⒈ ᠨᠠᠪᠴᠢᠨ ᠲᠠᠮᠠᠬᠢ᠃ ᠨᠠᠪᠴᠢᠨ ᠲᠠᠮᠠᠬᠢ ᠨᠢ ᠲᠠᠬᠢᠶᠠᠨ ᠤ ᠬᠦᠵᠢ ᠬᠤᠷᠣᠬᠠᠢ ᠶᠢ ᠲᠠᠭᠤᠬᠤ ᠪᠠ ᠭᠡᠷ ᠤᠨ | ᠲᠡᠵᠢᠭᠡᠪᠦᠷᠢ ᠶᠢᠨ ᠪᠦᠭᠡᠰᠦ ᠶᠢ ᠠᠯᠠᠬᠤ ᠴᠢᠳᠠᠪᠤᠷᠢ ᠲᠠᠢ᠃ ᠲᠠᠬᠢᠶᠠᠨ ᠤ ᠬᠦᠵᠢ ᠬᠤᠷᠣᠬᠠᠢ ᠶᠢ ᠲᠠᠭᠤᠬᠤ ᠳᠤ᠂ | ᠨᠠᠪᠴᠢᠨ ᠲᠠᠮᠠᠬᠢ ᠪᠠᠨ ᠨᠠᠷᠢᠨ ᠲᠠᠯᠬᠠᠳᠠᠭᠠᠳ ᠪᠣᠷᠳᠣᠭᠠᠨ ᠳᠤᠨᠢ 2% ᠢᠶᠠᠷ ᠬᠤᠯᠢᠵᠤ᠂ ᠡᠳᠦᠷ ᠲᠤ ᠬᠤᠶᠠᠷ | ᠤᠳᠠᠭ᠎ᠠ᠂ 4 — 5 ᠡᠳᠦᠷ ᠳᠠᠷᠠᠭᠠᠯᠠᠨ ᠲᠡᠵᠢᠭᠡᠨ᠎ᠡ᠃ ᠪᠥᠭᠡᠰᠦ ᠠᠯᠠᠬᠤ ᠳᠤ᠂ ᠣᠰᠣᠨ ᠳᠣᠲᠣᠷ᠎ᠠ 2 — | 5% ᠪᠠᠷ ᠬᠢᠵᠦ ᠪᠤᠴᠠᠯᠭᠠᠭᠠᠳ ᠬᠥᠷᠦᠭᠰᠡᠨ ᠤ ᠬᠤᠶᠢᠨ᠎ᠠ ᠪᠡᠶ᠎ᠡ ᠳᠡᠭᠡᠷ᠎ᠡ ᠨᠢ ᠰᠦᠷᠴᠢᠭᠦ ᠪᠤᠶᠤ ᠱᠤᠸᠠᠵᠠᠳᠠᠨ᠎ᠠ᠃ | ⒉ ᠪᠢᠩᠯᠠᠩ᠃ ᠲᠠᠬᠢᠶ᠎ᠠ᠂ ᠨᠤᠭᠤᠰᠤ ᠪᠠ ᠭᠠᠯᠠᠭᠤ ᠶᠢᠨ ᠬᠠᠪᠲᠠᠭᠠᠢ ᠴᠠᠭᠠᠨ ᠬᠤᠷᠣᠬᠠᠢ ᠶᠢ ᠲᠠᠭᠤᠬᠤ ᠳᠤ ᠰᠠᠶᠢᠨ᠃ | ᠪᠦᠳᠦᠭᠦᠨ ᠲᠠᠬᠢᠶ᠎ᠠ ᠶᠢ ᠡᠮᠨᠡᠬᠦ ᠳᠡᠭᠡᠨ᠂ ᠪᠡᠶ᠎ᠡ ᠶᠢᠨ ᠬᠦᠨᠳᠦ ᠶᠢᠨ ᠺᠢᠯᠣᠭ᠍ᠷᠠᠮ ᠪᠦᠷᠢ ᠳᠤ ᠨᠢᠭᠡ ᠭᠷᠡᠮ ᠪᠤᠴᠠᠯᠭᠠᠵᠤ | ᠣᠩᠭᠤᠯᠠᠢ ᠳᠤᠨᠢ ᠴᠢᠳᠬᠤᠨ᠎ᠠ᠃ ᠨᠤᠭᠤᠰᠤ ᠪᠠ ᠭᠠᠯᠠᠭᠤ ᠪᠣᠯ ᠪᠢᠩᠯᠠᠩ ᠳᠤ ᠨᠡᠯᠢᠶᠡᠳ ᠰᠡᠷᠭᠡᠭ ᠪᠣᠯᠬᠤᠷ ᠪᠡᠶ᠎ᠡ ᠶᠢᠨ | ᠬᠦᠨᠳᠦ ᠶᠢᠨ ᠺᠢᠯᠣᠭ᠍ᠷᠠᠮ ᠪᠦᠷᠢ ᠳᠤᠨᠢ 0.75 ᠭᠷᠡᠮ ᠢᠶᠠᠷ ᠠᠭᠰᠢᠷᠠᠲᠠᠯ᠎ᠠ ᠪᠤᠴᠠᠯᠭᠠᠭᠠᠳ ᠤᠤᠭᠤᠯᠭᠠᠨ᠎ᠠ᠃ | ᠳᠣᠯᠤᠭᠠᠨ ᠬᠤᠨᠤᠭ ᠤᠨ ᠳᠠᠷᠠᠭ᠎ᠠ ᠲᠠᠬᠢᠨ ᠨᠢᠭᠡ ᠤᠳᠠᠭ᠎ᠠ ᠤᠤᠭᠤᠯᠭᠠᠪᠠᠯ ᠪᠦᠷᠢᠮᠦᠰᠦᠨ ᠡᠮᠨᠡᠵᠦ ᠳᠡᠶᠢᠯᠦᠨ᠎ᠡ᠃ ⒊ | ᠯᠠᠩᠭᠤᠸᠠ ᠶᠢᠨ ᠦᠷ᠎ᠡ᠃ ᠡᠭᠦᠨ ᠢ ᠨᠠᠷᠢᠨ ᠲᠠᠯᠬᠠᠳᠠᠭᠠᠳ ᠪᠣᠷᠳᠣᠭᠠᠨ ᠳᠣᠲᠣᠷ᠎ᠠ ᠨᠢ ᠬᠤᠯᠢᠵᠤ ᠭᠠᠯᠠᠭᠤᠨ ᠳᠤ | ᠢᠳᠡᠭᠦᠯᠪᠡᠯ ᠬᠠᠪᠲᠠᠭᠠᠢ ᠴᠠᠭᠠᠨ ᠬᠤᠷᠣᠬᠠᠢ ᠶᠢ ᠲᠠᠭᠤᠳᠠᠭ᠃ ᠭᠡᠬᠦ ᠳᠡᠭᠡᠨ ᠪᠦᠳᠦᠭᠦᠨ ᠭᠠᠯᠠᠭᠤᠨ ᠳᠤ 50 ᠭᠷᠡᠮ | ᠯᠠᠩᠭᠤᠸᠠ ᠶᠢᠨ ᠦᠷ᠎ᠡ ᠶᠢ ᠪᠣᠷᠳᠣᠭᠠᠨ ᠳᠤᠨᠢ ᠬᠤᠯᠢᠵᠤ ᠢᠳᠡᠭᠦᠯᠦᠨ᠎ᠡ᠃ ⒋ ᠹᠦᠯᠮᠢ᠃ ᠹᠥᠯᠮᠢ ᠶᠢᠨ ᠳᠣᠲᠣᠷ᠎ᠠ | ᠤᠭᠤᠷᠠᠭ ᠤᠨ ᠢᠰᠬᠡᠭᠦᠷ ᠠᠭᠤᠯᠤᠭᠳᠠᠵᠤ ᠪᠠᠶᠢᠬᠤ ᠪᠣᠯᠬᠤᠷ ᠵᠢᠭᠦᠷᠲᠡᠨ ᠤ ᠬᠠᠪᠲᠠᠭᠠᠢ ᠴᠠᠭᠠᠨ ᠬᠤᠷᠣᠬᠠᠢ ᠶᠢ | ᠲᠠᠭᠤᠬᠤ ᠦᠢᠯᠡᠳᠦᠯ ᠲᠠᠢ᠃ ᠪᠦᠳᠦᠭᠦᠨ ᠵᠢᠭᠦᠷᠲᠡᠨ ᠳᠤ 2 — 4 ᠭᠷᠡᠮ ᠹᠥᠯᠮᠢ ᠶᠢ ᠨᠠᠷᠢᠨ ᠲᠠᠯᠬᠠᠳᠠᠭᠠᠳ | ᠬᠥᠷᠥᠭᠡᠭᠰᠡᠨ ᠪᠤᠴᠠᠯᠤᠭᠰᠠᠨ ᠤᠰᠤ ᠪᠠᠷ ᠨᠠᠶᠢᠷᠠᠭᠤᠯᠤᠨ ᠤᠤᠭᠤᠯᠭᠠᠨ᠎ᠠ᠃ ᠹᠦᠯᠮᠢ ᠨᠢ ᠬᠠᠯᠠᠭᠤᠨ ᠳᠤ ᠬᠢᠯᠪᠡᠷ | ᠵᠠᠳᠠᠷᠠᠳᠠᠭ᠃ ⒌ ᠪᠤᠮᠤᠭ ᠴᠡᠴᠡᠭ᠃ ᠪᠣᠮᠤᠭ ᠴᠡᠴᠡᠭ ᠨᠢ ᠪᠥᠭᠡᠰᠦ ᠪᠠ ᠬᠢᠯᠭᠠᠰᠤᠨ ᠴᠠᠭᠠᠨ ᠬᠤᠷᠣᠬᠠᠢ ᠶᠢ ᠠᠯᠠᠬᠤ | ᠴᠢᠳᠠᠪᠤᠷᠢ ᠲᠠᠢ᠃ ᠪᠥᠭᠡᠰᠦ ᠠᠯᠠᠬᠤ ᠳᠤ 20% ᠶᠢᠨ ᠰᠫᠢᠷᠲ ᠲᠤ ᠳᠡᠪᠲᠦᠭᠡᠭᠡᠳ ᠲᠡᠵᠢᠭᠡᠪᠦᠷᠢ ᠶᠢᠨ ᠪᠡᠶ᠎ᠡ ᠳᠡᠭᠡᠷ᠎ᠡ | ᠰᠦᠷᠴᠢᠬᠦ ᠪᠤᠶᠤ ᠱᠤᠸᠠᠵᠠᠳᠠᠨ᠎ᠠ᠃ ᠮᠣᠷᠢᠨ ᠤ ᠬᠢᠯᠭᠠᠰᠤᠨ ᠴᠠᠭᠠᠨ ᠬᠤᠷᠣᠬᠠᠢ ᠶᠢ ᠲᠠᠭᠤᠬᠤ ᠳᠤ 50% ᠶᠢᠨ | ᠣᠰᠣᠨ ᠬᠠᠨᠳᠠ ᠶᠢ 200 ᠮᠢᠯᠯᠢᠯᠢᠳ᠋ᠷ ᠪᠤᠷᠭᠤᠶᠢᠳᠠᠨ ᠡᠮᠨᠡᠵᠦ ᠪᠣᠯᠣᠨ᠎ᠠ᠃ ⒍ ᠬᠤᠷᠠᠭᠠᠨ ᠪᠥᠭᠡᠷ᠎ᠡ᠃ ᠡᠭᠦᠨ ᠢᠶᠠᠷ | ᠮᠣᠷᠢ᠂ ᠯᠠᠭᠤᠰᠠ᠂ ᠡᠯᠵᠢᠭᠡᠨ ᠤ ᠬᠢᠯᠭᠠᠰᠤᠨ ᠴᠠᠭᠠᠨ ᠬᠤᠷᠣᠬᠠᠢ ᠶᠢ ᠲᠠᠭᠤᠬᠤ ᠳᠤ ᠲᠤᠩ ᠰᠠᠶᠢᠨ ᠪᠠᠶᠢᠳᠠᠭ᠃ | 50% ᠶᠢᠨ ᠤᠰᠤᠨ ᠬᠠᠨᠳᠠ ᠳᠤ 200 ᠮᠢᠯᠯᠢᠯᠢᠳ᠋ᠷ ᠢᠶᠠᠷ ᠪᠤᠷᠭᠤᠶᠢᠳᠠᠨ ᠡᠮᠨᠡᠨ᠎ᠡ᠃ ︽ᠮᠠᠯ ᠲᠠᠷᠢᠶᠠᠠᠯᠠᠩ ᠤᠨ | ᠭᠡᠷᠡᠭᠯᠡᠬᠡᠨ ᠤ ᠰᠢᠨ᠎ᠡ ᠮᠡᠷᠭᠡᠵᠢᠯ︾ ᠬᠡᠬᠦ ᠨᠤᠮ ᠠᠴᠠ ᠪᠠᠭᠤᠯᠭᠠᠪᠠ | |