ᠬᠦᠳᠡᠯᠮᠦᠷᠢ ᠮᠠᠯᠴᠢᠨ ᠤ ᠦᠭᠡᠳᠡᠷᠭᠡ ᠠᠮᠢᠳᠤᠷᠠᠯ
ᠨᠡᠶᠢᠲᠡᠯᠡᠭᠰᠡᠨ ᠴᠠᠭ᠄
2023/2/16
    ᠤᠶᠢᠷ᠎ᠠ ᠳ᠋ᠠ᠂ ᠰᠤᠷᠪᠤᠯᠵᠢᠯᠠᠭᠴᠢ ᠬᠤᠷᠴᠢᠨ ᠪᠠᠷᠠᠭᠤᠨ ᠭᠠᠷᠤᠨ ᠡᠮᠦᠨᠡᠳᠦ ᠬᠤᠰᠢᠭᠤᠨ ᠤ ᠲᠤᠬᠤᠮ ᠰᠤᠮᠤ ᠶᠢᠨ ᠬᠤᠯᠪᠤᠭ᠎ᠠ ᠭᠠᠴᠠᠭᠠᠨ ᠤ ᠪᠤᠤ ᠶᠢᠨ ᠭᠠᠩ᠂ ᠡᠷᠳᠡᠨᠢᠴᠢᠮᠡᠭ ᠤᠨ  ᠬᠠᠪᠤᠷᠵᠢᠶ᠎ᠠ ᠪᠠᠷ ᠬᠦᠷᠴᠦ ᠰᠤᠷᠪᠤᠯᠵᠢᠯᠠᠭ᠎ᠠ ᠠᠪᠤᠪᠠ ᠃ ᠭᠡᠷ ᠲᠤᠨᠢ ᠬᠦᠷᠬᠦ ᠳᠤ᠂ ᠬᠦᠬᠡ ᠲᠡᠭᠡᠪᠤᠷ ᠲᠠᠢ ᠲᠤᠮᠤ ᠬᠡᠯᠪᠡᠷᠢ ᠶᠢᠨ ᠮᠠᠯ ᠤᠨ ᠰᠠᠷᠠᠪᠴᠢ᠂ ᠡᠯ᠎ᠡ ᠵᠦᠢᠯ ᠤᠨ ᠲᠠᠷᠢᠶᠠᠯᠠᠩ ᠤᠨ ᠮᠠᠰᠢᠨ ᠲᠤᠨᠤᠭ ᠬᠠᠷᠠᠭᠠᠨ ᠳᠤ ᠲᠤᠳᠤᠷᠠᠵᠦ᠂ ᠬᠠᠰᠢᠶ᠎ᠠ ᠬᠤᠷᠤᠭᠠᠨ ᠠᠴᠠ ᠨᠢ ᠬᠤᠷᠠᠭ᠎ᠠ ᠢᠰᠢᠭᠡ ᠶᠢᠨ ᠮᠠᠶᠢᠯᠠᠯᠳᠤᠬᠤ ᠳᠠᠭᠤᠨ ᠰᠤᠨᠤᠰᠳᠠᠵᠦ ᠪᠠᠶᠢᠯ᠎ᠠ᠃    ᠪᠤᠤ ᠶᠢᠨ ᠭᠠᠩ᠂ ᠡᠷᠳᠡᠨᠢᠴᠢᠮᠡᠭ ᠤᠨ ᠬᠢᠨ700 ᠭᠠᠷᠤᠢ ᠪᠤᠭ ᠮᠠᠯ᠂80 ᠭᠠᠷᠤᠢ ᠪᠤᠶᠢᠳᠠ ᠮᠠᠯ ᠲᠠᠢ ᠴᠢᠨᠡᠭᠡᠯᠢᠭ ᠠᠶᠢᠯ ᠪᠠᠶᠢᠯ᠎ᠠ᠃ ᠠᠷᠪᠠ ᠭᠠᠷᠤᠢ ᠵᠢᠯ ᠤᠨ  ᠡᠮᠦᠨ᠎ᠡ ᠡᠳᠡᠨᠡᠶᠢᠬᠡᠨ ᠶᠠᠳᠠᠭᠤᠬᠠᠨ ᠠᠮᠢᠳᠤᠷᠠᠯ ᠲᠠᠢ ᠪᠠᠶᠢᠭᠰᠠᠨ ᠪᠤᠯᠪᠠᠴᠤ ᠲᠡᠳᠡ ᠬᠤᠶᠠᠭᠤᠯᠠ ᠰᠠᠶᠢᠨ ᠰᠠᠶᠢᠬᠠᠨ ᠠᠮᠢᠳᠤᠷᠠᠯ ᠤᠨ ᠡᠷᠢᠯ ᠬᠦᠰᠡᠯ ᠳᠤ ᠬᠦᠳᠦᠯᠦᠭᠳᠡᠨ᠂ ᠬᠦᠷᠦᠩᠭᠡ ᠨᠢᠮᠭᠡᠨ ᠠᠮᠢᠳᠤᠷᠠᠯ ᠳᠠᠭᠠᠨ ᠭᠤᠨᠢᠵᠦ ᠭᠤᠳᠤᠷᠠᠭᠰᠠᠨ ᠦᠭᠡᠢ᠂ ᠬᠠᠷᠢᠨ ᠠᠷᠭ᠎ᠠ ᠤᠬᠠᠭᠠᠨ ᠰᠦᠪᠡᠭᠴᠢᠯᠡᠨ ᠠᠮᠢᠳᠤᠷᠠᠯ ᠦᠢᠯᠡᠰ ᠢᠶᠠᠨ ᠦᠭᠡᠶᠢᠳᠡ ᠳᠠᠳᠠᠬᠤ ᠪᠠᠷ ᠤᠶᠢᠭ᠎ᠠ ᠦᠭᠡᠢ ᠴᠢᠷᠮᠠᠶᠢᠭᠰᠠᠭᠠᠷ ᠢᠷᠡᠵᠠᠢ᠃ ᠤᠤᠯ  ᠳᠠᠭᠠᠨ100 ᠭᠠᠷᠤᠢ ᠢᠮᠠᠭ᠎ᠠ ᠲᠡᠵᠢᠭᠡᠵᠦ ᠪᠠᠶᠢᠭᠰᠠᠨ ᠢᠶᠠᠨ ᠨᠤᠳᠤᠭ ᠪᠡᠯᠴᠢᠭᠡᠷ ᠤᠨ ᠢᠶᠠᠨ ᠤᠨᠴᠠᠯᠢᠭ ᠲᠤ ᠵᠤᠬᠢᠴᠠᠭᠤᠯᠤᠨ᠂ ᠢᠮᠠᠭ᠎ᠠ ᠪᠠᠨ ᠪᠦᠬᠦᠨ ᠢ ᠰᠢᠠᠨ ᠡᠭᠦᠯᠳᠡᠷ ᠤᠨ ᠬᠤᠨᠢᠭ ᠰᠤᠯᠢᠵᠠᠢ᠃ ᠲᠡᠳᠡ ᠬᠤᠶᠠᠭᠤᠯᠠ ᠪᠠᠰᠠ ᠵᠢᠯ ᠤᠨ ᠲᠦᠷᠪᠡᠨ ᠤᠯᠠᠷᠢᠯ ᠳᠤ ᠦᠷ ᠤᠨ ᠭᠡᠭᠡ ᠲᠠᠢ ᠤᠷᠤᠯᠳᠤᠨ᠂ ᠦᠳᠡᠰᠢ ᠶᠢᠨ ᠤᠳᠤᠳ ᠲᠠᠢ ᠬᠠᠨᠢᠯᠠᠨ᠂ ᠶᠠᠳᠠᠷ ᠲᠤᠷᠤᠢ ᠲᠦᠯ ᠮᠠᠯ ᠢᠶᠠᠨ ᠨᠠᠷᠢᠨ ᠨᠢᠮᠪᠠᠢ ᠠᠷᠠᠴᠢᠯᠠᠨ ᠲᠤᠳᠤᠮᠳᠠᠵᠦ᠂ ᠡᠪᠡᠰᠦ  ᠪᠤᠷᠳᠤᠭ᠎ᠠ ᠪᠠᠨ ᠪᠤᠰᠤᠳ ᠠᠴᠠ ᠢᠯᠡᠭᠦᠦ  ᠨᠦᠬᠡᠴᠡᠯᠡᠵᠦ᠂  ᠪᠤᠷᠭᠢ ᠪᠤᠬᠢᠰᠭᠢᠯ ᠦᠭᠡᠢ ᠠᠵᠢᠯᠯᠠᠭᠰᠠᠨ ᠤ ᠠᠴᠢ ᠪᠠᠷ ᠮᠠᠯ ᠤᠨ ᠰᠦᠷᠦᠭ ᠨᠢ ᠦᠨᠢᠷ ᠦᠰᠪᠡ᠃    ᠤᠶᠢᠷ᠎ᠠ ᠶᠢᠨ ᠬᠡᠳᠦᠨ ᠵᠢᠯ᠂ ᠲᠡᠳᠡᠨ ᠤ ᠬᠢᠨ ᠪᠤᠲᠠ ᠪᠤᠭ ᠮᠠᠯ ᠪᠤᠯᠤᠨ ᠲᠠᠷᠢᠶ᠎ᠠ ᠠᠴᠠ ᠪᠠᠨ ᠵᠢᠯ ᠪᠦᠷᠢ50 ᠲᠦᠮᠡᠨ ᠲᠦᠭᠦᠷᠢᠭ ᠤᠨ ᠤᠷᠤᠯᠭ᠎ᠠ ᠤᠯᠵᠦ ᠪᠠᠶᠢᠭ᠎ᠠ ᠨᠢ ᠡᠴᠢᠨᠡᠨ ᠵᠢᠯ ᠤᠨ ᠰᠢᠷᠭᠠᠭᠤ ᠬᠦᠳᠡᠯᠮᠦᠷᠢ ᠶᠢᠨ ᠬᠢᠨᠢ ᠬᠠᠮᠤᠭ ᠤᠨ ᠰᠠᠶᠢᠨ ᠬᠠᠷᠢᠭᠤ ᠪᠡᠯᠡᠭ ᠪᠤᠯᠵᠦ ᠲᠠᠭᠠᠷᠠᠨ᠎ᠠ᠃ ᠲᠡᠳᠡ ᠭᠦᠰᠡᠯ ᠴᠢᠷᠮᠠᠶᠢᠯᠭ᠎ᠠ ᠲᠠᠢ ᠠᠵᠢᠯᠯᠠᠳᠠᠭ ᠠᠴᠠ ᠨᠤᠳᠤᠭ ᠤᠰᠤᠨ ᠤ ᠪᠠᠨ ᠠᠬᠠᠮᠠᠳ ᠲᠤᠮᠤᠭᠠᠳᠠᠳ ᠲᠠᠭᠠᠨ ᠱᠠᠭᠰᠢᠬᠳᠠᠵᠦ᠂  ᠦᠶ᠎ᠡ ᠬᠤᠷᠠᠭ  ᠤᠨ ᠬᠦᠮᠦᠰ ᠤᠨ ᠰᠤᠷᠤᠯᠴᠠᠬᠤ ᠳᠠᠭᠤᠷᠢᠶᠠᠯ ᠪᠤᠯᠵᠦ ᠪᠠᠶᠢᠨ᠎ᠠ᠃
 
ᠢᠷᠡᠯᠲᠡ᠄ ᠬᠢᠩᠭᠠᠨ ᠤ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号