ᠣᠶᠢᠷ᠎ᠠ ᠳᠤ ᠰᠦᠯᠵᠢᠶ᠎ᠡ ᠦᠭᠡᠢ ᠴᠠᠬᠢᠯᠭᠠᠨ ᠦᠭᠡᠢ ᠴᠦ ᠳᠦᠯᠦᠪᠦᠷᠢ ᠬᠢᠵᠦ ᠪᠤᠯᠳᠠᠭ ᠴᠣ ᠰᠢᠨ᠎ᠡ ︽ | ᠲᠣᠭᠠᠴᠠᠯᠠᠭᠰᠠᠨ ᠠᠷᠠᠳ ᠤᠨ ᠵᠣᠭᠤᠰ ᠤᠨ App︾ ᠬᠦᠮᠦᠰ ᠤᠨ ᠠᠩᠬᠠᠷᠣᠯ ᠢ ᠳᠠᠳᠠᠵᠦ ᠪᠠᠶᠢᠨ᠎ᠠ᠃ ᠡᠨᠡ | ᠴᠢᠳᠠᠮᠵᠢ ᠶᠢ ᠨᠡᠭᠡᠭᠡᠭᠰᠡᠨ ᠤ ᠳᠠᠷᠠᠭ᠎ᠠ᠂ ᠭᠠᠷ ᠤᠲᠠᠰᠤ ᠬᠠᠭᠠᠯᠳᠠᠳᠠᠢ ᠦᠶ᠎ᠡ ᠳᠤ ᠴᠦ ᠲᠣᠭᠠᠴᠠᠭ᠎ᠠ ᠬᠢᠵᠦ ᠪᠣᠯᠬᠤ | ᠶᠤᠮ ᠪᠠᠶᠢᠨ᠎ᠠ᠃ ᠭᠠᠷ ᠤᠳᠠᠰᠦ ᠴᠡᠨᠡᠭ ᠨᠢ ᠳᠠᠭᠤᠰᠤᠭᠠᠳ ᠣᠨᠳᠠᠷᠠᠬᠰᠠᠨ ᠦᠶ᠎ᠡ ᠳᠤ ᠡᠨᠡ ᠴᠢᠳᠠᠮᠵᠢ ᠮᠠᠰᠢ ᠰᠠᠶᠢᠨ | ᠦᠢᠯᠡᠴᠢᠯᠡᠵᠦ ᠴᠢᠳᠠᠳᠠᠭ ᠢᠶᠠᠷ ᠢᠶᠠᠨ ᠣᠨᠴᠠ ᠪᠠᠶᠢᠳᠠᠭ᠃ ᠰᠤᠷᠪᠤᠯᠵᠢᠯᠠᠭᠴᠢ ᠶᠢᠨ ᠣᠶᠢᠯᠠᠭᠠᠭᠰᠠᠨ ᠢᠶᠠᠷ᠂ ᠤᠳᠤ | ᠡᠨᠡ ᠴᠢᠳᠠᠮᠵᠢ ᠨᠢ ᠠᠩᠬᠠᠨ ᠤ ᠦᠶ᠎ᠡ ᠳᠡᠭᠡᠨ ᠵᠥᠪᠬᠡᠨ Android ᠭᠠᠷ ᠤᠲᠠᠰᠤᠨ ᠤ ᠰᠢᠰᠲ᠋ᠧᠮ ᠳᠤ | ᠬᠡᠷᠡᠭᠯᠡᠭᠳᠡᠵᠦ᠂ ᠠᠭᠠᠵᠢᠮ ᠳᠠᠭᠠᠨ ᠳᠦᠬᠡᠮᠡᠯᠵᠢᠬᠦᠯᠬᠦ ᠶᠤᠮ ᠪᠠᠶᠢᠨ᠎ᠠ᠃ ᠰᠦᠯᠵᠢᠶ᠎ᠡ ᠪᠠᠷ ᠲᠣᠭᠠᠴᠠᠭ᠎ᠠ ᠳᠦᠯᠦᠪᠦᠷᠢ | ᠬᠢᠬᠦ ᠳᠤ ᠳᠦᠬᠦᠮ ᠳᠥᠲᠡ ᠪᠠᠶᠢᠳᠠᠭ ᠴᠦ ᠵᠠᠷᠢᠮ ᠳᠠᠭᠠᠨ ᠭᠠᠷ ᠤᠲᠠᠰᠤᠨ ᠤ ᠴᠠᠬᠢᠯᠭᠠᠨ ᠳᠠᠭᠤᠰᠬᠤ᠂ | ᠰᠦᠯᠵᠢᠶᠡᠨ ᠳᠤ ᠬᠤᠯᠪᠣᠭᠳᠠᠬᠤ ᠦᠭᠡᠢ ᠪᠠᠶᠢᠳᠠᠯ ᠭᠠᠷᠳᠠᠭ ᠠᠴᠠ ᠳᠦᠯᠦᠪᠦᠷᠢ ᠳᠠᠰᠣᠯᠠᠬᠳᠠᠳᠠᠭ ᠪᠠᠶᠢᠬᠰᠠᠨ ᠪᠤᠯ | ᠭᠡᠷᠡᠭᠯᠡᠭᠴᠢᠳ ᠤᠳᠤ ᠡᠬᠦᠨ ᠠᠴᠠ ᠵᠤᠪᠠᠭ᠋ᠤ ᠦᠬᠡᠢ ᠪᠤᠯᠤᠯ᠎ᠠ᠃ ᠬᠠᠷᠢᠨ ᠭᠠᠷ ᠤᠲᠠᠰᠤ ᠪᠠᠨ ᠭᠡᠭᠡᠪᠡᠯ ᠮᠥᠩᠭᠦ | ᠵᠣᠭᠤᠰᠤᠨ ᠤ ᠪᠠᠨ ᠠᠮᠤᠷ ᠲᠦᠪᠰᠢᠨ ᠢ ᠶᠠᠭᠠᠬᠢᠵᠦ ᠬᠠᠮᠠᠭᠠᠯᠠᠬᠤ ᠳᠣᠬᠠᠢ ᠬᠠᠮᠢᠶᠠᠳᠠᠢ ᠬᠦᠮᠦᠰ ᠳᠠᠶᠢᠯᠪᠤᠷᠢ ᠬᠢᠯ᠎ᠡ᠃ | ᠬᠡᠷᠪᠡ ᠭᠠᠷ ᠤᠲᠠᠰᠤ ᠪᠠᠨ ᠭᠡᠭᠡᠪᠡᠯ᠂ ᠬᠡᠷᠡᠭᠯᠡᠭᠴᠢ ᠥᠭᠡᠷ᠎ᠡ ᠨᠢᠭᠡ ᠭᠠᠷ ᠤᠲᠠᠰᠤᠨ ᠤ ᠲᠥᠬᠦᠭᠡᠷᠦᠮᠵᠢ ᠪᠠᠷ | ᠳᠠᠮᠵᠢᠭᠤᠯᠤᠨ ︽ᠲᠣᠭᠠᠴᠠᠯᠠᠭᠰᠠᠨ ᠠᠷᠠᠳ ᠤᠨ ᠵᠣᠭᠤᠰ ᠤᠨ App︾ ᠳᠤ ᠣᠷᠣᠵᠤ᠂ ᠰᠦᠯᠵᠢᠶ᠎ᠡ ᠦᠭᠡᠢ | ᠴᠠᠬᠢᠯᠭᠠᠨ ᠦᠭᠡᠢ ᠪᠠᠷ ᠳᠥᠯᠥᠬᠦ ᠴᠢᠳᠠᠮᠵᠢ ᠪᠠᠨ ᠴᠠᠭ ᠲᠤᠬᠠᠢ ᠳᠤᠨᠢ ᠬᠠᠭᠠᠵᠤ ᠪᠣᠯᠣᠨ᠎ᠠ ᠭᠡᠵᠡᠢ᠃ | |