| | 2 ᠳ᠋ᠤᠭᠠᠷ ᠰᠠᠷ᠎ᠠ ᠶᠢᠨ 23 ᠤ ᠡᠳᠦᠷ᠂ ᠰᠤᠷᠪᠤᠯᠵᠢᠯᠠᠭᠴᠢ ᠤᠯᠠᠭᠠᠨᠬᠤᠲᠠ ᠶᠢᠨ ᠰᠢᠨ ᠴᠧᠩ ᠵᠡᠭᠡᠯᠢ ᠶᠢᠨ | ᠵᠡᠭᠦᠨ ᠪᠠᠶᠠᠨᠭᠠᠴᠠᠭᠠ ᠶᠢᠨ ︽ᠰᠢᠶᠤᠤ ᠵᠢᠩ ᠲᠥᠯᠥᠪᠯᠡᠭᠡ︾ ᠶᠢᠨ ᠳᠠᠭᠠᠭᠤᠯᠤᠭᠴᠢ ᠸᠠᠩ ᠢᠦᠶ ᠪᠦᠦ ᠶᠢᠨ | ᠢᠳᠡᠭᠡᠨ ᠤ ᠮᠥᠭᠦ ᠶᠢᠨ ᠳᠠᠷᠢᠬᠤ ᠰᠠᠷᠠᠪᠴᠢᠨ ᠳᠤ ᠬᠦᠷᠬᠦ ᠳᠤ ︽ᠮᠥᠭᠦ ᠶᠢᠨ ᠬᠡᠷᠡᠮ︾ ᠨᠢ ᠬᠥᠮᠦᠰ ᠤᠨ | ᠠᠩᠬᠠᠷᠤᠯ ᠢ ᠶᠡᠬᠡᠳᠡ ᠲᠠᠲᠠᠵᠠᠶ᠃ ᠡᠨᠡ ᠦᠶ᠎ᠡ ᠳᠤ ᠸᠠᠩ ᠢᠦᠢ ᠪᠦᠦ ᠶᠠᠭ ᠰᠠᠶᠢᠬᠠᠨ ︽ᠮᠦᠬᠦ ᠶᠢᠨ ᠬᠡᠷᠡᠮ︾ ᠤᠨ | ᠳᠤᠮᠳᠠᠭᠤᠷ ᠰᠦᠯᠵᠢᠯᠳᠦᠵᠦ᠂ ᠮᠦᠬᠦ ᠪᠠᠨ ᠲᠡᠭᠦᠬᠦ ᠪᠠᠷ ᠶᠠᠭᠠᠷᠠᠵᠤ᠂ ᠴᠢᠷᠠᠶ ᠳᠤᠨᠢ ᠡᠯᠪᠡᠭ ᠬᠤᠷᠢᠶᠠᠯᠲᠠ ᠶᠢᠨ ᠪᠠᠶᠠᠷ | ᠪᠠᠭ᠋ᠠᠳᠤᠯ ᠢᠶᠠᠷ ᠪᠢᠯᠬᠠᠨ᠎ᠠ᠃ | ᠣᠶᠢᠯᠠᠭᠠᠭᠰᠠᠨ ᠢᠶᠠᠷ᠂ ᠸᠠᠩ ᠢᠦᠶ ᠪᠦᠦ ᠣᠲᠣ 6 ᠰᠠᠭᠤᠷᠢ ᠬᠦᠯᠡᠮᠵᠢ ᠶᠢᠨ ᠮᠥᠭᠦ ᠶᠢ ᠳᠠᠷᠢᠵᠤ ᠪᠣᠶ᠂ | ᠬᠦᠯᠡᠮᠵᠢ ᠳᠤ 1 ᠲᠦᠮᠡᠨ ᠮᠦᠬᠦ ᠶᠢᠨ ᠰᠢᠳᠠᠮ ᠳᠠᠷᠢᠪᠠᠯ 6 ᠲᠦᠮᠡᠨ ᠵᠢᠩ ᠮᠦᠬᠦ ᠶᠢ ᠭᠠᠷᠭᠠᠵᠤ ᠲᠠᠶᠢᠯᠤᠨ᠎ᠠ᠂ ᠨᠢᠭᠡ | ᠦᠶᠡᠯᠡᠯ ᠤᠨ ᠬᠤᠭᠤᠴᠠᠭᠠᠨ ᠳᠤ ᠦᠢᠯᠡᠳᠭᠦᠨ ᠤ ᠥᠷᠲᠡᠭ ᠨᠢ 20 ᠲᠦᠮᠡᠨ ᠲᠥᠭᠦᠷᠢᠭ ᠰᠢᠬᠠᠮ ᠪᠣᠯᠤᠨ᠎ᠠ᠃ | ᠵᠢᠵᠢᠭᠬᠡᠨ ᠮᠥᠭᠦ ᠪᠠᠷ ᠸᠠᠩ ᠢᠦᠶ ᠪᠦᠦ ᠳᠤ ︽ᠪᠠᠶᠠᠵᠢᠯ ᠤᠨ ᠰᠢᠬᠦᠷ︾ ᠢ ᠲᠤᠯᠵᠤ ᠥᠭᠴᠡᠶ᠃ | ᠪᠤᠶᠠᠨᠳᠡᠯᠭᠡᠷ ᠰᠡᠭᠦᠳᠡᠷᠯᠡᠪᠡ |