| ᠲᠤᠬᠠᠢ ᠶᠢᠨ ᠭᠠᠵᠠᠷ ᠤᠨ ᠴᠠᠭ ᠢᠶᠠᠷ 3 ᠰᠠᠷ᠎ᠠ ᠶᠢᠨ 21 ᠤ ᠦᠳᠡ ᠶᠢᠨ ᠬᠤᠶᠢᠨ᠎ᠠ᠂ ᠤᠯᠤᠰ ᠤᠨ | ᠲᠡᠷᠢᠭᠦᠯᠡᠭᠴᠢ ᠰᠢ ᠶᠢᠨ ᠫᠢᠩ ᠮᠣᠰᠺᠸᠠ ᠶᠢᠨ ᠺᠧᠷᠮᠯᠢ ᠣᠷᠳᠣᠨ ᠳᠤ ᠣᠷᠣᠰ ᠤᠨ ᠶᠡᠷᠦᠩᠬᠡᠶᠢᠯᠡᠭᠴᠢ ᠫᠦᠲ᠋ᠢᠨ ᠲᠠᠢ | ᠬᠡᠯᠡᠯᠴᠡᠭᠡ ᠬᠢᠪᠡ᠃ ᠫᠦᠲ᠋ᠢᠨ ᠵᠤᠷᠵ ᠶᠡᠭᠡ ᠲᠢᠩᠬᠢᠮ ᠳᠤ ᠰᠢ ᠶᠢᠨ ᠫᠢᠩ ᠢ ᠤᠭᠲᠤᠬᠤ ᠦᠪᠡᠳᠡᠭᠰᠢ ᠶᠣᠰᠣᠯᠠᠯ | ᠶᠠᠪᠤᠭᠤᠯᠪᠠ᠃ ᠵᠢᠷᠤᠭ ᠪᠣᠯ ᠬᠤᠶᠠᠷ ᠤᠯᠤᠰ ᠤᠨ ᠲᠡᠷᠢᠭᠦᠨ ᠭᠠᠷ ᠠᠳᠬᠤᠯᠴᠠᠵᠤ᠂ ᠬᠠᠮᠲᠤ ᠭᠡᠷᠡᠯ ᠵᠢᠷᠤᠭ | ᠲᠠᠲᠠᠭᠤᠯᠵᠤ ᠳᠤᠷᠠᠰᠬᠠᠯ ᠦᠯᠡᠳᠡᠭᠡᠵᠦ ᠪᠠᠶᠢᠭ᠎ᠠ ᠨᠢ᠃ | ᠰᠢᠨᠬᠤᠸᠠ ᠬᠤᠷᠢᠶ᠎ᠠ ᠶᠢᠨ ᠰᠤᠷᠪᠤᠯᠵᠢᠯᠠᠬᠴᠢ ᠰᠢᠶᠧ ᠬᠤᠸᠠᠨ ᡂᠢ ᠰᠡᠭᠦᠳᠡᠷᠯᠡᠪᠡ | ᠲᠤᠬᠠᠢ ᠶᠢᠨ ᠭᠠᠵᠠᠷ ᠤᠨ ᠴᠠᠭ ᠢᠶᠠᠷ 3 ᠰᠠᠷ᠎ᠠ ᠶᠢᠨ 21 ᠤ ᠦᠳᠡ ᠶᠢᠨ ᠬᠤᠶᠢᠨ᠎ᠠ᠂ ᠤᠯᠤᠰ ᠤᠨ | ᠲᠡᠷᠢᠭᠦᠯᠡᠭᠴᠢ ᠰᠢ ᠶᠢᠨ ᠫᠢᠩ ᠮᠣᠰᠺᠸᠠ ᠶᠢᠨ ᠺᠧᠷᠮᠯᠢ ᠣᠷᠳᠣᠨ ᠳᠤ ᠣᠷᠣᠰ ᠤᠨ ᠶᠡᠷᠦᠩᠬᠡᠶᠢᠯᠡᠭᠴᠢ ᠫᠦᠲ᠋ᠢᠨ ᠲᠠᠢ | ᠬᠡᠯᠡᠯᠴᠡᠭᠡ ᠬᠢᠪᠡ᠃ ᠬᠤᠶᠠᠷ ᠤᠯᠤᠰ ᠤᠨ ᠲᠡᠷᠢᠭᠦᠨ ᠳᠤᠮᠳᠠᠳᠤ ᠣᠷᠣᠰ ᠤᠨ ᠬᠠᠷᠢᠯᠴᠠᠭ᠎ᠠ ᠵᠢᠴᠢ ᠬᠠᠮᠲᠤ ᠪᠠᠷ | ᠠᠩᠬᠠᠷᠴᠤ ᠪᠠᠶᠢᠭ᠎ᠠ ᠣᠯᠠᠨ ᠤᠯᠤᠰ ᠤᠨ ᠪᠠ ᠭᠠᠵᠠᠷ ᠣᠷᠣᠨ ᠤ ᠴᠢᠬᠤᠯᠠ ᠶᠡᠭᠡ ᠠᠰᠠᠭᠤᠳᠠᠯ ᠤᠨ ᠲᠤᠬᠠᠢ ᠦᠨᠡᠨᠴᠢ | ᠨᠥᠭᠦᠷᠰᠡᠭ᠂ ᠦᠷ᠎ᠡ ᠪᠦᠲᠦᠭᠡᠯ ᠰᠠᠶᠢᠲᠠᠢ ᠬᠡᠯᠡᠯᠴᠡᠭᠡ ᠬᠢᠵᠦ᠂ ᠮᠠᠰᠢ ᠣᠯᠠᠨ ᠴᠢᠬᠤᠯᠠ ᠰᠢᠨ᠎ᠡ ᠬᠠᠮᠲᠤ ᠶᠢᠨ | ᠲᠠᠨᠢᠯᠲᠠ ᠲᠠᠢ ᠪᠣᠯᠵᠠᠢ᠃ ᠬᠤᠶᠠᠷ ᠲᠠᠯ᠎ᠠ ᠪᠠᠷ ᠢᠶᠠᠨ ᠡᠶᠡᠯᠳᠡᠭ ᠬᠥᠷᠰᠢ ᠶᠢᠨ ᠨᠥᠭᠦᠷᠰᠡᠭ ᠬᠠᠷᠢᠯᠴᠠᠭ᠎ᠠ᠂ | ᠬᠠᠮᠲᠤᠷᠠᠯᠴᠠᠭ᠎ᠠ ᠬᠢᠵᠦ ᠬᠠᠮᠲᠤ ᠪᠠᠷ ᠠᠰᠢᠭ ᠭᠦᠷᠳᠡᠭᠦ ᠵᠠᠷᠴᠢᠮ ᠢᠶᠠᠷ ᠡᠯ᠎ᠡ ᠬᠦᠷᠢᠶᠡᠨ ᠤ ᠶᠠᠪᠤᠯᠴᠠᠭ᠎ᠠ | ᠬᠠᠮᠲᠤᠷᠠᠯᠴᠠᠭ᠎ᠠ ᠶᠢ ᠠᠬᠢᠭᠤᠯᠵᠤ᠂ ᠰᠢᠨ᠎ᠡ ᠴᠠᠭ ᠦᠶ᠎ᠡ ᠶᠢᠨ ᠪᠦᠭᠦ ᠲᠠᠯ᠎ᠠ ᠶᠢᠨ ᠪᠠᠶᠢᠯᠳᠤᠬᠤ ᠪᠣᠳᠣᠯᠭ᠎ᠠ ᠶᠢᠨ | ᠬᠠᠮᠵᠢᠯᠴᠠᠭᠠᠨ ᠤ ᠬᠠᠨᠢᠲᠠᠨ ᠤ ᠬᠠᠷᠢᠯᠴᠠᠭ᠎ᠠ ᠶᠢ ᠭᠦᠨᠵᠡᠭᠡᠶᠢᠷᠡᠭᠦᠯᠦᠨ᠎ᠡ ᠭᠡᠵᠦ ᠰᠠᠨᠠᠯ ᠨᠢᠭᠡᠲᠡᠢ ᠵᠥᠪᠰᠢᠶᠡᠷᠡᠪᠡ᠃ | 3 ᠰᠠᠷ᠎ᠠ ᠶᠢᠨ ᠮᠣᠰᠺᠸᠠ ᠲᠡᠭᠷᠢ ᠴᠡᠯᠮᠡᠭᠰᠢᠨ ᠠᠭᠤᠷ ᠠᠮᠢᠰᠬᠤᠯ ᠲᠠᠭᠠᠯᠠᠮᠵᠢᠲᠠᠢ ᠪᠠᠶᠢᠯ᠎ᠠ᠃ ᠰᠢ ᠶᠢᠨ ᠫᠢᠩ | ᠲᠡᠷᠭᠡᠨ ᠳᠤ ᠰᠠᠭᠤᠵᠤ ᠺᠷᠧᠮᠯᠢ ᠶᠢᠨ ᠣᠷᠳᠣᠨ ᠳᠤ ᠬᠦᠷᠬᠦ ᠦᠶ᠎ᠡ ᠳᠤ᠂ ᠺᠷᠧᠮᠯᠢ ᠣᠷᠳᠣᠨ ᠤ ᠵᠣᠴᠢᠨ ᠤᠭᠲᠤᠬᠤ | ᠮᠣᠷᠢᠲᠤ ᠠᠩᠭᠢ ᠵᠢᠭᠰᠠᠭᠠᠯ ᠵᠢᠭᠰᠠᠵᠤ ᠤᠭᠲᠤᠪᠠ᠂ ᠺᠷᠧᠮᠯᠢ ᠣᠷᠳᠣᠨ ᠤ ᠺᠣᠮᠠᠨᠳ᠋ᠯᠠᠭᠴᠢ ᠲᠡᠷᠭᠡᠨ ᠠᠴᠠ ᠪᠠᠭᠤᠬᠤ | ᠭᠠᠵᠠᠷ ᠲᠤ ᠤᠭᠲᠤᠪᠠ᠃ | ᠫᠦᠲ᠋ᠢᠨ ᠵᠤᠷᠵ ᠶᠡᠭᠡ ᠲᠢᠩᠬᠢᠮ ᠳᠤ ᠰᠢ ᠶᠢᠨ ᠫᠢᠩ ᠢ ᠤᠭᠲᠤᠬᠤ ᠦᠪᠡᠳᠡᠭᠰᠢ ᠶᠣᠰᠣᠯᠠᠯ ᠶᠠᠪᠤᠭᠤᠯᠪᠠ᠃ ᠰᠦᠷ | ᠵᠢᠪᠬᠤᠯᠠᠩᠲᠤ ᠵᠣᠴᠢᠨ ᠤᠭᠲᠤᠬᠤ ᠬᠥᠭᠵᠢᠮ ᠤᠨ ᠠᠶᠠᠰ ᠤᠨ ᠳᠤᠮᠳᠠ᠂ ᠰᠢ ᠶᠢᠨ ᠫᠢᠩ ᠪᠣᠯᠣᠨ ᠫᠦᠲ᠋ᠢᠨ ᠲᠣᠰ | ᠲᠤᠰ ᠵᠤᠷᠵ ᠶᠡᠭᠡ ᠲᠢᠩᠬᠢᠮ ᠤᠨ ᠬᠤᠶᠠᠷ ᠲᠠᠯ᠎ᠠ ᠠᠴᠠ ᠤᠯᠠᠭᠠᠨ ᠬᠡᠪᠢᠰ ᠤᠨ ᠳᠡᠭᠡᠭᠦᠷ ᠢᠳᠡᠷᠬᠡᠭ ᠠᠯᠬᠤᠭ᠎ᠠ ᠪᠠᠷ | ᠠᠯᠬᠤᠨ ᠶᠡᠭᠡ ᠲᠢᠩᠬᠢᠮ ᠤᠨ ᠲᠥᠪ ᠲᠤ ᠭᠦᠷᠪᠠ᠃ ᠬᠤᠶᠠᠷ ᠤᠯᠤᠰ ᠤᠨ ᠲᠡᠷᠢᠭᠦᠨ ᠭᠠᠷ ᠠᠳᠬᠤᠯᠴᠠᠵᠤ᠂ ᠬᠠᠮᠲᠤ | ᠭᠡᠷᠡᠯ ᠵᠢᠷᠤᠭ ᠲᠠᠲᠠᠭᠤᠯᠵᠤ ᠳᠤᠷᠠᠰᠬᠠᠯ ᠦᠯᠡᠳᠡᠭᠡᠪᠡ᠃ ᠴᠡᠷᠢᠭ ᠤᠨ ᠬᠥᠭᠵᠢᠮ ᠤᠨ ᠪᠦᠯᠭᠦᠮ ᠳᠤᠮᠳᠠᠳᠤ ᠤᠷᠤᠰ | ᠬᠤᠶᠠᠷ ᠤᠯᠤᠰ ᠤᠨ ᠤᠯᠤᠰ ᠤᠨ ᠰᠦᠯᠳᠡ ᠳᠠᠭᠤᠤ ᠶᠢ ᠬᠥᠭᠵᠢᠮᠳᠡᠪᠡ᠃ | | ᠲᠤᠬᠠᠢ ᠶᠢᠨ ᠭᠠᠵᠠᠷ ᠤᠨ ᠴᠠᠭ ᠢᠶᠠᠷ 3 ᠰᠠᠷ᠎ᠠ ᠶᠢᠨ 21 ᠤ ᠦᠳᠡ ᠶᠢᠨ ᠬᠤᠶᠢᠨ᠎ᠠ᠂ ᠤᠯᠤᠰ ᠤᠨ | ᠲᠡᠷᠢᠭᠦᠯᠡᠭᠴᠢ ᠰᠢ ᠶᠢᠨ ᠫᠢᠩ ᠮᠣᠰᠺᠸᠠ ᠶᠢᠨ ᠺᠧᠷᠮᠯᠢ ᠣᠷᠳᠣᠨ ᠳᠤ ᠣᠷᠣᠰ ᠤᠨ ᠶᠡᠷᠦᠩᠬᠡᠶᠢᠯᠡᠭᠴᠢ ᠫᠦᠲ᠋ᠢᠨ ᠲᠠᠢ | ᠬᠡᠯᠡᠯᠴᠡᠭᠡ ᠬᠢᠪᠡ᠃ ᠵᠢᠷᠤᠭ ᠪᠣᠯ ᠫᠦᠲ᠋ᠢᠨ ᠵᠤᠷᠵ ᠶᠡᠭᠡ ᠲᠢᠩᠬᠢᠮ ᠳᠤ ᠰᠢ ᠶᠢᠨ ᠫᠢᠩ ᠢ ᠤᠭᠲᠤᠬᠤ ᠦᠪᠡᠳᠡᠭᠰᠢ | ᠶᠣᠰᠣᠯᠠᠯ ᠶᠠᠪᠤᠭᠤᠯᠵᠤ ᠪᠠᠶᠢᠭ᠎ᠠ ᠨᠢ᠃ | ᠰᠢᠨᠬᠤᠸᠠ ᠬᠤᠷᠢᠶ᠎ᠠ ᠶᠢᠨ ᠰᠤᠷᠪᠤᠯᠵᠢᠯᠠᠬᠴᠢ ᠰᠢᠶᠧ ᠬᠤᠸᠠᠨ ᡂᠢ ᠰᠡᠭᠦᠳᠡᠷᠯᠡᠪᠡ | ᠬᠤᠶᠠᠷ ᠤᠯᠤᠰ ᠤᠨ ᠲᠡᠷᠢᠭᠦᠨ ᠤᠷᠢᠳ ᠬᠤᠵᠢᠳ ᠪᠠᠭ᠎ᠠ ᠬᠡᠪᠴᠢᠶᠡᠨ ᠤ᠂ ᠶᠡᠭᠡ ᠬᠡᠪᠴᠢᠶᠡᠨ ᠤ ᠬᠡᠯᠡᠯᠴᠡᠭᠡ | ᠬᠢᠪᠡ᠃ | ᠰᠢ ᠶᠢᠨ ᠫᠢᠩ᠂ ᠳᠤᠮᠳᠠᠳᠤ ᠤᠷᠤᠰ ᠪᠣᠯ ᠲᠤᠰ ᠲᠤᠰ ᠤᠨ ᠢᠶᠠᠨ ᠬᠠᠮᠤᠭ ᠤᠨ ᠶᠡᠭᠡ ᠬᠥᠷᠰᠢ ᠤᠯᠤᠰ ᠪᠣᠯᠣᠨ᠎ᠠ | ᠂ ᠤᠷᠤᠰ ᠯᠤᠭ᠎ᠠ ᠶᠢᠨ ᠤᠷᠳᠤ ᠬᠤᠭᠤᠴᠠᠭᠠᠨ ᠤ ᠡᠶᠡᠯᠳᠡᠭ ᠬᠥᠷᠰᠢ ᠶᠢᠨ ᠨᠥᠭᠦᠷᠰᠡᠭ ᠬᠠᠷᠢᠯᠴᠠᠭ᠎ᠠ ᠪᠠᠨ | ᠪᠠᠬᠢᠵᠢᠭᠦᠯᠦᠨ ᠬᠥᠭᠵᠢᠭᠦᠯᠬᠦ ᠨᠢ ᠲᠡᠦᠬᠡ ᠶᠢᠨ ᠯᠣᠭᠢᠭ ᠲᠠᠢ ᠨᠡᠶᠢᠴᠡᠨ᠎ᠡ᠂ ᠡᠨᠡ ᠪᠣᠯ ᠳᠤᠮᠳᠠᠳᠤ ᠶᠢᠨ ᠲᠠᠯ᠎ᠠ ᠶᠢᠨ | ᠪᠠᠶᠢᠯᠳᠤᠬᠤ ᠪᠣᠳᠣᠯᠭ᠎ᠠ ᠶᠢᠨ ᠰᠣᠩᠭᠤᠯᠲᠠ ᠪᠣᠯᠣᠨ᠎ᠠ᠂ ᠲᠦᠷ ᠴᠠᠭ ᠶᠠᠮᠠᠷ ᠨᠢᠭᠡᠨ ᠶᠠᠪᠤᠳᠠᠯ ᠠᠴᠠ ᠪᠣᠯᠵᠤ ᠬᠤᠪᠢᠷᠠᠬᠤ | ᠦᠭᠡᠢ ᠶᠤᠮ᠃ ᠪᠢ 10 ᠵᠢᠯ ᠤᠨ ᠡᠮᠦᠨ᠎ᠡ ᠣᠷᠣᠰ ᠲᠤ ᠠᠩᠬ᠎ᠠ ᠤᠳᠠᠭ᠎ᠠ ᠲᠥᠷᠥ ᠶᠢᠨ ᠶᠠᠪᠤᠳᠠᠯ ᠤᠨ | ᠠᠶᠢᠯᠴᠢᠯᠠᠯᠲᠠ ᠬᠢᠭᠰᠡᠨ ᠠᠴᠠ ᠨᠠᠭᠠᠰᠢ᠂ ᠳᠤᠮᠳᠠᠳᠤ ᠣᠷᠣᠰ ᠬᠤᠶᠠᠷ ᠲᠠᠯ᠎ᠠ ᠪᠠᠷ ᠢᠶᠠᠨ ᠬᠠᠷᠢᠯᠴᠠᠨ ᠭᠦᠨᠳᠦᠳᠭᠡᠵᠦ᠂ | ᠬᠠᠷᠢᠯᠴᠠᠨ ᠢᠲᠡᠭᠡᠯᠴᠡᠵᠦ᠂ ᠬᠠᠷᠢᠯᠴᠠᠨ ᠠᠰᠢᠭ ᠬᠦᠷᠲᠡᠭᠡᠵᠦ᠂ ᠬᠤᠶᠠᠷ ᠤᠯᠤᠰ ᠤᠨ ᠬᠠᠷᠢᠯᠴᠠᠭ᠎ᠠ ᠶᠠᠪᠤᠬᠤ ᠲᠤᠲᠤᠮ | ᠪᠠᠬᠢᠵᠢᠵᠦ᠂ ᠨᠠᠩ ᠪᠦᠭᠦ ᠲᠠᠯ᠎ᠠ ᠶᠢᠨ᠂ ᠨᠠᠩ ᠪᠣᠳᠠᠲᠠᠢ ᠶᠢ ᠡᠷᠬᠢᠮᠯᠡᠭᠰᠡᠨ᠂ ᠨᠠᠩ ᠪᠠᠶᠢᠯᠳᠤᠬᠤ ᠪᠣᠳᠣᠯᠭ᠎ᠠ ᠶᠢᠨ | ᠴᠢᠨᠠᠷᠲᠠᠢ ᠣᠨᠴᠠᠯᠢᠭ ᠢᠯᠡᠷᠡᠭᠰᠡᠨ ᠪᠠᠶᠢᠨ᠎ᠠ᠃ ᠲᠣᠰ ᠤᠳᠠᠭ᠎ᠠ ᠶᠢᠨ ᠠᠶᠢᠯᠴᠢᠯᠠᠯᠲᠠ ᠶᠢᠨ ᠬᠤᠭᠤᠴᠠᠭᠠᠨ ᠳᠤ᠂ ᠮᠠᠨ ᠤ | ᠮᠠᠰᠢᠨ ᠲᠡᠷᠭᠡᠨ ᠤ ᠠᠩᠭᠢ ᠶᠢᠨ ᠭᠦᠷᠦᠭᠰᠡᠨ ᠭᠠᠵᠠᠷ ᠢᠶᠠᠷ᠂ ᠣᠷᠣᠰ ᠤᠨ ᠮᠠᠰᠢ ᠣᠯᠠᠨ ᠢᠷᠭᠡᠨ ᠭᠠᠷ ᠡᠷᠭᠦᠨ | ᠮᠡᠨᠳᠦᠴᠢᠯᠡᠯ ᠬᠦᠷᠭᠡᠵᠦ᠂ ᠳᠤᠮᠳᠠᠳᠤ ᠣᠷᠣᠰ ᠤᠨ ᠬᠠᠷᠢᠯᠴᠠᠭ᠎ᠠ ᠪᠣᠯ ᠭᠦᠨ ᠵᠤᠵᠠᠭᠠᠨ ᠠᠷᠠᠳ ᠤᠨ ᠰᠡᠳᠬᠢᠯ ᠤᠨ | ᠰᠠᠭᠤᠷᠢ ᠲᠠᠢ ᠭᠡᠳᠡᠭ ᠢ ᠨᠠᠳᠠ ᠳᠤ ᠭᠦᠨᠵᠡᠭᠡᠢ ᠣᠶᠢᠯᠠᠭᠠᠭᠤᠯᠵᠠᠢ᠃ ᠳᠡᠯᠡᠬᠡᠢ ᠶᠢᠨ ᠪᠠᠶᠢᠳᠠᠯ ᠶᠠᠭᠠᠬᠢᠵᠤ ᠬᠤᠪᠢᠷᠠᠭᠰᠠᠨ | ᠴᠤ ᠳᠤᠮᠳᠠᠳᠤ ᠤᠷᠤᠰ ᠤᠨ ᠰᠢᠨ᠎ᠡ ᠴᠠᠭ ᠦᠶ᠎ᠡ ᠶᠢᠨ ᠪᠦᠭᠦ ᠲᠠᠯ᠎ᠠ ᠶᠢᠨ ᠪᠠᠶᠢᠯᠳᠤᠬᠤ ᠪᠣᠳᠣᠯᠭ᠎ᠠ ᠶᠢᠨ | ᠬᠠᠮᠵᠢᠯᠴᠠᠭᠠᠨ ᠤ ᠬᠠᠨᠢᠲᠠᠨ ᠤ ᠬᠠᠷᠢᠯᠴᠠᠭ᠎ᠠ ᠶᠢ ᠠᠬᠢᠭᠤᠯᠬᠤ ᠪᠠᠷ ᠳᠤᠮᠳᠠᠳᠤ ᠤᠯᠤᠰ ᠦᠷᠭᠦᠯᠵᠢᠯᠡᠨ ᠴᠢᠷᠮᠠᠶᠢᠨ᠎ᠠ᠃ | ᠮᠢᠨᠤ ᠡᠨᠡ ᠤᠳᠠᠭ᠎ᠠ ᠶᠢᠨ ᠤᠷᠤᠰ ᠲᠠᠬᠢ ᠲᠦᠷᠦ ᠶᠢᠨ ᠶᠠᠪᠤᠳᠠᠯ ᠤᠨ ᠠᠶᠢᠯᠴᠢᠯᠠᠯᠲᠠ ᠪᠣᠯ ᠨᠥᠬᠦᠷᠯᠡᠯ ᠤᠨ ᠠᠶᠠᠯᠠᠯ᠂ | ᠬᠠᠮᠲᠤᠷᠠᠯᠴᠠᠭᠠᠨ ᠤ ᠠᠶᠠᠯᠠᠯ᠂ ᠡᠩᠬᠡ ᠲᠠᠶᠢᠪᠤᠩ ᠤᠨ ᠠᠶᠠᠯᠠᠯ ᠪᠣᠯᠣᠨ᠎ᠠ᠃ ᠳᠤᠮᠳᠠᠳᠤ ᠤᠯᠤᠰ ᠳᠤᠷᠠᠲᠠᠶ᠎ᠠ | ᠣᠷᠣᠰ ᠤᠨ ᠬᠢᠨ ᠲᠠᠢ ᠬᠠᠮᠲᠤ ᠪᠠᠷ᠂ ᠤᠷᠢᠳᠤᠬᠢ ᠶᠢ ᠵᠠᠯᠭᠠᠮᠵᠢᠯᠠᠨ ᠬᠤᠶᠢᠰᠢᠬᠢ ᠳᠤ ᠵᠠᠮ ᠨᠡᠭᠡᠭᠡᠵᠦ᠂ ᠳᠤᠮᠳᠠᠳᠤ | ᠣᠷᠣᠰ ᠤᠨ ᠰᠢᠨ᠎ᠡ ᠴᠠᠭ ᠦᠶ᠎ᠡ ᠶᠢᠨ ᠪᠦᠭᠦ ᠲᠠᠯ᠎ᠠ ᠶᠢᠨ ᠪᠠᠶᠢᠯᠳᠤᠬᠤ ᠪᠣᠳᠣᠯᠭ᠎ᠠ ᠶᠢᠨ ᠬᠠᠮᠵᠢᠯᠴᠠᠭᠠᠨ ᠤ ᠬᠠᠨᠢᠲᠠᠨ ᠤ | ᠬᠠᠷᠢᠯᠴᠠᠭ᠎ᠠ ᠶᠢᠨ ᠠᠭᠤᠯᠤᠭᠳᠠᠬᠤᠨ ᠢ ᠪᠠᠶᠠᠯᠢᠭᠵᠢᠭᠤᠯᠵᠤ᠂ ᠬᠤᠶᠠᠷ ᠤᠯᠤᠰ ᠤᠨ ᠠᠷᠠᠳ ᠲᠦᠮᠡᠨ ᠳᠤ ᠨᠠᠩ ᠣᠯᠠᠨ | ᠪᠤᠶᠠᠨ ᠦᠢᠯᠡᠳᠴᠦ᠂ ᠬᠥᠮᠥᠨ ᠲᠥᠷᠥᠯᠬᠢᠲᠡᠨ ᠤ ᠳᠠᠪᠰᠢᠯᠲᠠ ᠶᠢᠨ ᠦᠢᠯᠡᠰ ᠢ ᠠᠬᠢᠭᠤᠯᠬᠤ ᠳᠤ ᠨᠠᠩ ᠶᠡᠭᠡ ᠬᠤᠪᠢ | ᠨᠡᠮᠡᠷᠢ ᠦᠵᠡᠭᠦᠯᠦᠨ᠎ᠡ ᠭᠡᠵᠦ ᠵᠢᠭᠠᠵᠤ ᠭᠠᠷᠭᠠᠪᠠ᠃ | ᠰᠢ ᠶᠢᠨ ᠫᠢᠩ᠂ ᠣᠳᠣᠬᠠᠨ ᠳᠤ ᠵᠠᠭᠤᠨ ᠵᠢᠯ ᠳᠤ ᠲᠣᠬᠢᠶᠠᠯᠳᠤᠭ᠎ᠠ ᠦᠭᠡᠢ ᠬᠤᠪᠢᠰᠤᠯᠲᠠ ᠲᠦᠷᠭᠡᠨ ᠠᠬᠢᠵᠤ᠂ | ᠤᠯᠠᠨ ᠤᠯᠤᠰ ᠤᠨ ᠬᠦᠴᠦᠨ ᠤ ᠬᠠᠷᠢᠴᠠᠯ ᠭᠦᠨᠵᠡᠭᠡᠢ ᠬᠤᠪᠢᠷᠠᠵᠤ ᠪᠠᠶᠢᠨ᠎ᠠ᠃ ᠤᠯᠠᠨ ᠤᠯᠤᠰ ᠤᠨ ᠬᠤᠯᠪᠣᠭᠠᠲᠤ | ᠪᠠᠶᠢᠭᠤᠯᠭ᠎ᠠ ᠶᠢᠨ ᠠᠶᠤᠯ ᠦᠭᠡᠢ ᠶᠢᠨ ᠵᠥᠪᠯᠡᠯ ᠤᠨ ᠪᠠᠶᠢᠩᠭᠤ ᠶᠢᠨ ᠬᠡᠷᠡᠭ ᠡᠷᠭᠢᠯᠡᠭᠴᠢ ᠤᠯᠤᠰ ᠪᠠ ᠳᠡᠯᠡᠬᠡᠢ ᠶᠢᠨ | ᠭᠤᠣᠯ ᠪᠤᠯᠬᠤ ᠲᠣᠮᠣ ᠤᠯᠤᠰ ᠪᠣᠯᠤᠭᠰᠠᠨ ᠤ ᠬᠤᠪᠢ ᠳᠤ᠂ ᠳᠤᠮᠳᠠᠳᠤ ᠤᠷᠤᠰ ᠵᠠᠶᠢᠯᠠᠭᠤᠯᠵᠤ ᠪᠣᠯᠣᠰᠢ ᠦᠭᠡᠢ | ᠬᠠᠷᠢᠭᠤᠴᠠᠯᠭ᠎ᠠ ᠲᠠᠢ ᠶᠤᠮ᠂ ᠬᠠᠮᠲᠤ ᠪᠠᠷ ᠴᠢᠷᠮᠠᠶᠢᠵᠤ᠂ ᠪᠦᠭᠦ ᠪᠥᠮᠪᠥᠷᠴᠡᠭ ᠤᠨ ᠵᠠᠰᠠᠯᠲᠠ ᠶᠢᠨ ᠳᠡᠯᠡᠬᠡᠢ | ᠨᠡᠶᠢᠭᠡᠮ ᠤᠨ ᠬᠦᠰᠡᠯ ᠡᠷᠡᠮᠡᠯᠵᠡᠯ ᠳᠤ ᠨᠡᠶᠢᠴᠡᠭᠦ ᠴᠢᠭᠯᠡᠯ ᠢᠶᠠᠷ ᠤᠷᠤᠭᠰᠢᠯᠠᠬᠤ ᠶᠢ ᠬᠥᠲᠥᠯᠥᠨ ᠵᠢᠯᠤᠭᠤᠳᠬᠤ ᠪᠠ | ᠠᠬᠢᠭᠤᠯᠵᠤ᠂ ᠬᠥᠮᠥᠨ ᠲᠥᠷᠥᠯᠬᠢᠲᠡᠨ ᠤ ᠬᠤᠪᠢ ᠵᠠᠶᠠᠭᠠᠨ ᠤ ᠬᠠᠮᠲᠤ ᠶᠢᠨ ᠴᠣᠭᠴᠠ ᠶᠢ ᠪᠠᠶᠢᠭᠤᠯᠬᠤ ᠶᠢ | ᠠᠬᠢᠭᠤᠯᠪᠠᠯ ᠵᠣᠬᠢᠨ᠎ᠠ᠃ ᠬᠤᠶᠠᠷ ᠲᠠᠯ᠎ᠠ ᠪᠠᠷ ᠢᠶᠠᠨ ᠲᠣᠰ ᠲᠣᠰ ᠤᠨ ᠭᠤᠣᠯᠯᠠᠭᠴᠢ ᠠᠰᠢᠭ ᠲᠤᠰᠠ ᠳᠤ | ᠬᠤᠯᠪᠣᠭᠳᠠᠬᠤ ᠠᠰᠠᠭᠤᠳᠠᠯ ᠳᠡᠭᠡᠷ᠎ᠡ ᠬᠠᠷᠢᠯᠴᠠᠨ ᠳᠡᠮᠵᠢᠵᠦ᠂ ᠳᠣᠲᠣᠭᠠᠳᠤ ᠵᠠᠰᠠᠭ ᠲᠤ ᠭᠠᠳᠠᠭᠠᠳᠤ ᠬᠦᠴᠦᠨ ᠤ ᠭᠠᠷ | ᠲᠦᠷᠦᠭᠦ ᠶᠢ ᠬᠠᠮᠲᠤ ᠪᠠᠷ ᠡᠰᠡᠷᠭᠦᠴᠡᠶ᠎ᠡ᠃ ᠤᠯᠠᠨ ᠤᠯᠤᠰ ᠤᠨ ᠬᠡᠷᠡᠭ ᠶᠠᠪᠤᠳᠠᠯ ᠢᠯᠠᠩᠭᠤᠶ᠎ᠠ ᠤᠯᠠᠨ ᠤᠯᠤᠰ ᠤᠨ | ᠬᠤᠯᠪᠣᠭᠠᠲᠤ ᠪᠠᠶᠢᠭᠤᠯᠭ᠎ᠠ᠂ ᠱᠠᠩᠬᠠᠢ ᠶᠢᠨ ᠬᠠᠮᠲᠤᠷᠠᠯᠴᠠᠭᠠᠨ ᠤ ᠵᠣᠬᠢᠶᠠᠨ ᠪᠠᠶᠢᠭᠤᠯᠤᠯᠲᠠ᠂ ᠠᠯᠳᠠᠨ ᠲᠣᠭᠤᠰᠭ᠋᠎ᠠ | ᠤᠯᠤᠰ ᠤᠳ ᠤᠨ ᠬᠠᠮᠲᠤᠷᠠᠯᠴᠠᠭᠠᠨ ᠤ ᠲᠣᠭᠲᠠᠴᠠ ᠵᠡᠷᠭᠡ ᠤᠯᠠᠨ ᠲᠠᠯᠠᠲᠤ ᠪᠦᠳᠦᠭᠦᠪᠴᠢ ᠲᠥᠰᠥᠪ ᠤᠨ ᠳᠣᠲᠣᠷᠠᠬᠢ | ᠣᠯᠣᠯᠴᠠᠭ᠎ᠠ ᠵᠣᠬᠢᠴᠠᠭᠤᠯᠭ᠎ᠠ ᠪᠠᠨ ᠴᠢᠩᠭᠠᠳᠬᠠᠵᠤ᠂ ᠵᠢᠩᠬᠢᠨᠢ ᠤᠯᠠᠨ ᠲᠠᠯᠠᠲᠤ ᠦᠵᠡᠯ ᠢ ᠦᠢᠯᠡᠳᠦᠯᠭᠡᠵᠢᠭᠦᠯᠵᠦ᠂ | ᠡᠵᠡᠷᠬᠡᠬᠦ ᠦᠵᠡᠯ ᠪᠣᠯᠣᠨ ᠬᠦᠴᠦᠷᠬᠡᠭᠯᠡᠯ ᠤᠨ ᠤᠯᠤᠰ ᠲᠦᠷᠦ ᠶᠢ ᠡᠰᠡᠷᠭᠦᠴᠡᠵᠦ᠂ ᠪᠦᠭᠦ ᠪᠥᠮᠪᠥᠷᠴᠡᠭ ᠤᠨ | ᠬᠢᠵᠢᠭ ᠤᠨ ᠳᠠᠷᠠᠭᠠᠬᠢ ᠠᠵᠤ ᠠᠬᠤᠢ ᠶᠢᠨ ᠰᠡᠷᠭᠦᠯᠲᠡ ᠶᠢ ᠠᠬᠢᠭᠤᠯᠵᠤ᠂ ᠤᠯᠠᠨ ᠲᠦᠢᠯᠵᠢᠬᠤ ᠬᠠᠨᠳᠤᠰᠢ ᠶᠢᠨ | ᠬᠥᠭᠵᠢᠯᠲᠡ ᠶᠢ ᠠᠬᠢᠭᠤᠯᠵᠤ᠂ ᠪᠦᠭᠦ ᠪᠥᠮᠪᠥᠷᠴᠡᠭ ᠤᠨ ᠵᠠᠰᠠᠯᠲᠠ ᠶᠢᠨ ᠰᠢᠰᠲ᠋ᠧᠮ ᠤᠨ ᠬᠤᠪᠢᠰᠤᠨ ᠲᠡᠭᠦᠯᠳᠡᠷᠵᠢᠬᠦ ᠶᠢ | ᠠᠬᠢᠭᠤᠯᠤᠶ᠎ᠠ ᠭᠡᠵᠦ ᠵᠢᠭᠠᠵᠤ ᠭᠠᠷᠭᠠᠵᠠᠢ᠃ | ᠬᠤᠶᠠᠷ ᠤᠯᠤᠰ ᠤᠨ ᠲᠡᠷᠢᠭᠦᠨ ᠬᠤᠶᠠᠷ ᠤᠯᠤᠰ ᠤᠨ ᠬᠤᠯᠪᠣᠭᠳᠠᠯ ᠪᠦᠬᠦᠢ ᠰᠠᠯᠠᠭ᠎ᠠ ᠮᠥᠴᠢᠷ ᠤᠨ | ᠬᠠᠷᠢᠭᠤᠴᠠᠯᠭᠠᠲᠠᠨ ᠤ ᠡᠯ᠎ᠡ ᠬᠦᠷᠢᠶᠡᠨ ᠤ ᠬᠠᠮᠲᠤᠷᠠᠯᠴᠠᠭᠠᠨ ᠤ ᠪᠠᠶᠢᠳᠠᠯ ᠤᠨ ᠲᠤᠬᠠᠢ ᠬᠠᠷᠢᠭᠤ ᠮᠡᠳᠡᠭᠦᠯᠦᠯᠲᠡ ᠶᠢ | ᠰᠣᠨᠣᠰᠪᠠ᠃ | ᠰᠢ ᠶᠢᠨ ᠫᠢᠩ᠂ ᠬᠤᠶᠠᠷ ᠲᠠᠯ᠎ᠠ ᠶᠢᠨ ᠬᠠᠮᠲᠤ ᠶᠢᠨ ᠴᠢᠷᠮᠠᠶᠢᠯᠭ᠎ᠠ ᠪᠠᠷ᠂ ᠬᠤᠶᠠᠷ ᠤᠯᠤᠰ ᠤᠨ ᠤᠯᠤᠰ | ᠲᠦᠷᠦ ᠶᠢᠨ ᠢᠲᠡᠭᠡᠯᠴᠡᠭᠡ᠂ ᠠᠰᠢᠭ ᠲᠤᠰᠠ ᠶᠢᠨ ᠠᠭᠤᠰᠤᠯᠴᠠᠯ᠂ ᠠᠷᠠᠳ ᠤᠨ ᠰᠡᠳᠬᠢᠯ ᠤᠨ ᠨᠡᠪᠲᠡᠷᠡᠯᠴᠡᠭᠡ | ᠲᠠᠰᠤᠷᠠᠯᠳᠡ ᠦᠭᠡᠢ ᠭᠦᠨᠵᠡᠭᠡᠶᠢᠷᠡᠵᠦ᠂ ᠠᠵᠤ ᠠᠬᠤᠢ ᠠᠷᠠᠯᠵᠢᠶ᠎ᠠ᠂ ᠪᠡᠯᠡ ᠣᠷᠣᠭᠤᠯᠤᠯᠲᠠ᠂ ᠡᠨᠧᠷᠭᠢ᠂ ᠰᠣᠶᠣᠯ | ᠢᠷᠭᠡᠨᠰᠢᠯ᠂ ᠣᠷᠣᠨ ᠨᠤᠲᠤᠭ ᠵᠡᠷᠭᠡ ᠬᠦᠷᠢᠶ᠎ᠡ ᠶᠢᠨ ᠬᠠᠮᠲᠤᠷᠠᠯᠴᠠᠭ᠎ᠠ ᠦᠷᠭᠦᠯᠵᠢᠯᠡᠨ ᠠᠬᠢᠵᠤ᠂ ᠬᠠᠮᠲᠤᠷᠠᠯᠴᠠᠭ᠎ᠠ ᠶᠢᠨ | ᠬᠦᠷᠢᠶ᠎ᠡ ᠲᠠᠰᠤᠷᠠᠯᠳᠡ ᠦᠭᠡᠢ ᠥᠷᠭᠡᠵᠢᠵᠦ᠂ ᠬᠠᠮᠲᠤ ᠶᠢᠨ ᠲᠠᠨᠢᠯᠲᠠ ᠤᠯᠠᠮ ᠴᠢᠨᠠᠭᠰᠢᠳᠠ ᠴᠢᠩᠭᠠᠷᠠᠪᠠ᠃ ᠡᠨᠡ ᠵᠢᠯ | ᠪᠣᠯ ᠳᠤᠮᠳᠠᠳᠤ ᠤᠯᠤᠰ ᠤᠨ ᠡᠪ ᠬᠠᠮᠲᠤ ᠨᠠᠮ ᠤᠨ ᠬᠤᠷᠢᠳᠤᠭᠠᠷ ᠶᠡᠭᠡ ᠬᠤᠷᠠᠯ ᠤᠨ ᠵᠣᠷᠢᠭ ᠰᠠᠨᠠᠭ᠎ᠠ ᠶᠢ ᠪᠦᠭᠦ | ᠲᠠᠯ᠎ᠠ ᠪᠠᠷ ᠲᠤᠭᠤᠰᠢᠯᠠᠭᠤᠯᠤᠨ ᠨᠠᠶᠢᠳᠠᠪᠤᠷᠢᠵᠢᠭᠤᠯᠬᠤ ᠡᠭᠢᠯᠡᠯᠲᠡ ᠶᠢᠨ ᠵᠢᠯ ᠮᠥᠨ᠂ ᠪᠢᠳᠡ ᠰᠢᠨ᠎ᠡ ᠬᠥᠭᠵᠢᠯᠲᠡ ᠶᠢᠨ | ᠪᠠᠶᠢᠷᠢᠰᠢᠯ ᠢ ᠲᠦᠷᠭᠡᠳᠬᠡᠨ ᠪᠠᠶᠢᠭᠤᠯᠵᠤ᠂ ᠴᠢᠨᠠᠷ ᠰᠠᠶᠢᠲᠠᠢ ᠬᠥᠭᠵᠢᠯᠲᠡ ᠶᠢ ᠬᠦᠴᠦᠯᠡᠨ ᠠᠬᠢᠭᠤᠯᠵᠤ᠂ ᠳᠤᠮᠳᠠᠳᠤ | ᠤᠯᠤᠰ ᠤᠨ ᠮᠠᠶ᠋ᠢᠭ ᠤᠨ ᠣᠳᠣᠬᠢᠴᠢᠯᠠᠯᠲᠠ ᠶᠢ ᠪᠦᠭᠦ ᠲᠠᠯ᠎ᠠ ᠪᠠᠷ ᠠᠬᠢᠭᠤᠯᠤᠨ᠎ᠠ᠃ ᠳᠤᠮᠳᠠᠳᠤ ᠤᠷᠤᠰ ᠤᠨ | ᠬᠠᠮᠲᠤᠷᠠᠯᠴᠠᠭᠠᠨ ᠤ ᠲᠠᠯᠳᠠ ᠬᠦᠴᠦᠨ ᠪᠠ ᠣᠷᠣᠨ ᠵᠠᠢ ᠮᠠᠰᠢ ᠶᠡᠭᠡ ᠪᠠᠶᠢᠵᠤ᠂ ᠪᠠᠶᠢᠯᠳᠤᠬᠤ ᠪᠣᠳᠣᠯᠭ᠎ᠠ ᠶᠢᠨ ᠴᠢᠨᠠᠷ᠂ | ᠨᠠᠶᠢᠳᠠᠪᠤᠷᠢᠲᠤ ᠴᠢᠨᠠᠷ᠂ ᠲᠣᠭᠲᠠᠪᠤᠷᠢᠲᠤ ᠴᠢᠨᠠᠷ ᠲᠠᠢ ᠶᠤᠮ᠃ ᠬᠤᠶᠠᠷ ᠲᠠᠯ᠎ᠠ ᠪᠠᠷ ᠢᠶᠠᠨ ᠨᠢᠭᠡᠳᠦᠯᠲᠡᠢ | ᠲᠥᠯᠥᠪᠵᠢᠭᠦᠯᠦᠨ ᠵᠣᠬᠢᠴᠠᠭᠤᠯᠬᠤ ᠪᠠᠨ ᠴᠢᠩᠭᠠᠳᠬᠠᠵᠤ᠂ ᠡᠨᠧᠷᠭᠢ᠂ ᠡᠬᠢ ᠪᠠᠶᠠᠯᠢᠭ᠂ ᠮᠠᠰᠢᠨ ᠴᠠᠭᠢᠯᠭᠠᠨ ᠤ | ᠦᠢᠯᠡᠳᠬᠦᠨ ᠵᠡᠷᠭᠡ ᠤᠯᠠᠮᠵᠢᠯᠠᠯᠲᠤ ᠠᠷᠠᠯᠵᠢᠶ᠎ᠠ ᠪᠠᠨ ᠥᠷᠭᠡᠳᠬᠡᠵᠦ᠂ ᠠᠵᠤ ᠦᠢᠯᠡᠰ ᠤᠨ ᠬᠡᠯᠬᠢᠶ᠎ᠡ ᠬᠠᠩᠭᠠᠯᠭ᠎ᠠ ᠶᠢᠨ | ᠬᠡᠯᠬᠢᠶ᠎ᠡ ᠶᠢᠨ ᠤᠶᠠᠨ ᠬᠠᠳᠠᠨ ᠴᠢᠨᠠᠷ ᠢ ᠦᠷᠭᠦᠯᠵᠢᠯᠡᠨ ᠴᠢᠩᠭᠠᠳᠬᠠᠵᠤ᠂ ᠮᠡᠳᠡᠭᠡ ᠵᠠᠩᠭᠢ ᠶᠢᠨ ᠮᠡᠷᠭᠡᠵᠢᠯ᠂ | ᠲᠣᠭᠠᠴᠢᠯᠠᠭᠰᠠᠨ ᠠᠵᠤ ᠠᠬᠤᠢ᠂ ᠬᠥᠳᠡᠭᠡ ᠠᠵᠤ ᠠᠬᠤᠢ᠂ ᠦᠢᠯᠡᠴᠢᠯᠡᠭᠡᠨ ᠤ ᠠᠷᠠᠯᠵᠢᠶ᠎ᠠ ᠵᠡᠷᠭᠡ ᠬᠦᠷᠢᠶᠡᠨ ᠤ | ᠬᠠᠮᠲᠤᠷᠠᠯᠴᠠᠭ᠎ᠠ ᠪᠠᠨ ᠥᠷᠭᠡᠳᠬᠡᠶ᠎ᠡ᠃ ᠰᠢᠨ᠎ᠡ ᠶᠢ ᠡᠭᠦᠳᠭᠦ ᠬᠦᠷᠢᠶᠡᠨ ᠤ ᠬᠠᠮᠲᠤᠷᠠᠯᠴᠠᠭ᠎ᠠ ᠪᠠᠨ ᠴᠢᠩᠭᠠᠳᠬᠠᠵᠤ᠂ | ᠬᠢᠯᠢ ᠠᠯᠤᠰᠯᠠᠭᠰᠠᠨ ᠪᠠᠷᠠᠭᠠᠨ ᠤ ᠭᠦᠢᠯᠭᠡᠭᠡᠨ ᠤ ᠲᠡᠭᠡᠭᠡᠪᠦᠷᠢ ᠶᠢ ᠰᠠᠭᠠᠳ ᠦᠭᠡᠢ ᠨᠡᠪᠲᠡᠷᠡᠭᠦᠯᠦᠶ᠎ᠡ᠃ ᠰᠣᠶᠣᠯ | ᠢᠷᠭᠡᠨᠰᠢᠯ ᠤᠨ ᠰᠣᠯᠢᠯᠴᠠᠭᠠᠨ ᠤ ᠰᠠᠭᠤᠷᠢ ᠶᠢ ᠪᠠᠬᠢᠵᠢᠭᠦᠯᠵᠦ᠂ ᠨᠥᠭᠦᠷᠰᠡᠭ ᠮᠤᠵᠢ ᠵᠧᠦ᠂ ᠨᠥᠭᠦᠷᠰᠡᠭ ᠬᠤᠳᠠ ᠶᠢᠨ | ᠰᠣᠯᠢᠯᠴᠠᠭ᠎ᠠ ᠪᠠᠨ ᠥᠷᠭᠡᠳᠬᠡᠬᠦ ᠶᠢ ᠠᠬᠢᠭᠤᠯᠵᠤ᠂ ᠳᠤᠮᠳᠠᠳᠤ ᠤᠷᠤᠰ ᠤᠨ ᠪᠡᠶ᠎ᠡ ᠶᠢᠨ ᠲᠠᠮᠢᠷ ᠤᠨ ᠰᠣᠯᠢᠯᠴᠠᠭᠠᠨ ᠤ | ᠣᠨ ᠢ ᠦᠷᠭᠦᠯᠵᠢᠯᠡᠨ ᠰᠠᠶᠢᠲᠤᠷ ᠡᠷᠭᠢᠯᠡᠵᠤ᠂ ᠬᠤᠶᠠᠷ ᠤᠯᠤᠰ ᠤᠨ ᠬᠥᠮᠥᠰ ᠤᠨ ᠶᠠᠪᠤᠯᠴᠠᠭ᠎ᠠ ᠶᠢ ᠠᠬᠢᠭᠤᠯᠬᠤ ᠳᠤ | ᠲᠦᠭᠦᠮ ᠨᠥᠬᠦᠴᠡᠯ ᠪᠦᠷᠢᠯᠳᠦᠭᠦᠯᠵᠦ ᠥᠭᠭᠦᠶ᠎ᠡ ᠭᠡᠵᠦ ᠵᠢᠭᠠᠵᠤ ᠭᠠᠷᠭᠠᠪᠠ᠃ | ᠫᠦᠲ᠋ᠢᠨ᠂ ᠤᠷᠤᠰ ᠤᠨ ᠬᠢᠨ ᠲᠡᠷᠢᠭᠦᠯᠡᠭᠴᠢ ᠰᠢ ᠶᠢᠨ ᠫᠢᠩ ᠤᠨ ᠪᠦᠷᠢᠨ ᠪᠢᠯᠧᠲ ᠢᠶᠠᠷ ᠳᠤᠮᠳᠠᠳᠤ ᠤᠯᠤᠰ ᠤᠨ | ᠤᠯᠤᠰ ᠤᠨ ᠲᠡᠷᠢᠭᠦᠯᠡᠭᠴᠢ ᠪᠠᠷ ᠳᠠᠬᠢᠨᠲᠠ ᠰᠣᠩᠭᠤᠭᠳᠠᠵᠤ᠂ ᠳᠤᠮᠳᠠᠳᠤ ᠤᠯᠤᠰ ᠤᠨ ᠰᠢᠨ᠎ᠡ ᠨᠢᠭᠡ ᠡᠭᠡᠯᠵᠢ ᠶᠢᠨ | ᠵᠠᠰᠠᠭ ᠤᠨ ᠣᠷᠳᠣᠨ ᠪᠦᠷᠢᠯᠳᠦᠭᠰᠡᠨ ᠳᠤ ᠬᠠᠯᠠᠭᠤᠨ ᠪᠠᠶᠠᠷ ᠬᠦᠷᠭᠡᠵᠦ ᠪᠠᠶᠢᠨ᠎ᠠ᠃ ᠣᠳᠣᠬᠠᠨ ᠳᠤ᠂ ᠤᠷᠤᠰ | ᠳᠤᠮᠳᠠᠳᠤ ᠶᠢᠨ ᠬᠠᠷᠢᠯᠴᠠᠭ᠎ᠠ ᠶᠢᠨ ᠬᠥᠭᠵᠢᠯᠲᠡ ᠮᠠᠰᠢ ᠰᠠᠶᠢᠨ ᠪᠠᠶᠢᠵᠤ᠂ ᠬᠤᠶᠠᠷ ᠤᠯᠤᠰ ᠤᠨ ᠡᠯ᠎ᠡ ᠬᠦᠷᠢᠶᠡᠨ ᠤ | ᠬᠠᠮᠲᠤᠷᠠᠯᠴᠠᠭ᠎ᠠ ᠲᠦᠷᠭᠡᠨ ᠠᠬᠢᠵᠤ᠂ ᠵᠠᠰᠠᠭ ᠤᠨ ᠣᠷᠳᠣᠨ᠂ ᠬᠠᠤᠯᠢ ᠲᠣᠭᠲᠠᠭᠠᠬᠤ ᠪᠠᠶᠢᠭᠤᠯᠤᠮᠵᠢ ᠵᠢᠴᠢ ᠡᠯ᠎ᠡ | ᠱᠠᠲᠤ ᠳᠠᠪᠬᠤᠷᠭ᠎ᠠ᠂ ᠡᠯ᠎ᠡ ᠬᠦᠷᠢᠶᠡᠨ ᠤ ᠰᠣᠯᠢᠯᠴᠠᠭ᠎ᠠ ᠬᠠᠮᠲᠤᠷᠠᠯᠴᠠᠭ᠎ᠠ ᠮᠠᠰᠢ ᠬᠥᠭᠵᠢᠶᠡᠨᠲᠡᠢ ᠶᠠᠪᠤᠭᠳᠠᠵᠤ᠂ ᠰᠢᠨ᠎ᠡ | ᠲᠢᠲᠢᠮᠯᠢᠭ ᠠᠭᠤᠰᠬᠢᠨ ᠦᠷᠪᠢᠰᠦᠯ ᠤᠨ ᠬᠢᠵᠢᠭ ᠤᠨ ᠪᠠᠶᠢᠳᠠᠯ ᠵᠡᠷᠭᠡ ᠨᠠᠷᠢᠨ ᠪᠤᠳᠤᠯᠢᠶᠠᠨᠲᠠᠢ ᠭᠠᠳᠠᠭᠠᠳᠤ ᠣᠷᠴᠢᠨ | ᠨᠥᠬᠦᠴᠡᠯ ᠳᠣᠣᠷ᠎ᠠ᠂ ᠤᠷᠤᠰ ᠳᠤᠮᠳᠠᠳᠤ ᠶᠢᠨ ᠬᠤᠶᠠᠷ ᠲᠠᠯ᠎ᠠ ᠶᠢᠨ ᠠᠷᠠᠯᠵᠢᠶ᠎ᠠ ᠬᠠᠨᠳᠤᠰᠢ ᠶᠢ ᠥᠭᠰᠥᠨ ᠨᠡᠮᠡᠭᠳᠡᠯ ᠢ | ᠪᠡᠶᠡᠯᠡᠭᠦᠯᠪᠡ᠃ ᠬᠤᠶᠠᠷ ᠲᠠᠯ᠎ᠠ ᠪᠠᠷ ᠢᠶᠠᠨ ᠬᠤᠶᠠᠷ ᠤᠯᠤᠰ ᠤᠨ ᠤᠳᠤ ᠶᠢᠨ ᠰᠣᠯᠢᠯᠴᠠᠭ᠎ᠠ ᠬᠢᠬᠦ ᠠᠷᠭ᠎ᠠ ᠵᠠᠮ ᠤᠨ | ᠦᠢᠯᠡᠳᠦᠯ ᠢᠶᠠᠨ ᠭᠦᠢᠴᠡᠳ ᠪᠠᠳᠠᠷᠠᠭᠤᠯᠵᠤ᠂ ᠬᠤᠶᠠᠷ ᠤᠯᠤᠰ ᠤᠨ ᠠᠵᠤ ᠠᠬᠤᠢ ᠠᠷᠠᠯᠵᠢᠶ᠎ᠠ᠂ ᠪᠡᠯᠡ | ᠣᠷᠣᠭᠤᠯᠤᠯᠲᠠ᠂ ᠡᠨᠧᠷᠭᠢ᠂ ᠰᠠᠨᠰᠠᠷ ᠤᠨ ᠠᠶᠠᠯᠠᠯ᠂ ᠬᠢᠯᠢ ᠠᠯᠤᠰᠯᠠᠭᠰᠠᠨ ᠵᠠᠮ ᠬᠠᠷᠢᠯᠴᠠᠭ᠎ᠠ ᠪᠠᠷᠠᠭᠠᠨ ᠤ ᠭᠦᠢᠯᠭᠡᠭᠡ | ᠵᠡᠷᠭᠡ ᠬᠦᠷᠢᠶᠡᠨ ᠤ ᠪᠣᠳᠠᠲᠠᠢ ᠶᠢ ᠡᠷᠬᠢᠮᠯᠡᠭᠰᠡᠨ ᠬᠠᠮᠲᠤᠷᠠᠯᠴᠠᠭ᠎ᠠ ᠰᠢᠨ᠎ᠡ ᠠᠬᠢᠴᠠ ᠲᠠᠢ ᠪᠤᠯᠬᠤ ᠶᠢ ᠠᠬᠢᠭᠤᠯᠵᠤ᠂ | ᠪᠡᠶ᠎ᠡ ᠶᠢᠨ ᠲᠠᠮᠢᠷ᠂ ᠵᠢᠭᠤᠯᠴᠢᠯᠠᠯ᠂ ᠣᠷᠣᠨ ᠨᠤᠲᠤᠭ ᠵᠡᠷᠭᠡ ᠲᠠᠯ᠎ᠠ ᠶᠢᠨ ᠰᠣᠶᠣᠯ ᠢᠷᠭᠡᠨᠰᠢᠯ ᠤᠨ ᠰᠣᠯᠢᠯᠴᠠᠭ᠎ᠠ ᠶᠢ | ᠰᠢᠨ᠎ᠡ ᠲᠦᠪᠰᠢᠨ ᠳᠤ ᠭᠦᠷᠭᠡᠭᠦ ᠶᠢ ᠬᠦᠰᠡᠵᠦ ᠪᠠᠶᠢᠨ᠎ᠠ᠃ ᠤᠷᠤᠰ ᠤᠨ ᠬᠢᠨ ᠳᠤᠮᠳᠠᠳᠤ ᠤᠯᠤᠰ ᠤᠨ ᠲᠠᠶᠢᠸᠠᠨ ᠲᠠᠢ | ᠬᠤᠯᠪᠣᠭᠳᠠᠭᠰᠠᠨ᠂ ᠰᠢᠶᠠᠩᠭᠠᠩ ᠲᠠᠢ ᠬᠤᠯᠪᠣᠭᠳᠠᠭᠰᠠᠨ᠂ ᠰᠢᠨᠵᠢᠶᠠᠩ ᠲᠠᠢ ᠬᠤᠯᠪᠣᠭᠳᠠᠭᠰᠠᠨ ᠵᠡᠷᠭᠡ ᠠᠰᠠᠭᠤᠳᠠᠯ | ᠳᠡᠭᠡᠷ᠎ᠡ ᠲᠤᠰ ᠤᠯᠤᠰ ᠤᠨ ᠢᠶᠠᠨ ᠵᠦᠢ ᠶᠣᠰᠣᠨ ᠤ ᠠᠰᠢᠭ ᠲᠤᠰᠠ ᠪᠠᠨ ᠬᠠᠮᠠᠭᠠᠯᠠᠬᠤ ᠶᠢ ᠡᠷᠡᠰ ᠳᠡᠮᠵᠢᠨ᠎ᠠ᠃ | ᠳᠤᠮᠳᠠᠳᠤ ᠤᠯᠤᠰ ᠤᠨ ᠬᠢᠨ ᠰᠠᠦ᠋ᠳᠢ ᠠᠷᠠᠪ ᠪᠣᠯᠣᠨ ᠢᠷᠠᠨ ᠤ ᠪᠡᠭᠡᠵᠢᠩ ᠳᠠᠬᠢ ᠶᠠᠷᠢᠯᠴᠠᠭ᠎ᠠ ᠶᠢᠨ ᠲᠡᠦᠬᠡᠲᠦ | ᠴᠢᠨᠠᠷᠲᠠᠢ ᠦᠷ᠎ᠡ ᠪᠦᠲᠦᠭᠡᠯ ᠣᠯᠬᠤ ᠶᠢ ᠠᠮᠵᠢᠯᠲᠠ ᠲᠠᠢ ᠠᠬᠢᠭᠤᠯᠤᠭᠰᠠᠨ ᠳᠤ ᠪᠠᠶᠠᠷ ᠬᠦᠷᠭᠡᠵᠦ ᠪᠠᠶᠢᠨ᠎ᠠ᠂ ᠡᠨᠡ ᠨᠢ | ᠳᠤᠮᠳᠠᠳᠤ ᠤᠯᠤᠰ ᠤᠨ ᠪᠦᠭᠦ ᠪᠥᠮᠪᠥᠷᠴᠡᠭ ᠤᠨ ᠲᠣᠮᠣ ᠤᠯᠤᠰ ᠪᠣᠯᠤᠭᠰᠠᠨ ᠤ ᠬᠤᠪᠢ ᠳᠠᠬᠢ ᠴᠢᠬᠤᠯᠠ ᠪᠠᠶᠢᠷᠢ | ᠰᠠᠭᠤᠷᠢ ᠪᠠ ᠢᠳᠡᠪᠬᠢᠲᠡᠢ ᠨᠥᠯᠥᠭᠡ ᠶᠢ ᠭᠦᠢᠴᠡᠳ ᠢᠯᠡᠷᠡᠭᠦᠯᠪᠡ᠃ ᠤᠷᠤᠰ ᠤᠨ ᠬᠢᠨ ᠳᠤᠮᠳᠠᠳᠤ ᠤᠯᠤᠰ ᠤᠨ | ᠢᠮᠠᠭᠲᠠ ᠤᠯᠠᠨ ᠤᠯᠤᠰ ᠤᠨ ᠬᠡᠷᠡᠭ ᠶᠠᠪᠤᠳᠠᠯ ᠳᠤ ᠪᠤᠰᠤᠳᠴᠢ ᠲᠥᠪ ᠭᠤᠣᠯᠴᠢ ᠵᠣᠭᠰᠣᠯᠲᠠ ᠶᠢ ᠪᠠᠷᠢᠮᠲᠠᠯᠠᠵᠤ | ᠪᠠᠶᠢᠬᠤ ᠶᠢ ᠮᠠᠭᠲᠠᠨ ᠰᠠᠶᠢᠰᠢᠶᠠᠵᠤ᠂ ᠳᠤᠮᠳᠠᠳᠤ ᠤᠯᠤᠰ ᠤᠨ ᠳᠤᠷᠠᠳᠤᠭᠰᠠᠨ ᠪᠦᠭᠦ ᠪᠥᠮᠪᠥᠷᠴᠡᠭ ᠤᠨ ᠠᠮᠤᠷ | ᠲᠦᠪᠰᠢᠨ ᠤ ᠰᠠᠨᠠᠭᠠᠴᠢᠯᠠᠭ᠎ᠠ᠂ ᠪᠦᠭᠦ ᠪᠥᠮᠪᠥᠷᠴᠡᠭ ᠤᠨ ᠬᠥᠭᠵᠢᠯᠲᠡ ᠶᠢᠨ ᠰᠠᠨᠠᠭᠠᠴᠢᠯᠠᠭ᠎ᠠ᠂ ᠪᠦᠭᠦ ᠪᠥᠮᠪᠥᠷᠴᠡᠭ ᠤᠨ | ᠪᠣᠯᠪᠠᠰᠤᠨ ᠤ ᠰᠠᠨᠠᠭᠠᠴᠢᠯᠠᠭ᠎ᠠ ᠶᠢ ᠳᠡᠮᠵᠢᠵᠦ᠂ ᠳᠤᠷᠠᠲᠠᠶ᠎ᠠ ᠳᠤᠮᠳᠠᠳᠤ ᠤᠯᠤᠰ ᠯᠤᠭ᠎ᠠ ᠤᠯᠠᠨ ᠤᠯᠤᠰ ᠤᠨ | ᠬᠠᠮᠵᠢᠯᠴᠠᠭ᠎ᠠ ᠪᠠᠨ ᠤᠯᠠᠮ ᠨᠢᠭᠲᠠᠷᠠᠭᠤᠯᠤᠨ᠎ᠠ ᠭᠡᠵᠦ ᠢᠯᠡᠳᠬᠡᠪᠡ᠃ | ᠬᠤᠶᠠᠷ ᠤᠯᠤᠰ ᠤᠨ ᠲᠡᠷᠢᠭᠦᠨ᠂ ᠲᠤᠰ ᠤᠳᠠᠭ᠎ᠠ ᠶᠢᠨ ᠠᠶᠢᠯᠴᠢᠯᠠᠯᠲᠠ ᠶᠢᠨ ᠬᠤᠭᠤᠴᠠᠭᠠᠨ ᠳᠤ ᠬᠤᠶᠠᠷ | ᠲᠠᠯ᠎ᠠ ᠶᠢᠨ ᠰᠣᠯᠢᠯᠴᠠᠭ᠎ᠠ ᠭᠦᠨᠵᠡᠭᠡᠢ᠂ ᠠᠭᠤᠯᠭ᠎ᠠ ᠪᠠᠶᠠᠯᠢᠭ ᠪᠥᠭᠡᠳ ᠪᠦᠭᠦ ᠲᠠᠯ᠎ᠠ ᠶᠢᠨ ᠪᠠᠶᠢᠵᠤ᠂ ᠤᠷᠤᠰ | ᠳᠤᠮᠳᠠᠳᠤ ᠶᠢᠨ ᠰᠢᠨ᠎ᠡ ᠴᠠᠭ ᠦᠶ᠎ᠡ ᠶᠢᠨ ᠪᠦᠭᠦ ᠲᠠᠯ᠎ᠠ ᠶᠢᠨ ᠪᠠᠶᠢᠯᠳᠤᠬᠤ ᠪᠣᠳᠣᠯᠭ᠎ᠠ ᠶᠢᠨ ᠬᠠᠮᠵᠢᠯᠴᠠᠭᠠᠨ ᠤ | ᠬᠠᠨᠢᠲᠠᠨ ᠤ ᠬᠠᠷᠢᠯᠴᠠᠭ᠎ᠠ ᠶᠢᠨ ᠬᠥᠭᠵᠢᠯᠲᠡ ᠳᠤ ᠰᠢᠨ᠎ᠡ ᠬᠥᠳᠡᠯᠭᠡᠭᠦ ᠬᠦᠴᠦᠨ ᠨᠡᠮᠡᠷᠢᠯᠡᠵᠡᠢ ᠭᠡᠵᠦ ᠦᠵᠡᠪᠡ᠃ | ᠬᠤᠶᠠᠷ ᠤᠯᠤᠰ ᠤᠨ ᠲᠡᠷᠢᠭᠦᠨ ᠤ ᠲᠣᠬᠢᠷᠠᠯᠴᠠᠭᠰᠠᠨ ᠬᠠᠮᠲᠤ ᠶᠢᠨ ᠲᠠᠨᠢᠯᠲᠠ ᠶᠣᠰᠣᠭᠠᠷ᠂ ᠣᠯᠣᠯᠴᠠᠭ᠎ᠠ ᠪᠠᠨ | ᠴᠢᠩᠭᠠᠳᠬᠠᠵᠤ᠂ ᠨᠢᠭᠲᠠ ᠬᠠᠮᠵᠢᠯᠴᠠᠵᠤ᠂ ᠬᠤᠶᠠᠷ ᠤᠯᠤᠰ ᠤᠨ ᠪᠣᠳᠠᠲᠠᠢ ᠶᠢ ᠡᠷᠭᠢᠮᠯᠡᠭᠦ ᠬᠠᠮᠲᠤᠷᠠᠯᠴᠠᠭ᠎ᠠ ᠶᠢᠨ ᠨᠡᠩ | ᠶᠡᠭᠡ ᠰᠢᠨ᠎ᠡ ᠬᠥᠭᠵᠢᠯᠲᠡ ᠲᠠᠢ ᠪᠤᠯᠬᠤ ᠶᠢ ᠠᠬᠢᠭᠤᠯᠵᠤ᠂ ᠬᠤᠶᠠᠷ ᠤᠯᠤᠰ ᠤᠨ ᠲᠤᠰ ᠲᠤᠰ ᠤᠨ ᠬᠥᠭᠵᠢᠯ | ᠮᠠᠨᠳᠤᠯ ᠳᠤ ᠬᠦᠴᠦᠨ ᠨᠡᠮᠡᠷᠢᠯᠡᠬᠦ ᠶᠢ ᠬᠤᠶᠠᠷ ᠤᠯᠤᠰ ᠤᠨ ᠲᠡᠷᠢᠭᠦᠨ ᠬᠤᠶᠠᠷ ᠤᠯᠤᠰ ᠤᠨ ᠬᠤᠯᠪᠣᠭᠳᠠᠯ ᠪᠦᠬᠦᠢ | ᠰᠠᠯᠠᠭ᠎ᠠ ᠮᠥᠴᠢᠷ ᠤᠨ ᠬᠢᠨ ᠳᠤ ᠬᠠᠷᠢᠭᠤᠴᠠᠭᠤᠯᠤᠨ ᠳᠠᠭᠠᠭᠠᠯᠭᠠᠪᠠ᠃ | ᠬᠤᠶᠠᠷ ᠤᠯᠤᠰ ᠤᠨ ᠲᠡᠷᠢᠭᠦᠨ ᠦᠷᠭᠦᠯᠵᠢᠯᠡᠨ ᠡᠯ᠎ᠡ ᠵᠦᠢᠯ ᠤᠨ ᠠᠷᠭ᠎ᠠ ᠭᠡᠯᠪᠡᠷᠢ ᠪᠠᠷ ᠨᠢᠭᠲᠠ | ᠣᠯᠣᠯᠴᠠᠭ᠎ᠠ ᠪᠠᠨ ᠪᠠᠲᠤᠯᠠᠵᠤ᠂ ᠳᠤᠮᠳᠠᠳᠤ ᠤᠷᠤᠰ ᠤᠨ ᠬᠠᠷᠢᠯᠴᠠᠭ᠎ᠠ ᠶᠢᠨ ᠲᠣᠭᠲᠠᠭᠤᠨ ᠢᠶᠠᠷ ᠭᠦᠭᠵᠢᠭᠦ ᠶᠢ | ᠬᠠᠮᠲᠤ ᠪᠠᠷ ᠬᠥᠲᠥᠯᠥᠨ ᠳᠠᠭᠠᠭᠤᠯᠬᠤ ᠶᠢ ᠵᠥᠪᠰᠢᠶᠡᠷᠡᠪᠡ᠃ | ᠬᠡᠯᠡᠯᠴᠡᠭᠡ ᠲᠡᠭᠦᠰᠦᠭᠰᠡᠨ ᠤ ᠲᠠᠷᠠᠭ᠎ᠠ᠂ ᠬᠤᠶᠠᠷ ᠤᠯᠤᠰ ᠤᠨ ᠲᠡᠷᠢᠭᠦᠨ ︽ᠰᠢᠨ᠎ᠡ ᠴᠠᠭ ᠦᠶ᠎ᠡ ᠶᠢᠨ ᠪᠦᠭᠦ | ᠲᠠᠯ᠎ᠠ ᠶᠢᠨ ᠪᠠᠶᠢᠯᠳᠤᠬᠤ ᠪᠣᠳᠣᠯᠭ᠎ᠠ ᠶᠢᠨ ᠬᠠᠮᠵᠢᠯᠴᠠᠭᠠᠨ ᠤ ᠬᠠᠨᠢᠲᠠᠨ ᠤ ᠬᠠᠷᠢᠯᠴᠠᠭ᠎ᠠ ᠶᠢ ᠭᠦᠨᠵᠡᠭᠡᠶᠢᠷᠡᠭᠦᠯᠬᠦ ᠲᠤᠬᠠᠢ | ᠪᠦᠭᠦᠳᠠ ᠨᠠᠶᠢᠷᠠᠮᠳᠠᠬᠤ ᠳᠤᠮᠳᠠᠳᠤ ᠠᠷᠠᠳ ᠤᠯᠤᠰ ᠪᠣᠯᠣᠨ ᠤᠷᠤᠰ ᠤᠨ ᠬᠤᠯᠪᠣᠭᠠᠨ ᠤ ᠬᠠᠮᠲᠤᠷᠠᠭᠰᠠᠨ | ᠢᠯᠡᠷᠬᠡᠶᠢᠯᠡᠯᠲᠡ︾ ᠪᠣᠯᠣᠨ ︽2030 ᠣᠨ ᠠᠴᠠ ᠡᠮᠦᠨᠡᠬᠢ ᠳᠤᠮᠳᠠᠳᠤ ᠤᠷᠤᠰ ᠤᠨ ᠠᠵᠤ ᠠᠬᠤᠢ ᠶᠢᠨ | ᠬᠠᠮᠲᠤᠷᠠᠯᠴᠠᠭᠠᠨ ᠤ ᠭᠤᠣᠯᠳᠠᠯᠭ᠎ᠠ ᠲᠠᠢ ᠴᠢᠭᠯᠡᠯ ᠤᠨ ᠬᠥᠭᠵᠢᠯᠲᠡ ᠶᠢᠨ ᠲᠥᠯᠦᠪᠵᠢᠭᠦᠯᠭᠡ ᠶᠢᠨ ᠲᠤᠬᠠᠢ ᠪᠦᠭᠦᠳᠠ | ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠲᠡᠷᠢᠭᠦᠯᠡᠭᠴᠢ ᠪᠣᠯᠣᠨ ᠤᠷᠤᠰ ᠤᠨ ᠬᠤᠯᠪᠣᠭᠠᠨ ᠤ | ᠶᠡᠷᠦᠩᠬᠡᠶᠢᠯᠡᠭᠴᠢ ᠶᠢᠨ ᠬᠠᠮᠲᠤᠷᠠᠭᠰᠠᠨ ᠢᠯᠡᠷᠬᠡᠶᠢᠯᠡᠯᠲᠡ︾ ᠳᠤ ᠭᠠᠷ ᠤᠨ ᠦᠰᠦᠭ ᠵᠢᠷᠤᠪᠠ᠃ | | ᠲᠤᠬᠠᠢ ᠶᠢᠨ ᠭᠠᠵᠠᠷ ᠤᠨ ᠴᠠᠭ ᠢᠶᠠᠷ 3 ᠰᠠᠷ᠎ᠠ ᠶᠢᠨ 21 ᠤ ᠦᠳᠡ ᠶᠢᠨ ᠬᠤᠶᠢᠨ᠎ᠠ᠂ ᠤᠯᠤᠰ ᠤᠨ | ᠲᠡᠷᠢᠭᠦᠯᠡᠭᠴᠢ ᠰᠢ ᠶᠢᠨ ᠫᠢᠩ ᠮᠣᠰᠺᠸᠠ ᠶᠢᠨ ᠺᠧᠷᠮᠯᠢ ᠣᠷᠳᠣᠨ ᠳᠤ ᠣᠷᠣᠰ ᠤᠨ ᠶᠡᠷᠦᠩᠬᠡᠶᠢᠯᠡᠭᠴᠢ ᠫᠦᠲ᠋ᠢᠨ ᠲᠠᠢ | ᠬᠡᠯᠡᠯᠴᠡᠭᠡ ᠬᠢᠪᠡ᠃ ᠵᠢᠷᠤᠭ ᠪᠣᠯ ᠬᠡᠯᠡᠯᠴᠡᠭᠡ ᠲᠡᠭᠦᠰᠦᠭᠰᠡᠨ ᠤ ᠲᠠᠷᠠᠭ᠎ᠠ᠂ ᠬᠤᠶᠠᠷ ᠤᠯᠤᠰ ᠤᠨ ᠲᠡᠷᠢᠭᠦᠨ ︽ᠰᠢᠨ᠎ᠡ | ᠴᠠᠭ ᠦᠶ᠎ᠡ ᠶᠢᠨ ᠪᠦᠭᠦ ᠲᠠᠯ᠎ᠠ ᠶᠢᠨ ᠪᠠᠶᠢᠯᠳᠤᠬᠤ ᠪᠣᠳᠣᠯᠭ᠎ᠠ ᠶᠢᠨ ᠬᠠᠮᠵᠢᠯᠴᠠᠭᠠᠨ ᠤ ᠬᠠᠨᠢᠲᠠᠨ ᠤ ᠬᠠᠷᠢᠯᠴᠠᠭ᠎ᠠ ᠶᠢ | ᠭᠦᠨᠵᠡᠭᠡᠶᠢᠷᠡᠭᠦᠯᠬᠦ ᠲᠤᠬᠠᠢ ᠪᠦᠭᠦᠳᠠ ᠨᠠᠶᠢᠷᠠᠮᠳᠠᠬᠤ ᠳᠤᠮᠳᠠᠳᠤ ᠠᠷᠠᠳ ᠤᠯᠤᠰ ᠪᠣᠯᠣᠨ ᠤᠷᠤᠰ ᠤᠨ ᠬᠤᠯᠪᠣᠭᠠᠨ ᠤ | ᠬᠠᠮᠲᠤᠷᠠᠭᠰᠠᠨ ᠢᠯᠡᠷᠬᠡᠶᠢᠯᠡᠯᠲᠡ︾ ᠪᠣᠯᠣᠨ ︽2030 ᠣᠨ ᠠᠴᠠ ᠡᠮᠦᠨᠡᠬᠢ ᠳᠤᠮᠳᠠᠳᠤ ᠤᠷᠤᠰ ᠤᠨ ᠠᠵᠤ | ᠠᠬᠤᠢ ᠶᠢᠨ ᠬᠠᠮᠲᠤᠷᠠᠯᠴᠠᠭᠠᠨ ᠤ ᠭᠤᠣᠯᠳᠠᠯᠭ᠎ᠠ ᠲᠠᠢ ᠴᠢᠭᠯᠡᠯ ᠤᠨ ᠬᠥᠭᠵᠢᠯᠲᠡ ᠶᠢᠨ ᠲᠥᠯᠦᠪᠵᠢᠭᠦᠯᠭᠡ ᠶᠢᠨ ᠲᠤᠬᠠᠢ | ᠪᠦᠭᠦᠳᠠ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠲᠡᠷᠢᠭᠦᠯᠡᠭᠴᠢ ᠪᠣᠯᠣᠨ ᠤᠷᠤᠰ ᠤᠨ ᠬᠤᠯᠪᠣᠭᠠᠨ ᠤ | ᠶᠡᠷᠦᠩᠬᠡᠶᠢᠯᠡᠭᠴᠢ ᠶᠢᠨ ᠬᠠᠮᠲᠤᠷᠠᠭᠰᠠᠨ ᠢᠯᠡᠷᠬᠡᠶᠢᠯᠡᠯᠲᠡ︾ ᠳᠤ ᠭᠠᠷ ᠤᠨ ᠦᠰᠦᠭ ᠵᠢᠷᠤᠪᠠ᠃ | ᠰᠢᠨᠬᠤᠸᠠ ᠬᠤᠷᠢᠶ᠎ᠠ ᠶᠢᠨ ᠰᠤᠷᠪᠤᠯᠵᠢᠯᠠᠬᠴᠢ ᠰᠢᠶᠧ ᠬᠤᠸᠠᠨ ᡂᠢ ᠰᠡᠭᠦᠳᠡᠷᠯᠡᠪᠡ | ᠠᠶᠢᠯᠴᠢᠯᠠᠯᠲᠠ ᠶᠢᠨ ᠬᠤᠭᠤᠴᠠᠭᠠᠨ ᠳᠤ᠂ ᠬᠤᠶᠠᠷ ᠲᠠᠯ᠎ᠠ ᠪᠠᠷ ᠢᠶᠠᠨ ᠪᠠᠰᠠ ᠬᠥᠳᠡᠭᠡ ᠠᠵᠤ ᠠᠬᠤᠢ᠂ ᠤᠢ | ᠰᠢᠭᠤᠢ᠂ ᠰᠠᠭᠤᠷᠢ ᠰᠢᠨᠵᠢᠯᠡᠬᠦ ᠤᠬᠠᠭᠠᠨ ᠤ ᠰᠤᠳᠤᠯᠭᠠᠨ᠂ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ᠂ | ᠵᠠᠭᠤᠴᠢᠯᠠᠭᠤᠷ ᠵᠡᠷᠭᠡ ᠬᠦᠷᠢᠶᠡᠨ ᠤ ᠤᠯᠠᠨ ᠵᠦᠢᠯ ᠤᠨ ᠬᠤᠶᠠᠷ ᠲᠠᠯ᠎ᠠ ᠶᠢᠨ ᠬᠠᠮᠲᠤᠷᠠᠯᠴᠠᠭᠠᠨ ᠤ ᠪᠢᠴᠢᠭ | ᠮᠠᠲ᠋ᠧᠷᠢᠶᠠᠯ ᠳᠤ ᠭᠠᠷ ᠤᠨ ᠦᠰᠦᠭ ᠵᠢᠷᠤᠪᠠ᠃ | ᠬᠤᠶᠠᠷ ᠤᠯᠤᠰ ᠤᠨ ᠲᠡᠷᠢᠭᠦᠨ ᠪᠠᠰᠠ ᠬᠠᠮᠲᠤ ᠪᠠᠷ ᠰᠤᠷᠪᠤᠯᠵᠢᠯᠠᠬᠴᠢᠳ ᠲᠠᠢ ᠠᠭᠤᠯᠵᠠᠪᠠ᠃ | ᠲᠤᠰ ᠣᠷᠣᠢ᠂ ᠫᠦᠲ᠋ᠢᠨ ᠺᠷᠧᠮᠯᠢ ᠣᠷᠳᠣᠨ ᠳᠤ ᠰᠢ ᠶᠢᠨ ᠫᠢᠩ ᠢ ᠤᠭᠲᠤᠬᠤ ᠦᠪᠡᠳᠡᠭᠰᠢ ᠶᠡᠭᠡ ᠳᠠᠶᠢᠯᠠᠯᠭ᠎ᠠ | ᠬᠢᠪᠡ᠃ | ᠼᠠᠢ ᠴᠢ᠂ ᠸᠠᠩ ᠢ᠂ ᠴᠢᠨ ᠭᠠᠩ ᠵᠢᠴᠢ ᠤᠷᠤᠰ ᠤᠨ ᠬᠤᠯᠪᠣᠭᠠᠨ ᠤ ᠵᠠᠰᠠᠭ ᠤᠨ ᠣᠷᠳᠣᠨ ᠤ ᠤᠳᠤᠷᠢᠳᠬᠤ | ᠬᠥᠮᠥᠰ ᠳᠡᠭᠡᠷᠡᠬᠢ ᠠᠵᠢᠯᠯᠠᠭ᠎ᠠ ᠳᠤ ᠣᠷᠣᠯᠴᠠᠪᠠ᠃ | |