ᠪᠥᠬᠦ ᠤᠯᠤᠰ ᠤᠨ ᠬᠤᠶᠠᠷ ᠬᠤᠷᠠᠯ  ᠭᠡᠭᠴᠢ ᠨᠢ ᠠᠯᠢ ᠬᠤᠶᠠᠷ ᠬᠤᠷᠠᠯ ᠪᠣᠶ︖ᠬᠤᠶᠠᠷ ᠬᠤᠷᠠᠯ  ᠤᠨ  ᠲᠤᠬᠠᠢ  ᠲᠠ ᠬᠡᠳᠦᠶ  ᠮᠡᠲᠡᠲᠡᠭ  ᠪᠣᠶ︖ ᠴᠢ ᠪᠦᠬᠦ ᠤᠯᠤᠰ ᠤᠨ ᠬᠤᠶᠠᠷ ᠬᠤᠷᠠᠯ  ᠭᠡᠭᠴᠢ ᠨᠢ ᠠᠯᠢ ᠬᠤᠶᠠᠷ ᠬᠤᠷᠠᠯ ᠪᠣᠯᠬᠤ ᠶᠢ ᠮᠡᠳᠡᠨ᠎ᠡ ᠦᠦ︖
ᠨᠡᠶᠢᠲᠡᠯᠡᠭᠰᠡᠨ ᠴᠠᠭ᠄
2023/2/20
       ᠮᠠᠨ ᠤ ᠦᠷᠭᠦᠯᠵᠢ ᠬᠡᠯᠡᠳᠡᠭ ᠪᠦᠬᠦ ᠤᠯᠤᠰ ᠤᠨ ᠬᠤᠶᠠᠷ ᠬᠤᠷᠠᠯ ᠭᠡᠳᠡᠭ ᠨᠢ  ︽ᠪᠦᠭᠦᠳᠡ  ᠨᠠᠶᠢᠷᠠᠮᠳᠠᠬᠤ  ᠳᠤᠮᠳᠠᠳᠤ ᠠᠷᠠᠳ ᠤᠯᠤᠰ ᠤᠨ  ᠪᠦᠬᠦ  ᠤᠯᠤᠰ ᠤᠨ  ᠠᠷᠠᠳ ᠤᠨ  ᠲᠥᠯᠥᠭᠡᠯᠡᠭᠴᠢᠳ ᠤᠨ  ᠶᠡᠭᠡ  ᠬᠤᠷᠠᠯ ᠤᠨ  ᠬᠤᠷᠠᠯᠳᠤᠭᠠᠨ︾  ᠪᠠ︽ᠳᠤᠮᠳᠠᠳᠤ ᠤᠯᠤᠰ ᠤᠨ ᠠᠷᠠᠳ ᠤᠨ  ᠤᠯᠤᠰ  ᠲᠦᠷᠦ ᠶᠢᠨ  ᠵᠥᠪᠯᠡᠯᠭᠡᠨ ᠤ  ᠪᠦᠬᠦ  ᠤᠯᠤᠰ ᠤᠨ  ᠬᠤᠷᠢᠶᠠᠨ ᠤ  ᠪᠦᠭᠦᠳᠡ‌ᠬᠤᠷᠠᠯ︾ ᠢ ᠵᠢᠭᠠᠵᠤ ᠪᠠᠶᠢᠨ᠎ᠠ᠃ ᠬᠤᠶᠠᠷ  ᠬᠤᠷᠠᠯ ᠤᠨ  ᠬᠤᠭᠤᠴᠠᠭ᠎ᠠ  ᠦᠨᠳᠦᠰᠦᠨ ᠳᠡᠭᠡᠨ  ᠢᠵᠢᠯ  ᠠᠯᠬᠤᠮ ᠲᠠᠢ  ᠪᠥᠭᠡᠳ‌ᠤᠯᠤᠰ ᠤᠨ ᠠᠵᠢᠯᠯᠠᠭᠠᠨ ᠳᠤ ᠪᠦᠷ ᠮᠠᠰᠢ ᠴᠢᠬᠤᠯᠠ ᠪᠣᠯᠬᠤᠷ ᠂ ᠳᠥᠭᠦᠮᠴᠢᠯᠡᠭᠡᠳ ᠬᠤᠶᠠᠷ ᠬᠤᠷᠠᠯ ᠭᠡᠳᠡᠭ᠃ ᠪᠥᠬᠦ  ᠤᠯᠤᠰ ‍ᠤᠨ‌ᠬᠤᠶᠠᠷ ᠬᠤᠷᠠᠯ ᠢ ᠬᠤᠷᠠᠯᠳᠤᠭᠤᠯᠬᠤ ᠪᠣᠯ ᠮᠠᠨ ᠤ ᠤᠯᠤᠰ ᠤᠨ ᠤᠯᠤᠰ ᠲᠥᠷᠥ ᠶᠢᠨ  ᠠᠮᠢᠳᠤᠷᠠᠯ ᠳᠠᠬᠢ  ᠲᠦᠢᠯ ᠤᠨ  ᠴᠢᠬᠤᠯᠠ‌‍ᠶᠡᠭᠡ ᠶᠠᠪᠤᠳᠠᠯ ᠮᠥᠨ᠂ ᠬᠤᠷᠠᠯ ᠤᠨ ᠵᠥᠪᠯᠡᠬᠦ ᠵᠦᠢᠯ ᠨᠢᠭᠡᠪᠦᠷᠢ᠂ ᠵᠥᠪᠯᠡᠬᠦ ᠰᠡᠳᠦᠪ ᠨᠢᠭᠡᠪᠦᠷᠢ ᠨᠢ ᠴᠥᠮ ᠣᠯᠠᠨ ᠤ ᠣᠳᠣᠬᠠᠨ ᠤ ᠪᠠ ᠴᠢᠨᠠᠭᠰᠢᠯᠠᠪᠠᠯ ᠢᠷᠡᠭᠡᠳᠦᠶ ᠶᠢᠨ ᠠᠵᠢᠯ ᠠᠮᠢᠳᠤᠷᠠᠯ ᠳᠤ ᠴᠢᠬᠤᠯᠠ ᠪᠥᠭᠡᠳ ᠠᠯᠤᠰ ᠬᠡᠲᠦ ᠶᠢᠨ ᠨᠥᠯᠥᠭᠡ   ᠲᠠᠢ  ᠪᠠᠶᠢᠳᠠᠭ᠃ᠡᠨᠡ ᠵᠢᠯ ᠪᠣᠯ ᠰᠢᠨ᠎ᠡ ᠨᠢᠭᠡ ᠬᠤᠭᠤᠴᠠᠭᠠᠨ ᠤ ᠪᠦᠬᠦ ᠤᠯᠤᠰ ᠤᠨ ᠠᠷᠠᠳ ᠤᠨ ᠲᠥᠯᠥᠭᠡᠯᠡᠭᠴᠢᠳ ᠤᠨ  ᠶᠡᠭᠡ  ᠬᠤᠷᠠᠯ  ᠪᠣᠯᠤᠨ‌‍ᠪᠦ᠋ᠬᠦ ᠤᠯᠤᠰ ᠤᠨ ᠤᠯᠤᠰ ᠲᠦᠷᠦ ᠶᠢᠨ ᠵᠥᠪᠯᠡᠯᠭᠡᠨ ᠤ ᠠᠩᠬᠠᠳᠤᠭᠠᠷ ᠬᠤᠷᠠᠯ ᠪᠣᠯᠤᠨ᠎ᠠ᠂ 3 ᠰᠠᠷ᠎ᠠ ᠶᠢᠨ 5 ᠤ ᠡᠳᠦᠷ  ᠠᠷᠪᠠᠨ‌‍ᠲ᠋ᠥ᠋ᠷᠪᠡᠳᠦᠭᠡᠷ ᠬᠤᠭᠤᠴᠠᠭᠠᠨ ᠤ ᠪᠦᠬᠦ  ᠤᠯᠤᠰ ᠤᠨ  ᠠᠷᠠᠳ ᠤᠨ  ᠲᠥᠯᠥᠭᠡᠯᠡᠭᠴᠢᠳ ᠤᠨ  ᠶᠡᠭᠡ  ᠬᠤᠷᠠᠯ ᠤᠨ  ᠠᠩᠬᠠᠳᠤᠭᠠᠷ ᠬᠤᠷᠠᠯ ᠢ ᠬᠤᠷᠠᠯᠳᠤᠭᠤᠯᠵᠤ᠂ 3 ᠰᠠᠷ᠎ᠠ ᠶᠢᠨ 4 ᠤ ᠡᠳᠦᠷ ᠪᠦᠬᠦ ᠤᠯᠤᠰ ᠤᠨ  ᠤᠯᠤᠰ  ᠲᠦᠷᠦ ᠶᠢᠨ  ᠵᠥᠪᠯᠡᠯᠭᠡᠨ ᠤ  ᠠᠷᠪᠠᠨ‌‍ᠲ᠋ᠥ᠋ᠷᠪᠡᠳᠦᠭᠡᠷ ᠬᠤᠭᠤᠴᠠᠭᠠᠨ ᠤ ᠠᠩᠬᠠᠳᠤᠭᠠᠷ ᠬᠤᠷᠠᠯ ᠢ ᠬᠤᠷᠠᠯᠳᠤᠭᠤᠯᠵᠤ᠂ ᠰᠢᠨ᠎ᠡ ᠨᠢᠭᠡ ᠬᠤᠭᠤᠴᠠᠭᠠᠨ ᠤ ᠪᠦᠬᠦ  ᠤᠯᠤᠰ ‍ᠤᠨ‌ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠲᠥᠯᠥᠭᠡᠯᠡᠭᠴᠢᠳ ᠪᠣᠯᠤᠨ  ᠪᠦᠬᠦ  ᠤᠯᠤᠰ ᠤᠨ  ᠤᠯᠤᠰ  ᠲᠦᠷᠦ ᠵᠢᠨ‌ᠵᠥ᠋ᠪᠯᠡᠯᠭᠡᠨ ᠤ ᠭᠡᠰᠢᠭᠦᠳ ᠪᠡᠭᠡᠵᠢᠩ ᠳᠤ ᠴᠤᠭᠯᠠᠷᠠᠵᠤ᠂  ᠲᠦᠷᠦ ᠶᠢᠨ  ᠶᠠᠪᠤᠳᠠᠯ ᠢ  ᠬᠠᠮᠲᠤ ᠪᠠᠷ  ᠵᠥᠪᠯᠡᠬᠦ  ᠪᠣᠯᠤᠨ᠎ᠠ᠃  ᠪᠥᠬᠦ‌ᠤᠯᠤᠰ ᠤᠨ ᠬᠤᠶᠠᠷ ᠬᠤᠷᠠᠯ  ᠳᠤ  ᠪᠢᠳᠡ ᠪᠦᠬᠦᠲᠡᠭᠡᠷ ᠠᠩᠬᠠᠷᠤᠯ ᠢᠶᠠᠨ ᠬᠠᠨᠳᠤᠭᠤᠯᠤᠶ᠎ᠠ︕
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号