ᠰᠤᠨᠤᠷ ᠰᠡᠷᠡᠮᠵᠢ ᠲᠠᠢ ᠪᠠᠶᠢᠭᠠᠷᠠᠢ︕ ᠡᠶᠢᠮᠦ ︽ᠰᠦ ᠲᠠᠢ ᠴᠠᠢ ᠶᠢᠨ ᠴᠣᠮᠣ︾ ᠳᠤ ᠶᠠᠭᠠᠬᠢᠭᠰᠠᠨ ᠴᠤ ᠤᠶᠢᠷᠠᠳᠤᠵᠤ ᠪᠣᠯᠬᠤ ᠦᠭᠡᠢ︕
ᠨᠡᠶᠢᠲᠡᠯᠡᠭᠰᠡᠨ ᠴᠠᠭ᠄
2023/2/7
    ᠤᠶᠢᠷ᠎ᠡ ᠳᠤ ᠱᠧᠨᠵᠧᠨ ᠤ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠨᠢᠭᠡᠨ ᠰᠠᠨᠠᠭᠤᠯᠤᠮᠵᠢ ᠨᠡᠶᠢᠲᠡᠯᠡᠪᠡ᠄ ︽ᠭᠤᠷᠪᠠ ᠦᠭᠡᠢ︾ ᠡᠯᠧᠺᠳ᠋ᠷᠣᠨ ᠲᠠᠮᠠᠬᠢ ᠶᠢ ᠰᠦ ᠲᠠᠢ ᠴᠠᠶ ᠶᠢᠨ ᠴᠣᠮᠣ ᠪᠤᠯᠤᠨ ᠺᠣᠯᠠ ᠶᠢᠨ ᠰᠠᠪᠠᠨ ᠳᠤ ᠰᠡᠮᠡᠭᠡᠷ ᠬᠢᠵᠦ᠂ ᠨᠠᠰᠤᠨ ᠳᠤ ᠦᠯᠦ ᠬᠦᠷᠦᠭᠰᠡᠳ ᠢ ᠲᠦᠭᠡᠷᠢᠭᠦᠯᠦᠭᠳᠡᠵᠦ ᠪᠠᠶᠢᠨ᠎ᠠ︕ ᠱᠧᠨᠵᠧᠨ ᠤ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠶᠢᠨ ᠰᠠᠨᠠᠭᠤᠯᠤᠮᠵᠢ᠄ ᠡᠲᠡᠭᠡᠷ ᠨᠢᠭᠡ ᠯᠡ ᠤᠳᠠᠭ᠎ᠠ ᠬᠡᠷᠡᠭᠯᠡᠬᠦ ᠡᠯᠧᠺᠳ᠋ᠷᠣᠨ ᠲᠠᠮᠠᠬᠢ ᠶᠢᠨ ᠭᠠᠳᠠᠷ ᠨᠢ ᠭᠢᠯᠠᠭᠠᠷ ᠰᠠᠶᠢᠬᠠᠨ ᠬᠠᠷᠠᠭᠳᠠᠳᠠᠭ ᠢᠶᠠᠷ ᠪᠠᠷᠠᠬᠤ ᠥᠬᠡᠶ ᠂ ᠪᠠᠰᠠ ᠣᠯᠠᠨ ᠵᠦᠢᠯ ᠤᠨ ᠦᠨᠦᠷ ᠠᠮᠳᠠ ᠲᠠᠢ ᠪᠠᠶᠢᠳᠠᠭ ᠠᠴᠠ ᠰᠤᠷᠭᠠᠭᠤᠯᠢ ᠶᠢᠨ ᠬᠦᠷᠢᠶᠡᠨ ᠤ ᠨᠠᠰᠤᠨ ᠳᠤ ᠭᠦᠷᠦᠭᠡᠳᠦᠶ ᠰᠤᠷᠤᠭᠴᠢᠳ ᠲᠤ ᠠᠪᠴᠤ ᠬᠡᠯᠡᠪᠡᠯ ᠮᠠᠰᠢ ᠶᠡᠭᠡ ᠲᠠᠲᠠᠬᠤ ᠬᠦᠴᠦᠨ ᠲᠠᠢ ᠶᠤᠮ᠃ ᠬᠡᠳᠦ᠋ᠢᠪᠡᠷ ᠨᠢᠭᠡ ᠯᠡ ᠤᠳᠠᠭ᠎ᠠ ᠶᠢᠨ ᠭᠡᠳᠡᠭ ᠪᠣᠯᠪᠠᠴᠤ ᠲᠡᠭᠦᠨ ᠤ ᠳᠣᠲᠣᠷ᠎ᠠ ᠨᠢ 15 ᠮᠢᠯᠢᠯᠢᠳ᠋ᠷ ᠶᠡᠭᠡ ᠬᠡᠮᠵᠢᠶᠡᠨ ᠤ ᠪᠤᠬᠢ ᠪᠠᠶᠢᠳᠠᠭ᠃ ᠡᠳᠡᠭᠡᠷ ᠡᠯᠧᠺᠳ᠋ᠷᠣᠨ ᠲᠠᠮᠠᠬᠢᠨ ᠤ ᠭᠠᠳᠠᠨᠠᠬᠢ ᠪᠣᠭᠤᠳᠠᠯ ᠪᠠᠭᠯᠠᠭ᠎ᠠ ᠲᠡᠭᠡᠷ᠎ᠡ ᠨᠢ ᠴᠥᠮ ᠦᠢᠯᠡᠳᠪᠦᠷᠢᠯᠡᠭᠴᠢ ᠶᠢᠨ ᠨᠡᠷᠡᠶᠢᠳᠦᠯ᠂ ᠬᠠᠶ᠋ᠢᠭ ᠪᠠ ᠦᠢᠯᠡᠳᠪᠦᠷᠢᠯᠡᠭᠰᠡᠨ ᠡᠳᠦᠷ ᠬᠤᠭᠤᠴᠠᠭ᠎ᠠ ᠵᠡᠷᠭᠡ ᠮᠡᠳᠡᠭᠡ ᠵᠠᠩᠭᠢ ᠶᠢ ᠪᠢᠴᠢᠭᠰᠡᠨ ᠦᠭᠡᠢ ᠪᠠᠶᠢᠳᠠᠭ᠂ ᠦᠨᠡᠨ ᠳᠡᠭᠡᠨ ᠡᠨᠡ ᠨᠢ ︽ᠭᠤᠷᠪᠠ ᠦᠭᠡᠢ︾ ᠦᠢᠯᠡᠳᠬᠦᠨ ᠪᠣᠯᠤᠨ᠎ᠠ᠂ ᠡᠶᠢᠮᠦ ᠠᠴᠠ ᠠᠷᠤ ᠳᠤᠨᠢ ᠮᠠᠰᠢ ᠶᠡᠭᠡ ᠠᠮᠤᠷ ᠲᠦᠪᠰᠢᠨ ᠤ ᠳᠠᠯᠳᠠ ᠭᠡᠮ ᠤᠷᠤᠰᠢᠵᠦ ᠪᠠᠶᠢᠨ᠎ᠠ᠂ ᠵᠠᠷᠢᠮ ᠬᠥᠮᠦᠨ ︽ᠡᠶᠢᠮᠦ ᠲᠡᠮᠡᠬᠢ ᠶᠢ ᠰᠣᠷᠣᠮᠠᠭᠴᠠ ᠪᠥᠭᠡᠯᠵᠢᠰᠦ ᠬᠦᠷᠦᠨ᠎ᠡ︾ ᠭᠡᠵᠦ ᠲᠤᠰᠬᠠᠪᠠ᠃ ᠡᠯᠧᠺᠳ᠋ᠷᠣᠨ ᠲᠠᠮᠠᠬᠢ ᠶᠢᠨ ᠬᠤᠤᠷ ᠬᠥᠨᠥᠭᠡᠯ ᠮᠠᠰᠢ ᠶᠡᠭᠡ ᠪᠠᠶᠢᠳᠠᠭ᠂ ᠭᠤᠤᠯ ᠪᠦᠷᠢᠯᠳᠦᠬᠦᠨ ᠨᠢ ᠤᠯᠠᠮᠵᠢᠯᠠᠯᠲᠤ ᠲᠠᠮᠠᠬᠢ ᠲᠠᠢ ᠠᠳᠠᠯᠢ ᠪᠤᠯᠪᠠᠴᠤ ᠴᠥᠮ ᠨᠢᠺᠣᠲ᠋ᠢᠨ ᠲᠠᠢ ᠶᠤᠮ᠂ ᠵᠠᠯᠠᠭᠤ ᠪᠠᠭᠠᠴᠤᠳ ᠡᠯᠧᠺᠳ᠋ᠷᠣᠨ ᠲᠠᠮᠠᠬᠢ ᠲᠠᠲᠠᠬᠤ ᠳᠤ ᠬᠦᠷᠪᠡᠯ ᠲᠡᠮᠡᠬᠢ ᠲᠠᠳᠠᠬᠤ ᠰᠢᠨᠤᠯ ᠲᠠᠢ ᠪᠣᠯᠵᠣ ᠮᠡᠳᠡᠬᠦ ᠪᠦᠭᠡᠳ ᠡᠴᠦᠰ ᠲᠡᠭᠡᠨ ᠤᠯᠠᠮᠵᠢᠯᠠᠯᠲᠤ ᠲᠠᠮᠠᠬᠢ ᠲᠠᠲᠠᠭᠴᠢ ᠪᠣᠯᠵᠣ ᠬᠤᠪᠢᠷᠠᠬᠤ ᠲᠣᠬᠢᠶᠠᠯᠳᠤᠮᠵᠢ ᠪᠠᠷ ᠨᠠᠩ ᠥᠨᠳᠥᠷ ᠶᠤᠮ᠃ ᠲᠡᠷᠡ ᠮᠥᠷᠲᠡᠭᠡᠨ ᠨᠠᠰᠤᠨ ᠳᠤ ᠥᠯᠥ ᠬᠦᠷᠦᠭᠰᠡᠳ ᠤᠨ ᠶᠡᠭᠡ ᠲᠠᠷᠢᠬᠢᠨ ᠤ ᠪᠤᠶᠢᠵᠢᠯᠲᠠ ᠨᠢ ᠬᠠᠷᠠᠬᠠᠨ ᠪᠣᠯᠪᠠᠰᠤᠷᠠᠭᠠᠳᠤᠢ ᠪᠤᠯᠬᠤᠷ ᠶᠡᠭᠡ ᠲᠠᠷᠢᠬᠢᠨ ᠳᠤᠨᠢ ᠨᠡᠩ ᠶᠡᠭᠡ ᠬᠤᠣᠷ ᠬᠥᠨᠥᠭᠡᠯ ᠤᠴᠠᠷᠠᠭᠤᠯᠵᠤ᠂ ᠪᠤᠰᠤᠳ ᠠᠰᠠᠭᠤᠳᠠᠯ ᠢ ᠡᠭᠦᠰᠭᠡᠵᠦ ᠮᠡᠳᠡᠨ᠎ᠡ᠃ ▲ ᠰᠦ ᠲᠠᠢ ᠴᠠᠶ ᠶᠢᠨ ᠴᠣᠮᠣ ᠡᠯᠧᠺᠳ᠋ᠷᠣᠨ ᠲᠠᠮᠠᠬᠢ ᠶᠢᠨ ᠪᠣᠭᠤᠳᠠᠯ ᠨᠢ ᠬᠢᠲᠠᠳ ᠥᠰᠥᠭ ᠤᠨ ᠲᠡᠮᠳᠡᠭ ᠭᠡᠵᠦ ᠪᠠᠶᠢᠬᠤ ᠥᠬᠡᠶ᠃ ᠡᠩ ᠤᠨ ᠡᠯᠧᠺᠳ᠋ᠷᠣᠨ ᠭᠠᠩᠰᠠ ᠨᠢ ᠪᠡᠶ᠎ᠡ ᠮᠠᠬᠠᠪᠣᠳ ᠲᠤ ᠬᠤᠣᠷᠲᠠᠢ ᠶᠤᠮ᠃ ᠨᠠᠩ ᠴᠤ ᠬᠤᠤᠷᠲᠤ ᠡᠳ᠋ ᠤᠨ ᠪᠦᠷᠢᠯᠳᠦᠬᠦᠨ ᠠᠭᠤᠯᠤᠭᠰᠠᠨ ︽ᠳᠡᠭᠡᠷᠡᠬᠢ ᠡᠯᠧᠺᠳ᠋ᠷᠣᠨ ᠲᠠᠮᠠᠬᠢ ︾ ᠶᠢ ᠭᠡᠯᠡᠬᠦ  ᠶᠢᠨ ᠠᠷᠭ᠎ᠠ ᠦᠭᠡᠢ ᠶᠤᠮ᠃ ᠡᠶᠢᠮᠦ ︽ᠡᠯᠧᠺᠳ᠋ᠷᠣᠨ ᠲᠠᠮᠠᠬᠢ︾ ᠳᠤ ᠬᠠᠤᠯᠢ ᠪᠤᠰᠤ ᠡᠲᠡᠭᠡᠳ ᠳᠥᠷᠪᠡᠨ ᠤᠰᠤᠳᠦᠷᠦ᠋ᠭᠴᠢᠲᠦ ᠤᠯᠤᠰᠤᠨ ᠹᠧᠨᠣᠯ ᠪᠤᠶᠤ ᠨᠡᠢᠯᠡᠯᠭᠡᠵᠢᠭᠦᠯᠦᠭᠰᠡᠨ ᠣᠯᠣᠰᠣᠨ ᠡᠳ᠋ ᠤᠨ ᠲᠥᠷᠥᠯ ᠤᠨ ᠣᠶᠤᠨ ᠮᠡᠳᠡᠷᠡᠯ ᠢ ᠨᠦᠯᠦᠭᠡᠯᠡᠬᠦ ᠰᠢᠨ᠎ᠡ ᠢᠳᠡᠪᠬᠢ ᠪᠣᠳᠠᠰ ᠢ ᠬᠤᠯᠢᠵᠦ ᠬᠢᠪᠠ᠃ ᠡᠨᠡ ᠨᠢ ᠬᠥᠮᠦᠨ ᠤ ᠪᠡᠶ᠎ᠡ ᠳᠤ ᠮᠠᠰᠢ ᠶᠡᠭᠡ ᠬᠤᠤᠷ ᠬᠥᠨᠥᠭᠡᠯ ᠲᠠᠢ ᠶᠤᠮ︕ ︽ᠳᠡᠭᠡᠷᠡᠬᠢ ᠡᠯᠧᠺᠳ᠋ᠷᠣᠨ ᠲᠠᠮᠠᠬᠢ︾ ᠨᠢ ᠤᠯᠠᠮᠵᠢᠯᠠᠯᠲᠤ ᠬᠤᠤᠷᠲᠤ ᠤᠯᠤᠰᠤᠨ ᠡᠳ᠋ ᠠᠴᠠ ᠬᠤᠯᠠ ᠢᠯᠡᠭᠦᠦ ᠲᠡᠮᠡᠬᠢ ᠲᠠᠳᠠᠬᠤ ᠰᠢᠨᠤᠯ ᠲᠠᠢ ᠪᠤᠯᠭᠠᠬᠤ ᠪᠠ ᠲᠥᠭᠡᠷᠢᠭᠳᠡᠭᠦᠯᠬᠦ ᠴᠢᠨᠠᠷ ᠲᠠᠢ ᠶᠤᠮ᠃    
 
ᠢᠷᠡᠯᠲᠡ᠄ ᠠᠷᠠᠳ ᠤᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号