ᠰᠢᠨ᠎ᠡ ᠲᠢᠲᠢᠮᠯᠢᠭ ᠸᠢᠷᠦ᠋ᠰ ᠲᠤ ᠬᠠᠯᠳᠠᠪᠤᠷᠢᠯᠠᠬᠳᠠᠭᠰᠠᠨ ᠤ ᠬᠤᠶᠢᠨ᠎ᠠ ᠢᠳᠡᠭᠡᠨ ᠤᠮᠳᠠᠭᠠᠨ ᠢᠶᠠᠨ | ᠠᠩᠬᠠᠷᠬᠤ ᠶᠢᠨ ᠬᠠᠮᠲᠤ ᠵᠠᠷᠢᠮ ᠵᠦᠢᠯ ᠢ ᠵᠣᠬᠢᠰᠳᠠᠢ ᠴᠡᠭᠡᠷᠯᠡᠬᠦ ᠬᠡᠷᠡᠭᠲᠡᠢ᠂ ᠣᠨᠴᠠᠭᠠᠶᠢᠯᠠᠨ ᠡᠶᠢᠮᠦ ᠭᠤᠷᠪᠠᠨ | ᠵᠦᠢᠯ ᠤᠨ ᠢᠳᠡᠭᠡᠨ ᠢ ᠪᠠᠭ᠎ᠠ ᠢᠳᠡᠬᠦ ᠪᠤᠶᠤ ᠢᠳᠡᠬᠦ ᠦᠭᠡᠢ ᠪᠠᠶᠢᠪᠠᠯ ᠰᠠᠶᠢᠨ ᠶᠤᠮ ᠪᠠᠶᠢᠨ᠎ᠠ᠃ | 1. ᠳᠠᠪᠤᠰᠤ ᠶᠡᠬᠡᠲᠡᠢ ᠢᠳᠡᠭᠡᠨ᠃ ᠰᠢᠨ᠎ᠡ ᠲᠢᠲᠢᠮᠯᠢᠭ ᠸᠢᠷᠦ᠋ᠰ ᠲᠤ ᠬᠠᠯᠳᠠᠪᠤᠷᠢᠯᠠᠭᠳᠠᠬᠤ ᠦᠶ᠎ᠡ ᠳᠤ ᠳᠠᠪᠤᠰᠤ | ᠪᠠᠭ᠎ᠠ ᠢᠳᠡᠬᠦ ᠬᠡᠷᠡᠭᠲᠡᠢ᠂ ᠲᠤᠭᠤᠯᠭᠠᠵᠤ ᠰᠠᠭᠤᠯᠭᠠᠭᠰᠠᠨ ᠦᠭᠡᠢ ᠪᠤᠶᠤ ᠶᠡᠭᠡ ᠬᠡᠮᠵᠢᠶᠡᠨ ᠤ ᠬᠥᠯᠥᠰᠦ ᠭᠠᠷᠤᠭᠰᠠᠨ | ᠬᠦᠮᠦᠨ ᠡᠳᠦᠷ ᠪᠦᠷᠢ 5 ᠭᠷᠡᠮ ᠤᠨ ᠳᠣᠲᠣᠷ᠎ᠠ ᠬᠢᠵᠠᠭᠠᠷᠯᠠᠬᠤ ᠬᠡᠷᠡᠭᠳᠡᠢ᠃ | 2. ᠭᠤᠱᠤᠭᠤᠨ ᠢᠳᠡᠭᠡᠨ᠃ ᠡᠪᠡᠳᠴᠢᠯᠡᠭᠰᠡᠨ ᠬᠤᠭᠤᠴᠠᠭᠠᠨ ᠳᠤ᠂ ᠮᠠᠰᠢ ᠣᠯᠠᠨ ᠬᠥᠮᠥᠨ ᠤ | ᠰᠢᠩᠭᠡᠭᠡᠯᠲᠡ ᠶᠢᠨ ᠴᠢᠳᠠᠪᠤᠷᠢ ᠨᠢ ᠮᠠᠭᠤᠳᠠᠳᠠᠭ᠂ ᠡᠨᠡ ᠦᠶ᠎ᠡ ᠳᠤ᠂ ᠬᠡᠲᠦᠷᠬᠡᠢ ᠭᠤᠱᠤᠭᠤᠨ ᠰᠡᠳᠦᠯᠲᠡ ᠶᠢᠨ | ᠴᠢᠨᠠᠷᠲᠠᠢ ᠢᠳᠡᠭᠡᠨ ᠨᠢ ᠬᠤᠳᠣᠭᠤᠳᠤ ᠭᠡᠳᠡᠰᠦᠨ ᠤ ᠠᠵᠢᠯᠯᠠᠭ᠎ᠠ ᠶᠢ ᠤᠯᠠᠮ ᠰᠠᠮᠠᠭᠤᠷᠠᠭᠤᠯᠵᠤ᠂ ᠴᠢᠨᠠᠭᠰᠢᠯᠠᠪᠠᠯ | ᠳᠤᠷ᠎ᠠ ᠪᠣᠯᠭᠢᠬᠤ᠂ ᠪᠥᠭᠡᠯᠵᠢᠬᠦ ᠳᠤ ᠬᠦᠷᠬᠡᠳᠡᠭ᠃ ᠬᠠᠯᠳᠠᠪᠤᠷᠢ ᠠᠪᠤᠪᠠᠯ ᠦᠷᠭᠦᠯᠵᠢ ᠬᠤᠭᠤᠯᠠᠢ ᠡᠪᠡᠳᠳᠡᠭ᠂ | ᠤᠤᠯ ᠠᠴᠠ ᠪᠠᠨ ᠭᠤᠱᠤᠭᠤᠨ ᠢᠳᠡᠭᠡᠨ ᠳᠤ ᠲᠠᠭ᠎ᠠ ᠦᠭᠡᠢ ᠬᠥᠮᠥᠨ ᠳᠤ ᠠᠪᠴᠤ ᠬᠡᠯᠡᠪᠡᠯ᠂ ᠭᠤᠱᠤᠭᠤᠨ | ᠢᠳᠡᠭᠡᠨ ᠨᠢ ᠪᠠᠰᠠ ᠵᠠᠯᠭᠢᠭᠤᠷ ᠤᠨ ᠬᠡᠰᠡᠭ ᠲᠤ ᠰᠡᠳᠦᠯᠲᠡ ᠥᠭᠴᠦ᠂ ᠡᠪᠡᠳᠴᠢᠨ ᠢ ᠬᠦᠨᠳᠦᠷᠡᠭᠦᠯᠳᠡᠭ᠃ | 3. ᠰᠢᠩᠭᠡᠭᠡᠬᠦ ᠳᠤ ᠬᠦᠴᠢᠷ ᠢᠳᠡᠭᠡᠨ᠃ ᠰᠢᠨ᠎ᠡ ᠲᠢᠲᠢᠮᠯᠢᠭ ᠸᠢᠷᠦ᠋ᠰ ᠲᠤ ᠬᠠᠯᠳᠠᠪᠤᠷᠢᠯᠠᠭᠳᠠᠭᠰᠠᠨ ᠤ ᠰᠡᠭᠦᠯᠡᠷ᠂ | ᠮᠠᠰᠢ ᠣᠯᠠᠨ ᠬᠥᠮᠥᠨ ᠤ ᠬᠤᠳᠣᠭᠤᠳᠤᠨ ᠤ ᠴᠢᠳᠠᠪᠬᠢ ᠪᠠᠭᠤᠷᠠᠢ ᠪᠣᠯᠳᠠᠭ᠂ ᠡᠨᠡ ᠦᠶ᠎ᠡ ᠳᠤ ᠴᠤᠭᠤᠷ ᠨᠣᠭᠤᠭ᠎ᠠ᠂ | ᠭᠤᠭᠤᠳ᠂ ᠬᠠᠯᠠᠭᠠᠢ᠂ ᠠᠮᠲᠠᠲᠤ ᠲᠥᠮᠥᠰᠥ ᠵᠡᠷᠭᠡ ᠢᠳᠡᠭᠡᠨ ᠢ ᠪᠠᠭ᠎ᠠ ᠢᠳᠡᠪᠡᠯ ᠵᠣᠬᠢᠨ᠎ᠠ᠂ ᠡᠭᠦᠨ ᠠᠴᠠ ᠭᠠᠳᠠᠨ᠎ᠠ | ᠦᠬᠡᠷ ᠬᠤᠨᠢᠨ ᠤ ᠮᠢᠬ᠎ᠠ ᠵᠡᠷᠭᠡ ᠶᠢ ᠠᠯᠢ ᠴᠢᠳᠠᠬᠤ ᠪᠠᠷ ᠪᠠᠭ᠎ᠠ ᠢᠳᠡᠬᠦ ᠪᠤᠶᠤ ᠢᠳᠡᠬᠦ ᠦᠭᠡᠢ ᠪᠠᠶᠢᠪᠠᠯ ᠵᠣᠬᠢᠨ᠎ᠠ᠃ | ᠲᠡᠭᠡᠪᠡᠯ ᠶᠠᠮᠠᠷ ᠶᠠᠮᠠᠷ ᠢᠳᠡᠭᠡᠨ ᠤᠮᠳᠠᠭᠠᠨ ᠨᠢ ᠡᠪᠡᠳᠴᠢᠨ ᠤ ᠪᠠᠶᠢᠳᠠᠯ ᠢ ᠨᠠᠮᠳᠠᠭᠤᠯᠬᠤ ᠳᠤ ᠳᠣᠰᠠᠳᠠᠢ ᠪᠤᠯ︖ | | 1. ᠡᠳᠦᠷ ᠪᠦᠷᠢ 2000 ᠮᠢᠯᠢᠯᠢᠳ᠋ᠷ ᠤᠰᠤ ᠣᠣᠭᠤᠬᠤ᠃ ᠳᠡᠯᠡᠬᠡᠢ ᠶᠢᠨ ᠡᠷᠡᠭᠦᠯ ᠮᠡᠨᠳᠦ ᠶᠢᠨ | ᠪᠠᠶᠢᠭᠤᠯᠭ᠎ᠠ ᠶᠢᠨ ᠰᠠᠨᠠᠭᠤᠯᠤᠭᠰᠠᠨ ᠢᠶᠠᠷ᠂ ᠬᠠᠯᠳᠠᠪᠤᠷᠢ ᠶᠢᠨ ᠬᠤᠭᠤᠴᠠᠭᠠᠨ ᠳᠤ ᠤᠰᠤ ᠰᠠᠶᠢᠨ ᠨᠥᠬᠦᠪᠦᠷᠢᠯᠡᠵᠦ᠂ | ᠪᠦᠯᠢᠶᠡᠨ ᠤᠰᠤ ᠣᠣᠭᠤᠨ᠂ ᠬᠡᠳᠦ ᠬᠦᠢᠲᠡᠨ ᠤᠰᠤ ᠤᠤᠭᠤᠵᠤ ᠪᠣᠯᠬᠤ ᠦᠭᠡᠢ᠃ | 2. ᠰᠢᠩᠭᠡᠨ ᠱᠥᠯᠥ ᠪᠠ ᠰᠢᠩᠭᠡᠨ ᠪᠤᠳᠠᠭ᠎ᠠ᠃ | 3. ᠵᠢᠩᠨᠡᠭᠰᠡᠨ ᠲᠠᠬᠢᠶ᠎ᠠ ᠪᠠ ᠵᠢᠭᠠᠰᠤ᠃ | 4. ᠵᠥᠭᠡᠢ ᠶᠢᠨ ᠪᠠᠯ᠃ ᠤᠨᠲᠠᠬᠤ ᠠᠴᠠ ᠪᠠᠨ ᠬᠠᠭᠠᠰ ᠴᠠᠭ ᠤᠨ ᠡᠮᠦᠨ᠎ᠡ ᠨᠢᠭᠡ ᠬᠠᠯᠪᠠᠭ᠎ᠠ ᠵᠥᠭᠡᠢ ᠶᠢᠨ ᠪᠠᠯ | ᠢᠳᠡᠪᠡᠯ ᠰᠥᠨᠢ ᠬᠠᠨᠢᠶᠠᠯᠭᠠᠬᠤ ᠶᠢ ᠨᠠᠮᠳᠠᠭᠠᠬᠤ ᠳᠤ ᠲᠤᠰᠠᠲᠠᠢ ᠶᠤᠮ ᠪᠠᠶᠢᠨ᠎ᠠ᠃ ᠬᠠᠷᠢᠨ ᠤᠢ ᠬᠦᠷᠦᠭᠡᠳᠦᠢ ᠨᠢᠯᠬ᠎ᠠ | ᠬᠡᠦᠬᠡᠳ ᠲᠤ ᠢᠳᠡᠬᠦᠯᠵᠦ ᠪᠤᠯᠬᠤ ᠦᠬᠡᠢ᠃ |