ᠡᠶᠢᠮᠦ ︽ᠰᠦ ᠲᠠᠢ ᠴᠠᠢ ᠶᠢᠨ ᠴᠣᠮᠣ︾᠂ ︽ᠺᠤᠯᠠ ᠶᠢᠨ ᠰᠠᠪᠠ︾  ᠶᠢ ᠶᠠᠭᠠᠬᠢᠭᠰᠠᠨ ᠴᠤ ᠬᠤᠳᠠᠯᠳᠤᠨ ᠠᠪᠴᠤ ᠪᠣᠯᠬᠤ ᠦᠭᠡᠢ
ᠨᠡᠶᠢᠲᠡᠯᠡᠭᠰᠡᠨ ᠴᠠᠭ᠄
2023/2/20
       ᠤᠯᠤᠰ ᠤᠨ ᠨᠠᠪᠴᠢᠨ ᠲᠠᠮᠠᠬᠢ ᠲᠤᠰᠬᠠᠶ ᠬᠤᠳᠠᠯᠳᠤᠬᠤ ᠲᠣᠪᠴᠢᠶ᠎ᠠ ᠶᠢᠨ ᠬᠢᠨ ᠣᠶᠢᠷ᠎ᠠ ᠳᠤ  ︽ᠰᠦ   ᠲᠠᠢ  ᠴᠠᠶ ᠵᠢᠨ‌‍ᠴᠣᠮᠣ︾᠂ ︽ᠺᠤᠯᠠ ᠶᠢᠨ ᠰᠠᠪᠠ︾ ᠭᠡᠬᠦ ᠮᠡᠳᠦ ᠶᠢᠨ ᠠᠮᠲᠠ ᠣᠷᠣᠭᠤᠯᠤᠬᠰᠠᠨ  ᠡᠯᠧᠺᠲᠷᠣᠨ  ᠲᠠᠮᠠᠬᠢ ᠶᠢ  ᠴᠡᠭᠴᠡᠯᠡᠨ  ᠵᠠᠰᠠᠬᠤ‌ᠠᠵᠢᠯ ᠢ ᠥᠷᠨᠢᠭᠦᠯᠵᠦ᠂ ᠡᠯ᠎ᠡ ᠲᠥᠷᠥᠯ ᠤᠨ ᠬᠡᠷᠡᠭ ᠢ 593 ᠪᠠᠶᠢᠴᠠᠭᠠᠨ ᠢᠯᠡᠷᠡᠭᠦᠯᠵᠦ᠂ 188 ᠬᠥᠮᠦᠨ ᠠᠴᠠ  ᠡᠷᠡᠭᠦᠦ ᠵᠢᠨ‌ᠬᠠᠷᠢᠭᠤᠴᠠᠯᠭ᠎ᠠ ᠨᠡᠬᠡᠮᠵᠢᠯᠡᠵᠦ᠂ ᠡᠯ᠎ᠡ ᠲᠥᠷᠥᠯ ᠤᠨ ︽ᠰᠦ ᠲᠠᠢ ᠴᠠᠶ ᠶᠢᠨ ᠴᠣᠮᠣ︾᠂ ︽ᠺᠤᠯᠠ ᠶᠢᠨ ᠰᠠᠪᠠ︾ ᠶᠢ 72 .  38ᠲᠦᠮᠡᠨ ᠰᠢᠷᠬᠡᠭ ᠪᠠᠶᠢᠴᠠᠭᠠᠨ ᠭᠠᠷᠭᠠᠵᠤ᠂ ᠲᠣᠰ ᠲᠥᠷᠥᠯ ᠤᠨ  ᠬᠠᠤᠯᠢ ᠶᠢ  ᠵᠥᠷᠢᠴᠡᠭᠰᠡᠨ  ᠶᠠᠯᠠᠲᠤ  ᠠᠵᠢᠯᠯᠠᠭ᠎ᠠ ᠳᠤ  ᠬᠠᠤᠯᠢ‌‍ᠶᠣᠰᠣᠭᠠᠷ ᠴᠢᠩᠭ᠎ᠠ ᠴᠣᠬᠢᠯᠲᠠ ᠥᠭᠬᠦ ᠠᠵᠢᠯ ᠢᠯᠡᠳᠲᠡ ᠦᠷ᠎ᠡ ᠪᠦᠲᠦᠮᠵᠢ ᠤᠯᠪᠠ᠃           ᠲᠣᠰ ᠲᠥᠷᠥᠯ ᠤᠨ ᠲᠠᠸᠠᠷ ᠪᠣᠯ ᠴᠥᠮ ᠬᠠᠤᠯᠢ ᠪᠤᠰᠤ ᠪᠠᠷ  ᠦᠢᠯᠡᠳᠪᠦᠷᠢᠯᠡᠭᠰᠡᠨ  ᠬᠠᠭᠤᠷᠮᠠᠭ  ᠮᠠᠭᠤ  ᠡᠯᠧᠺᠲᠷᠣᠨ‌‍ᠲ᠋ᠠᠮᠠᠬᠢᠨ ᠤ  ᠦᠢᠯᠡᠳᠬᠦᠨ  ᠪᠣᠯᠤᠨ᠎ᠠ᠂  ᠲᠡᠭᠦᠨ ᠤ  ᠬᠡᠯᠪᠡᠷᠢ  ᠰᠢᠨᠵᠢ ᠨᠢ  ᠬᠡᠦᠬᠡᠳ ᠤᠨ  ᠲᠤᠬᠯᠠᠭᠠᠮ ᠤᠨ  ᠵᠦᠢᠯ᠂  ᠰᠢᠨ᠎ᠡ‌ᠤᠷᠤᠰᠬᠠᠯ ᠤᠨ ᠤᠮᠳᠠᠭᠠᠨ  ᠪᠤᠶᠤ  ᠢᠳᠡᠭᠡᠨ ᠤ  ᠵᠦᠢᠯ   ᠲᠠᠢ  ᠠᠳᠠᠯᠢᠪᠲᠤᠷ  ᠪᠠᠶᠢᠵᠤ᠂  ᠣᠶᠤᠨ  ᠤᠬᠠᠭᠠᠨ ᠨᠢ  ᠬᠠᠷᠠᠬᠠᠨ‌‍ᠪᠣᠯᠪᠠᠰᠤᠷᠠᠭᠠᠳᠤᠶ ᠨᠠᠰᠤᠨ ᠳᠤ  ᠥᠯᠥ  ᠭᠦᠷᠦᠭᠰᠡᠳ ᠢ  ᠨᠡᠯᠢᠶᠡᠳ  ᠴᠢᠩᠭ᠎ᠠ  ᠥᠳᠥᠭᠡᠬᠦ  ᠴᠢᠨᠠᠷᠲᠠᠶ  ᠪᠠᠶᠢᠳᠠᠭ  ᠮᠥᠷᠲᠡᠭᠡᠨ‌‍ᠪᠦ᠋ᠷᠢᠯᠳᠦᠬᠦᠨ ᠨᠢ ᠪᠤᠳᠤᠯᠢᠶᠠᠨᠲᠠᠶ᠂ ᠦᠢᠯᠡᠳᠬᠦᠨ ᠤ ᠶᠠᠰᠤ ᠴᠢᠨᠠᠷ ᠨᠢ ᠮᠠᠭᠤ᠂ ᠠᠮᠤᠷ ᠲᠦᠪᠰᠢᠨ ᠤ  ᠳᠠᠯᠳᠠ  ᠬᠡᠮ  ᠲᠣᠪᠤᠶᠢᠮ᠎ᠠ‌ᠤᠷᠤᠰᠢᠵᠦ᠂ ᠨᠠᠰᠤᠨ ᠳᠤ ᠥᠯᠥ ᠭᠦᠷᠦᠭᠰᠡᠳ ᠤᠨ ᠪᠡᠶ᠎ᠡ ᠰᠡᠳᠬᠢᠯ ᠤᠨ ᠡᠷᠡᠭᠦᠯ ᠮᠡᠨᠳᠦ ᠳᠤ ᠨᠦᠯᠦᠭᠡ ᠦᠵᠡᠬᠦᠯᠳᠡᠭ᠃ ᠬᠠᠤᠯᠢ‌‍ᠪᠤᠰᠤ ᠡᠲᠡᠭᠡᠳ ᠭᠤᠣᠯᠳᠠᠭᠤ ᠰᠦᠯᠵᠢᠶᠡᠨ ᠤ ᠠᠷᠭ᠎ᠠ ᠵᠠᠮ ᠢᠶᠠᠷ ᠳᠠᠯᠳᠠᠭᠤᠷ ᠪᠣᠷᠣᠯᠠᠭᠤᠯᠵᠤ᠂ ᠨᠡᠩ  ᠴᠢᠨᠠᠭᠰᠢᠯᠠᠪᠠᠯ  ᠨᠠᠰᠤᠨ ᠳ᠋ᠤ᠋‌ᠦᠯᠦ ᠬᠦᠷᠦᠭᠰᠡᠳ ᠢ ᠥᠳᠥᠭᠡᠨ ᠲᠠᠳᠠᠵᠤ ᠲᠡᠳᠡᠨ ᠤ ᠵᠢᠵᠢᠭᠯᠡᠨ ᠪᠣᠷᠣᠯᠠᠭᠤᠯᠬᠤ ᠣᠷᠣᠯᠠᠭᠴᠢ ᠪᠣᠯᠭᠠᠵᠦ ᠪᠠᠶᠢᠳᠠᠭ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号