ ᠴᠠᠭᠠᠨ ᠢᠳᠡᠭᠡ | ᠪᠤᠯᠪᠠᠰᠤᠷᠠᠭᠤᠯᠬᠤ ᠦᠢᠯᠡᠳᠪᠤᠷᠢ ᠶᠢ ᠪᠠᠶᠢᠭᠤᠯᠵᠤ᠂ 2021 ᠤᠨ ᠤ 11 ᠰᠠᠷ᠎ᠠ ᠳᠤ᠂ ︽ᠲᠠᠯ᠎ᠠ ᠨᠤᠳᠤᠭ ᠤᠨ | ᠲᠡᠷᠢᠭᠦᠨ︾ ᠲᠠᠸᠠᠷ ᠤᠨ ᠲᠡᠮᠳᠡᠭ ᠢ ᠲᠠᠩᠰᠠᠯᠠᠭᠤᠯᠵᠤ᠂ ᠬᠤᠷᠤᠳ᠂ ᠰᠢᠷ᠎ᠠ ᠲᠤᠰᠤ ᠪᠠ ᠦᠷᠦᠮ᠎ᠡ ᠵᠡᠷᠭᠡ ᠴᠠᠭᠠᠨ | ᠢᠳᠡᠭᠡ ᠦᠢᠯᠡᠳᠪᠤᠷᠢᠯᠡᠨ ᠪᠤᠯᠪᠠᠰᠤᠷᠠᠭᠤᠯᠵᠤ᠂ ᠤᠬᠤᠷ ᠸᠢᠳᠢᠤ᠋ ᠰᠡᠭᠦᠳᠡᠷᠯᠡᠬᠦ᠂ ᠰᠢᠭᠤᠳ ᠨᠡᠪᠲᠡᠷᠡᠭᠦᠯᠭᠡ ᠬᠢᠬᠦ ᠵᠡᠷᠭᠡ | ᠬᠡᠯᠪᠡᠷᠢ ᠪᠠᠷ ᠸᠢᠴᠠᠲ ᠲᠠᠪᠴᠠᠩ᠂ ᠴᠤᠤᠷᠢᠶ᠎ᠠ᠂ ᠪᠤᠰᠢᠭᠤ ᠭᠠᠷ ᠵᠡᠷᠭᠡ ᠲᠠᠪᠴᠠᠩ ᠳᠤ ᠡᠯᠧᠺᠳ᠋ᠷᠤᠨ ᠬᠤᠳᠠᠯᠳᠤᠭᠠᠨ ᠤ | ᠪᠤᠷᠤᠯᠠᠭᠤᠯᠭ᠎ᠠ ᠬᠢᠵᠤ ᠪᠠᠶᠢᠨ᠎ᠠ᠃ ᠤᠬᠤᠷᠬᠠᠨ ᠲᠦᠷᠪᠡᠨ ᠰᠠᠷ᠎ᠠ ᠶᠢᠨ ᠲᠤᠳᠤᠷ᠎ᠠ 3 ᠲᠦᠮᠡ ᠭᠠᠷᠦᠢ ᠲᠦᠭᠦᠷᠢᠭ ᠤᠨ | ᠪᠤᠷᠤᠯᠠᠭᠤᠯᠭ᠎ᠠ ᠡᠭᠦᠳᠦᠭᠰᠡᠨ ᠪᠠᠶᠢᠨ᠎ᠡ᠃ | ᠬᠠᠨ ᠸᠧᠨ ᠵᠢᠦᠢ ᠪᠤᠯ ᠦᠢᠯᠡᠰᠴᠢ ᠵᠤᠷᠢᠭ ᠲᠠᠢ ᠰᠢᠨ᠎ᠡ ᠴᠠᠭ ᠦᠶ᠎ᠡ ᠶᠢᠨ ᠮᠠᠯᠴᠢᠨ ᠪᠦᠭᠡᠳ ᠰᠡᠳᠬᠢᠯ ᠳᠤ ᠪᠠᠨ | ᠮᠠᠯᠴᠢᠨ ᠲᠠᠷᠢᠶᠠᠴᠢᠳ ᠢᠶᠠᠨ ᠪᠤᠳᠤᠭᠰᠠᠨ ᠬᠦᠮᠦᠨ᠃ ᠦᠪᠡᠰᠤᠪᠡᠨ ᠲᠡᠷᠢᠭᠦᠨ ᠤ ᠮᠡᠷᠭᠡᠵᠢᠯ ᠳᠤ ᠲᠦᠰᠢᠭᠯᠡᠨ | ᠠᠮᠢᠳᠤᠷᠠᠯ ᠢᠶᠠᠨ ᠦᠭᠡᠳᠡᠯᠡᠭᠦᠯᠦᠭᠰᠡᠨ ᠴᠤ ᠠᠶᠢᠯ ᠤᠯᠠᠨ ᠢᠶᠠᠨ ᠮᠠᠷᠲᠠᠭ᠎ᠠ ᠦᠭᠡᠢ᠂ ᠬᠦᠴᠢᠷᠳᠡᠵᠤ ᠲᠤᠯᠤᠭᠳᠠᠭᠰᠠᠨ | ᠨᠢᠭᠡ ᠶᠢ ᠨᠢ ᠬᠠᠪᠰᠤᠷᠴᠤ᠂ ᠪᠠᠶᠠᠵᠢᠯ ᠤᠨ ᠵᠠᠮ ᠢᠶᠠᠷ ᠵᠠᠮᠨᠠᠭᠤᠯᠵᠠᠢ᠃ ︽ᠬᠠᠨ ᠸᠧᠨ ᠵᠢᠦᠢ ᠪᠤᠯ ᠨᠠᠳᠠ ᠶᠢ | ᠲᠠᠭᠠᠭᠤᠯᠤᠨ ᠪᠠᠶᠠᠵᠢᠯ ᠤᠨ ᠵᠠᠮ ᠢᠶᠠᠷ ᠵᠠᠮᠨᠠᠭᠰᠠᠨ ᠬᠦᠮᠦᠨ᠂ ᠰᠢᠮᠧᠨ᠋ᠳᠡᠷ ᠦᠬᠡᠷ ᠲᠡᠵᠢᠭᠡᠭᠰᠡᠨ ᠠᠴᠠ ᠰᠡᠭᠦᠯᠡᠷ | ᠤᠤᠯ ᠤᠨ ᠦᠬᠡᠷ ᠲᠡᠵᠢᠭᠡᠵᠤ ᠪᠠᠶᠢᠭᠰᠠᠨ ᠤᠷᠤᠯᠭ᠎ᠠ ᠲᠠᠢ ᠬᠠᠷᠢᠴᠠᠭᠤᠯᠪᠠᠯ ᠨᠢᠭᠡ ᠵᠢᠯ ᠳᠤ ᠲᠤᠯᠤᠭ᠎ᠠ ᠨᠠᠢᠮᠠᠨ ᠲᠦᠮᠡᠨ | ᠲᠦᠭᠦᠷᠢᠭ ᠤᠯᠵᠤ ᠴᠢᠳᠠᠨ᠎ᠠ︾ ᠭᠡᠵᠤ ᠪᠤᠯᠭᠠᠨᠬᠤᠸᠠ ᠰᠣᠮᠣᠨ ᠤ ᠦᠨᠳᠣᠷ ᠨᠠᠪᠴᠢᠲᠠᠢ ᠭᠠᠴᠠᠭᠠᠨ ᠤ ᠲᠡᠵᠢᠭᠡᠨ | ᠦᠷᠡᠵᠢᠭᠦᠯᠬᠦ ᠡᠷᠦᠭᠡ ᠬᠠᠨ ᠢᠦᠢ ᠯᠢᠨ ᠬᠡᠯᠡᠪᠡ᠃ | ︽ᠮᠠᠨ ᠤ ᠬᠢᠨ ᠦᠩᠭᠡᠷᠡᠭᠰᠡᠨ ᠳᠤ ᠬᠦᠨᠡᠰᠣᠨ ᠠᠮᠤ ᠶᠢᠨ ᠲᠠᠷᠢᠶ᠎ᠡ ᠲᠦᠰᠢᠭᠯᠡᠵᠤ ᠠᠮᠢᠳᠤᠷᠠᠯ ᠢᠶᠠᠨ ᠠᠷᠭᠠᠴᠠᠭᠠᠵᠤ | ᠪᠠᠶᠢᠭᠰᠠᠨ᠃ ᠨᠢᠳᠤᠨᠤᠨ ᠵᠢᠯ ᠠᠴᠠ ᠡᠬᠢᠯᠡᠨ ᠬᠠᠨ ᠸᠧᠨ ᠵᠢᠦᠢ ᠶᠢ ᠳᠠᠭᠠᠵᠤ ᠰᠠᠭᠠᠯᠢ ᠶᠢᠨ ᠦᠨᠢᠶ᠎ᠡ ᠲᠡᠵᠢᠭᠡᠭᠰᠡᠨ | ᠪᠦᠭᠡᠳ 100 ᠭᠠᠷᠦᠢ ᠮᠣ᠋ ᠡᠷᠳᠡᠨᠢ ᠰᠢᠰᠢ ᠲᠠᠷᠢᠭᠰᠠᠨ ᠠᠴᠠ ᠤᠷᠤᠯᠭ᠎ᠠ ᠦᠩᠭᠡᠷᠡᠭᠰᠡᠨ ᠤ ᠬᠢ ᠲᠠᠢ ᠬᠠᠷᠢᠴᠠᠭᠤᠯᠪᠠᠯ | ᠬᠤᠯᠠ ᠢᠯᠡᠬᠦᠦ ᠪᠣᠯᠵᠠᠢ᠃ ᠦᠨᠡᠨ ᠢ ᠬᠡᠯᠡᠪᠡᠯ ᠦᠩᠭᠡᠷᠡᠭᠰᠡᠨ ᠳᠤ ᠸᠧᠨ ᠵᠢᠦᠢ ᠶᠢ ᠵᠠᠯᠠᠭᠤ ᠮᠠᠯᠴᠢᠨ᠂ ᠲᠤᠷᠰᠢᠯᠭ᠎ᠠ | ᠦᠭᠡᠢ ᠭᠡᠵᠤ ᠪᠠᠰᠤᠵᠤ ᠪᠠᠶᠢᠭᠰᠠᠨ ᠰᠢᠤ᠂ ᠲᠡᠷᠡ ᠦᠪᠡᠷ ᠤᠨ ᠪᠤᠳᠠᠳᠤ ᠠᠵᠢᠯᠯᠠᠭ᠎ᠠ ᠪᠠᠷ ᠢᠶᠠᠨ ᠭᠠᠴᠠᠭᠠᠨ ᠤ ᠮᠠᠯᠴᠢᠨ | ᠲᠠᠷᠢᠶᠠᠴᠢᠳ ᠤᠨ ᠪᠤᠳᠤᠯ ᠰᠠᠨᠠᠯ ᠢ ᠬᠤᠪᠢᠷᠠᠭᠤᠯᠵᠤ᠂ ᠰᠢᠨᠵᠢᠯᠡᠬᠦ ᠤᠬᠠᠭᠠᠨᠴᠢ ᠪᠠᠷ ᠲᠠᠷᠢᠵᠤ ᠲᠡᠵᠢᠭᠡᠪᠡᠯ ᠯᠠᠪ | ᠤᠷᠤᠯᠭ᠎ᠠ ᠢᠯᠡᠭᠦᠦ ᠨᠡᠮᠡᠭᠳᠡᠨ᠎ᠡ ᠭᠡᠳᠡᠭ ᠶᠣᠰᠣ ᠶᠢ ᠮᠡᠳᠡᠭᠦᠯᠵᠡᠢ︾ ᠭᠡᠵᠤ ᠭᠠᠴᠠᠭᠠᠨ ᠤ ᠮᠠᠯᠴᠢᠨ ᠸᠠᠩ ᠤᠪᠤᠭᠳᠣ | ᠬᠡᠯᠡᠨ᠎ᠡ᠃ | 2019 ᠣᠨ ᠳᠤ᠂ ᠪᠤᠯᠭᠠᠨᠬᠤᠸᠠ ᠰᠣᠮᠣᠨ ᠤ ᠦᠨᠳᠣᠷ ᠨᠠᠪᠴᠢᠲᠠᠢ ᠭᠠᠴᠠᠭ᠎ᠠ ᠬᠠᠮᠳᠤ ᠶᠢᠨ ᠠᠵᠤ ᠠᠬᠤᠢ ᠶᠢᠨ | 75 ᠲᠦᠮᠡᠨ ᠲᠦᠭᠦᠷᠢᠭ ᠤᠨ ᠠᠵᠤ ᠦᠢᠯᠡᠰ ᠤᠨ ᠬᠦᠭᠵᠢᠯᠲᠡ ᠶᠢᠨ ᠪᠡᠯᠡ ᠮᠦᠩᠬᠦ ᠶᠢ ᠵᠠᠯᠠᠶᠢᠳ ᠬᠤᠰᠢᠭᠤᠨ ᠤ ︽ | ᠦᠨᠳᠤᠷ ᠲᠠᠷᠢᠶᠠᠯᠠᠩ ᠮᠠᠯ ᠠᠵᠤ ᠠᠬᠤᠢ ᠶᠢᠨ ᠲᠤᠰᠬᠠᠢ ᠬᠤᠷᠰᠢᠶᠠᠵᠢᠯ︾ ᠳᠤ ᠤᠷᠤᠭᠤᠯᠪᠠ᠃ ᠤᠳᠤᠬᠠᠨ ᠳᠤ᠂ | ᠲᠤᠰ ᠲᠤᠰᠬᠠᠢ ᠬᠤᠷᠰᠢᠶᠠᠵᠢᠯ ᠤᠨ ᠦᠬᠡᠷ ᠤᠨ ᠲᠤᠭ᠎ᠠ 240 ᠬᠦᠷᠴᠤ᠂ ᠵᠢᠯ ᠪᠦᠷᠢ ᠲᠤᠰᠬᠤᠨ ᠤ ᠬᠠᠮᠳᠤ ᠶᠢᠨ | ᠠᠵᠤ ᠠᠬᠤᠢ ᠳᠤ 7.5 ᠲᠦᠮᠡᠨ ᠲᠦᠭᠦᠷᠢᠭ ᠤᠨ ᠠᠰᠢᠭ ᠬᠤᠪᠢᠶᠠᠷᠢᠯᠠᠵᠤ ᠦᠭᠴᠤ ᠪᠤᠢ᠃ | ᠦᠬᠡᠷ ᠢᠶᠠᠨ ᠲᠠᠷᠭᠤ ᠰᠠᠶᠢᠲᠠᠢ ᠲᠡᠵᠢᠭᠡᠬᠦ ᠶᠢᠨ ᠵᠡᠷᠭᠡ ᠪᠠᠷ ᠬᠠᠨ ᠸᠧᠨ ᠵᠢᠦᠢ ᠰᠦ ᠶᠢᠨ ᠠᠵᠤ ᠦᠢᠯᠡᠰ ᠢ | ᠡᠷᠬᠢᠯᠡᠨ ᠬᠦᠭᠵᠢᠭᠦᠯᠵᠤ᠂ ︽ᠬᠤᠤᠰ ᠤᠷᠤᠯᠭ᠎ᠠ︾ ᠡᠭᠦᠳᠦᠭᠰᠡᠨ ᠰᠢᠨ᠎ᠡ ᠴᠠᠭ ᠦᠶ᠎ᠡ ᠶᠢᠨ ᠮᠠᠯᠴᠢᠨ ᠪᠤᠯᠤᠭᠰᠠᠨ᠃ | ︽ᠮᠠᠨ ᠤ ᠲᠤᠰᠬᠠᠢ ᠬᠤᠷᠰᠢᠶᠠᠵᠢᠯ ᠲᠠᠷᠠᠭᠠᠴᠢ ᠶᠢᠨ ᠠᠯᠬᠤᠮ ᠳᠤ ᠦᠨᠢᠶᠡᠨ ᠰᠦ᠂ ᠦᠬᠡᠷ ᠤᠨ ᠮᠢᠬ᠎ᠠ ᠶᠢ | ᠵᠡᠷᠭᠡᠪᠡᠷ ᠦᠢᠯᠡᠳᠪᠤᠷᠢᠯᠡᠬᠦ ᠬᠡᠪᠴᠢᠶ᠎ᠡ ᠪᠠᠨ ᠦᠷᠭᠡᠳᠭᠡᠬᠦ ᠪᠠᠷ ᠲᠦᠯᠦᠪᠯᠡᠵᠤ᠂ ᠪᠣᠬᠢᠷᠳᠤᠯ ᠦᠭᠡᠢ᠂ ᠴᠡᠪᠡᠷ | ᠪᠠᠶᠢᠭᠠᠯᠢᠯᠢᠭ᠂ ᠬᠠᠮᠤᠭ ᠤᠨ ᠴᠡᠪᠡᠷ ᠴᠠᠭᠠᠨ ᠢᠳᠡᠭᠡᠨ ᠢ ᠦᠢᠯᠡᠳᠴᠣ᠂ ᠡᠷᠬᠢᠨ ᠲᠤᠭᠤᠷᠢᠨ ᠤ ᠲᠠᠷᠢᠶᠠᠴᠢᠨ | ᠡᠷᠦᠭᠡ ᠶᠢ ᠳᠠᠶᠢᠴᠢᠯᠡᠨ ᠬᠠᠮᠳᠤᠪᠠᠷ ᠬᠦᠭᠵᠢᠭᠦᠯᠵᠤ᠂ ᠬᠠᠮᠳᠤᠪᠠᠷ ᠪᠠᠶᠠᠵᠢᠭᠤᠯᠬᠤ ᠪᠠᠷ ᠪᠠᠷᠠᠬᠤ ᠦᠭᠡᠢ᠂ | ᠭᠠᠴᠠᠭᠠᠨ ᠳᠤ ᠪᠠᠨ ᠮᠠᠯ ᠤᠨ ᠠᠰᠢᠭ ᠰᠢᠮ᠎ᠡ ᠶᠢᠨ ᠨᠡᠷᠡᠳᠤ ᠲᠡᠮᠳᠡᠭ ᠢ ᠠᠶᠢᠮᠠᠭ ᠤᠷᠤᠨ ᠠᠴᠠ ᠭᠠᠳᠠᠨ᠎ᠠ ᠨᠡᠩ | ᠬᠤᠯᠠ ᠶᠢᠨ ᠵᠠᠬ᠎ᠠ ᠲᠡᠯᠭᠡᠭᠦᠷ ᠲᠤ ᠪᠤᠷᠤᠯᠠᠭᠤᠯᠬᠤ ᠪᠠᠷ ᠬᠦᠴᠦᠯᠡᠨ ᠴᠢᠷᠮᠠᠶᠢᠵᠤ ᠪᠠᠶᠢᠨ᠎ᠠ︾ ᠭᠡᠵᠤ ︽ᠦᠨᠳᠤᠷ | ᠲᠠᠷᠢᠶᠠᠯᠠᠩ ᠮᠠᠯ ᠠᠵᠤ ᠠᠬᠤᠢ ᠶᠢᠨ ᠲᠤᠰᠬᠠᠢ ᠬᠤᠷᠰᠢᠶᠠᠵᠢᠯ︾ ᠤᠨ ᠬᠡᠷᠡᠭ ᠡᠷᠬᠢᠯᠡᠭᠴᠢᠳ ᠤᠨ ᠲᠠᠷᠤᠭ᠎ᠠ ᠬᠠᠨ | ᠸᠧᠨ ᠵᠢᠦᠢ ᠢᠷᠡᠭᠡᠳᠦᠢ ᠶᠢᠨ ᠲᠡᠮᠡᠴᠡᠬᠦ ᠬᠠᠷᠠᠯᠳᠠ ᠪᠠᠨ ᠬᠡᠯᠡᠵᠤ ᠭᠠᠷᠤᠯ᠎ᠠ᠃ | |