ᠮᠤᠩᠭᠤᠯ ᠦᠨᠳᠦᠰᠦᠳᠡᠨ ᠤ ᠱᠠᠭ᠎ᠠ ᠲᠣᠭᠯᠠᠭᠠᠮ ᠤᠳ
ᠨᠡᠶᠢᠲᠡᠯᠡᠭᠰᠡᠨ ᠴᠠᠭ᠄
2023/4/14
   1.ᠵᠢᠷᠠᠨ ᠤᠷᠭᠢᠵᠤ ᠲᠤᠭᠯᠠᠬᠤ᠄ ᠵᠢᠷᠠᠨ ᠱᠠᠭ᠎ᠠ ᠶᠢ ᠲᠤᠰᠬᠠᠢ ᠪᠡᠯᠡᠳᠭᠡᠭᠰᠡᠨ ᠠᠮᠠ ᠲᠥᠷᠪᠡᠯᠵᠢᠨ ᠵᠢᠵᠢᠭ ᠠᠷᠠᠰᠤᠨ ᠲᠠᠭᠡᠷ᠎ᠠ ᠤᠷᠭᠢᠵᠥ᠂ ᠢᠵᠢᠯ ᠲᠥᠷᠰᠤ ᠪᠠᠷ ᠨᠢ ᠨᠢᠰᠠᠯᠤᠨ ᠤᠨᠤᠭᠠᠵᠤ ᠨᠠᠭᠠᠳᠳᠠᠭ᠃ ᠢᠡᠭᠭᠢᠵᠥ ᠱᠠᠭ᠎ᠠ ᠨᠢᠰᠠᠯᠬᠤ ᠳᠤ ᠪᠠᠨ ᠲᠤᠭᠳᠠᠭᠰᠠᠨ ᠲᠥᠷᠢᠮ ᠶᠤᠰᠤ ᠶᠢ ᠲᠠᠭᠠᠬᠤ ᠠᠴᠠ ᠭᠠᠳᠠᠨ᠎ᠠ᠂ ᠤᠷᠭᠢᠭᠰᠠᠨ ᠱᠠᠭ᠎ᠠ ᠨᠢ ᠲᠠᠪᠢᠰᠥᠭᠰᠡᠨ ᠭᠥᠯᠭᠡ ᠠᠴᠠ ᠭᠠᠳᠠᠭᠤᠷ ᠲᠤᠰᠪᠠᠯ ᠮᠥᠨ ᠲᠥᠷᠢᠮ ᠵᠥᠷᠢᠴᠡᠭᠰᠡᠨ ᠢᠶᠠᠷ ᠪᠤᠳᠤᠵᠤ᠂ ᠲᠠᠷᠠᠭᠠᠭᠢ ᠶᠢᠨ ᠡᠭᠡᠯᠵᠢ ᠳᠤ ᠪᠠᠨ ᠰᠢᠯᠵᠢᠭᠦᠯᠳᠡᠭ᠃    2.ᠱᠠᠭ᠎ᠠ ᠨᠢᠰᠠᠯᠵᠤ ᠲᠤᠭᠯᠠᠬᠤ᠄ ᠱᠠᠭ᠎ᠠ ᠪᠠᠨ ᠨᠠᠶᠢᠷᠠᠵᠤ ᠤᠷᠭᠢᠭᠠᠳ ᠮᠤᠷᠢ ᠶᠢ ᠮᠤᠷᠢ ᠲᠠᠢ᠂ ᠬᠤᠨᠢ ᠶᠢ ᠬᠤᠨᠢ ᠲᠠᠢ ᠭᠡᠭᠦ ᠮᠠᠳᠤ ᠠᠳᠠᠯᠢ ᠲᠥᠷᠰᠥ ᠲᠠᠢ ᠱᠠᠭ᠎ᠠ ᠶᠢ ᠬᠤᠭᠤᠷᠤᠨᠳᠤ ᠨᠢ ᠨᠢᠰᠠᠯᠤᠨ ᠤᠨᠠᠭᠠᠵᠤ᠂ ᠠᠯᠢ ᠠᠰᠢᠭᠳᠠᠢ ᠪᠠᠨ ᠥᠯᠡᠳᠡᠭᠡᠨ᠂ ᠨᠢᠭᠡ ᠶᠢ ᠨᠢ ᠠᠪᠳᠠᠭ᠃ ᠨᠢᠰᠠᠯᠤᠭᠠᠳ ᠤᠨᠤᠭᠠᠵᠤ ᠴᠢᠳᠠᠪᠠᠯ ᠥᠷᠭᠦᠯᠵᠢᠯᠠᠨ ᠨᠢᠰᠠᠯᠤᠨ᠎ᠠ᠃ ᠭᠡᠷᠪᠡ ᠤᠨᠤᠭᠠᠭᠰᠠᠨ ᠥᠭᠡᠢ ᠪᠤᠯ ᠪᠤᠰᠤᠳ ᠨᠢ ᠨᠢᠰᠠᠯᠳᠠᠭ᠃ ᠢᠡᠭᠭᠢᠭᠡᠳ ᠤᠨᠤᠭᠠᠭᠰᠠᠨ ᠲᠤᠭᠠᠨ ᠤ ᠤᠯᠠᠨ ᠴᠥᠭᠡᠨ ᠢᠶᠠᠷ ᠱᠥᠭᠦᠯᠳᠠ ᠪᠠᠨ ᠢᠯᠭᠠᠷᠠᠭᠤᠯᠳᠠᠭ᠃ ᠱᠠᠭ᠎ᠠ ᠨᠢᠰᠠᠯᠬᠤ ᠳᠤ ᠤᠯᠠᠨ ᠲᠥᠷᠢᠮ ᠶᠤᠰᠤ ᠲᠠᠢ᠃ ᠲᠤᠬᠠᠶᠢᠢᠯᠠᠪᠠᠯ᠂ ᠨᠠᠶᠢᠷᠠᠵᠤ ᠤᠷᠭᠢᠭᠰᠠᠨ ᠱᠠᠭ᠎ᠠ ᠲᠠᠪᠬᠤᠴᠠᠨ ᠲᠤᠰᠤᠭᠰᠠᠨ ᠪᠠᠶᠢᠪᠠᠯ ᠲᠡᠭᠦᠨ ᠢ ᠱᠠᠭ᠎ᠠ ᠪᠠᠷ ᠴᠤᠭᠢᠵᠤ ᠰᠠᠯᠭᠠᠬᠤ᠂ ᠨᠢᠰᠠᠯᠬᠤ ᠳᠤ ᠪᠠᠨ ᠥᠭᠡᠷ᠎ᠠ ᠱᠠᠭ᠎ᠠ ᠶᠢ ᠭᠥᠨᠳᠠᠵᠤ ᠭᠥᠳᠠᠯᠭᠡᠵᠥ ᠪᠤᠯᠬᠤ ᠥᠭᠡᠢ᠂ ᠨᠢᠰᠠᠯᠤᠭᠰᠠᠨ ᠭᠠᠷ ᠢᠶᠠᠷ ᠢᠶᠠᠨ ᠱᠠᠭ᠎ᠠ ᠪᠠᠨ ᠲᠡᠭᠦᠵᠥ ᠠᠪᠴᠤ ᠪᠤᠯᠬᠤ ᠥᠭᠡᠢ ᠭᠡᠭᠦ ᠮᠠᠳᠤ᠃    3.ᠱᠠᠭ᠎ᠠ ᠰᠢᠭᠦᠷᠭᠦ᠄ ᠱᠠᠭ᠎ᠠ ᠰᠢᠭᠦᠷᠭᠦ ︵ᠪᠤᠶᠤ ᠠᠳᠬᠤᠬᠤ︶ ᠲᠤᠭᠯᠠᠭᠠᠮ ᠨᠢ ᠤᠷᠭᠢᠵᠥ ᠨᠠᠶᠢᠷᠠᠭᠰᠠᠨ ᠱᠠᠭ᠎ᠠ ᠶᠢ ᠢᠵᠢᠯ ᠲᠥᠷᠰᠥ ᠪᠠᠷ ᠨᠢ ᠠᠳᠬᠤᠬᠤ ᠪᠤᠶᠤ ᠲᠤᠭᠳᠠᠭᠰᠠᠨ ᠲᠤᠭ᠎ᠠ ᠲᠠᠢ ᠠᠳᠬᠤᠵᠤ᠂ ᠠᠨᠳᠠᠭᠠᠶᠢᠢᠯᠠᠬᠤ᠂ ᠮᠢᠩᠭ᠎ᠠ ᠳᠤ ᠤᠷᠤᠯᠳᠤᠬᠤ᠂ ᠬᠤᠶᠠᠷ ᠴᠢᠭᠢ ᠰᠢᠭᠦᠷᠭᠦ᠂ ᠭᠤᠷᠪᠠᠯᠵᠢᠨ ᠨᠢᠳᠤ ᠪᠠ ᠵᠢᠷᠭᠤᠭᠠᠨ ᠲᠠᠯ᠎ᠠ ᠲᠤᠪᠰᠢᠬᠤ ᠵᠠᠷᠭᠡ ᠤᠯᠠᠨ ᠵᠥᠢᠯ ᠢᠶᠠᠷ ᠨᠠᠭᠠᠳᠳᠠᠭ᠃ ᠢᠡᠭᠭᠢᠭᠦ ᠳᠤ ᠪᠠᠨ ᠤᠷᠭᠢᠵᠤ ᠨᠠᠶᠢᠷᠠᠭᠰᠠᠨ ᠱᠠᠭ᠎ᠠ ᠠᠴᠠ ᠢᠯᠭᠠᠭᠳᠠᠬᠤ ᠤᠨᠴᠠ ᠲᠠᠮᠳᠡᠭ ᠲᠠᠢ ᠱᠠᠭ᠎ᠠ ᠶᠢ ᠲᠠᠭᠡᠭᠰᠢ ᠬᠠᠶᠠᠵᠤ᠂ ᠨᠠᠶᠢᠷᠠᠭᠰᠠᠨ ᠱᠠᠭ᠎ᠠ ᠪᠠᠨ ᠰᠢᠭᠦᠷᠤᠨ ᠠᠪᠴᠤ᠂ ᠲᠡᠭᠡᠭᠰᠢ ᠬᠠᠶᠠᠭᠰᠠᠨ ᠱᠠᠭ᠎ᠠ ᠶᠢ ᠪᠠᠭᠤᠵᠤ ᠢᠷᠡᠭᠦ ᠳᠤ ᠨᠢ ᠭᠠᠵᠠᠷ ᠲᠤᠰᠬᠠᠬᠤ ᠥᠭᠡᠢ ᠬᠠᠮᠳᠤ ᠳᠤ ᠨᠢ ᠠᠳᠬᠤᠨ ᠠᠪᠳᠠᠭ᠃ ᠵᠠᠷᠢᠮ ᠭᠠᠵᠠᠷ ᠱᠠᠭ᠎ᠠ ᠰᠢᠭᠦᠷᠭᠦ ᠳᠤ ᠪᠠᠨ ᠵᠢᠵᠢᠭ ᠲᠠᠮᠤᠷ ᠴᠠᠭᠠᠷᠢᠭ ᠢ ᠭᠡᠯᠭᠢᠭᠡᠳ ︽ᠰᠤᠮᠤ︾ ᠪᠤᠶᠤ ︽ᠰᠠᠮᠪᠡᠭ︾ ᠭᠡᠵᠥ ᠨᠠᠷᠠᠯᠡᠭᠡᠳ ᠲᠡᠭᠦᠨ ᠢᠶᠠᠨ ᠲᠡᠭᠡᠭᠰᠢ ᠬᠠᠶᠠᠳᠠᠭ᠃ ᠥᠢᠷ᠎ᠠ ᠥᠶ᠎ᠠ ᠳᠤ ᠪᠥᠮᠪᠦᠭᠡ ᠪᠤᠶᠤ ᠵᠢᠵᠢᠭ ᠤᠭᠤᠳᠠ ᠤᠶᠤᠭᠠᠳ ᠲᠡᠭᠦᠨ ᠢᠶᠠᠨ ᠲᠡᠭᠡᠭᠰᠢ ᠬᠠᠶᠠᠵᠤ᠂ ᠱᠠᠭ᠎ᠠ ᠰᠢᠭᠦᠷᠤᠨ ᠨᠠᠭᠠᠳᠬᠤ ᠪᠤᠯᠵᠠᠢ᠃    4.ᠭᠡᠭᠦᠥ ᠰᠠᠭᠠᠬᠤ ᠲᠤᠭᠯᠠᠭᠠᠮ᠄ ᠲᠤᠰ ᠲᠤᠭᠯᠠᠭᠠᠮ ᠨᠢ ᠬᠤᠶᠠᠷ ᠪᠤᠶᠤ ᠭᠤᠷᠪᠠᠨ ᠱᠠᠭ᠎ᠠ ᠠᠳᠬᠤᠵᠤ᠂ ᠲᠡᠭᠡᠭᠰᠢ ᠪᠠᠨ ᠰᠤᠯᠪᠢᠴᠠᠭᠤᠯᠤᠨ ᠬᠠᠶᠠᠭᠠᠳ ᠨᠢᠭᠡ ᠭᠠᠷ ᠢᠶᠠᠷ ᠢᠶᠠᠨ ᠲᠤᠰᠤᠨ ᠠᠪᠬᠤ ᠪᠤᠶᠤ ᠬᠤᠶᠠᠷ ᠭᠠᠷ ᠲᠤ ᠪᠠᠨ ᠲᠡᠭᠰᠢ ᠠᠳᠬᠤᠭᠰᠠᠨ ᠱᠠᠭ᠎ᠠ ᠪᠠᠨ ᠲᠤᠰ ᠲᠤᠰ ᠲᠤ ᠨᠢ ᠲᠡᠭᠡᠭᠰᠢ ᠪᠠᠨ ᠰᠤᠯᠪᠢᠴᠠᠭᠤᠯᠤᠨ ᠬᠠᠶᠠᠵᠤ ᠲᠤᠭᠯᠠᠬᠤ ᠶᠢ ᠭᠡᠯᠡᠨ᠎ᠠ᠃ ᠵᠠᠷᠢᠮ ᠳᠤ ᠪᠠᠨ ᠪᠠᠰᠠ ᠬᠤᠶᠠᠷ ᠭᠠᠷ ᠤᠨ ᠱᠠᠭ᠎ᠠ ᠪᠠᠨ ᠬᠠᠷᠢᠯᠴᠠᠨ ᠰᠤᠯᠪᠢᠴᠠᠭᠤᠯᠤᠨ ᠲᠤᠰᠤᠨ ᠠᠪᠴᠤ ᠲᠤᠭᠯᠠᠵᠤ ᠴᠤ ᠨᠠᠭᠠᠳᠳᠠᠭ᠃ ᠡᠶᠢᠨᠬᠦ ᠲᠤᠭᠯᠠᠵᠤ ᠪᠠᠶᠢᠭ᠎ᠠ ᠪᠠᠶᠢᠳᠠᠯ ᠨᠢ ᠭᠡᠭᠦᠥ ᠰᠠᠭᠠᠵᠤ ᠪᠠᠶᠢᠭ᠎ᠠ ᠲᠠᠢ ᠠᠳᠠᠯᠢᠪᠳᠤᠷ ᠬᠠᠷᠠᠭᠳᠠᠳᠠᠭ ᠠᠴᠠ ᠢᠡᠭᠭᠢᠵᠥ ᠨᠠᠷᠠᠯᠡᠭᠰᠡᠨ ᠶᠤᠮ᠃ ᠡᠨᠡ ᠲᠤᠭᠯᠠᠭᠠᠮ ᠢ ᠬᠤᠶᠠᠷ ᠠᠴᠠ ᠲᠡᠭᠡᠭᠰᠢ ᠭᠥᠮᠥᠨ ᠲᠤᠭᠯᠠᠳᠠᠭ ᠃ ᠲᠡᠭᠡᠭᠦ ᠳᠤ ᠪᠠᠨ ᠱᠠᠭ᠎ᠠ ᠪᠠᠨ ᠭᠥᠮᠥᠨ ᠪᠥᠷᠢ ᠲᠡᠭᠰᠢ ᠬᠤᠪᠢᠶᠠᠵᠤ ᠠᠪᠤᠭᠠᠳ ᠨᠠᠭᠠᠳᠳᠠᠭ᠃ ᠭᠡᠨ ᠨᠢ ᠠᠯᠳᠠᠬᠤ ᠥᠭᠡᠢ ᠪᠠᠷ ᠤᠳᠠᠭᠠᠨ ᠪᠥᠭᠡᠳ ᠤᠯᠠᠨ ᠬᠠᠶᠠᠵᠤ ᠬᠠᠮᠤᠭ ᠲᠥᠷᠥᠭᠦᠨ ᠳᠤ ᠲᠤᠭᠳᠠᠭᠰᠠᠨ ᠪᠠᠷᠢᠮᠵᠢᠶᠠᠨ ᠳᠤ ᠪᠠᠨ ᠭᠥᠷᠭᠡᠪᠠᠯ ᠪᠤᠰᠤᠳ ᠨᠢ ᠨᠢᠭᠡ ᠨᠢᠭᠡ ᠱᠠᠭ᠎ᠠ ᠪᠠᠷ ᠱᠠᠩ ᠥᠭᠭᠦᠨ᠎ᠠ᠃ ᠭᠡᠳᠥᠢ ᠱᠠᠭ᠎ᠠ ᠪᠠᠷ ᠪᠠᠷᠢᠮᠵᠢᠶ᠎ᠠ ᠪᠤᠯᠭᠠᠬᠤ ᠨᠢ ᠠᠳᠠᠯᠢ ᠥᠭᠡᠢ᠂ ᠨᠠᠭᠠᠳᠤᠮ ᠤᠨ ᠡᠭᠢᠨ ᠳᠤ ᠶᠠᠷᠢᠯᠴᠠᠨ ᠲᠤᠭᠳᠠᠳᠠᠭ᠃ ᠱᠠᠭ᠎ᠠ ᠪᠠᠨ ᠥᠭᠴᠤ ᠪᠠᠷᠠᠪᠠᠯ ᠲᠤᠭᠯᠠᠬᠤ ᠡᠷᠭᠡ ᠪᠠᠨ ᠬᠠᠰᠤᠭᠳᠠᠳᠠᠭ᠃ ᠢᠡᠭᠭᠢᠵᠥ ᠨᠢᠭᠡ ᠨᠢᠭᠡ ᠪᠠᠷ ᠬᠠᠰᠤᠭᠳᠠᠭᠰᠠᠭᠠᠷ ᠪᠠᠶᠢᠭᠠᠳ ᠬᠠᠮᠤᠭ ᠰᠡᠭᠦᠯ ᠳᠤ ᠪᠥᠭᠦ ᠱᠠᠭ᠎ᠠ ᠨᠢᠭᠡ ᠯᠠ ᠭᠥᠮᠥᠨ ᠤ ᠭᠠᠷ ᠲᠤ ᠴᠤᠭᠯᠠᠷᠠᠵᠤ ᠢᠯᠠᠵᠤ ᠢᠯᠠᠭᠳᠠᠭᠰᠠᠨ ᠨᠢ ᠢᠯᠭᠠᠷᠠᠳᠠᠭ᠃     5.ᠬᠠᠯᠵᠠ ᠬᠠᠷᠪᠤᠬᠤ ᠲᠤᠭᠯᠠᠭᠠᠮ᠄ ᠮᠤᠳᠤ ᠪᠤᠶᠤ ᠵᠡᠭᠡᠷ᠎ᠠ ᠶᠢᠨ ᠰᠢᠯᠪᠢ ᠶᠢᠨ ᠶᠠᠰᠤ ᠶᠢ ᠭᠤᠪᠢᠯ ᠭᠠᠷᠭᠠᠵᠤ ︽ᠰᠠᠬᠤ︾ ᠭᠡᠵᠥ ᠨᠡᠷᠡᠯᠡᠭᠦ ᠪᠠ ᠱᠠᠭ᠎ᠠ ᠶᠢ ᠨᠥᠭᠡᠯᠡᠵᠤ ᠲᠤᠭᠤᠯᠭ᠎ᠠ ᠴᠢᠳᠬᠤᠭᠰᠠᠨ ᠢᠶᠠᠨ ︽ᠰᠤᠮᠤ︾ ᠭᠡᠳᠡᠭ᠃ ᠢᠡᠭᠭᠢᠭᠡᠳ ᠵᠤᠭᠢᠬᠤ ᠵᠠᠢ ᠳᠤ ᠱᠠᠭ᠎ᠠ ᠶᠢ ᠵᠠᠷᠭᠡᠴᠡᠭᠦᠯᠥᠨ ᠲᠠᠯᠪᠢᠵᠥ᠂ ︽ᠰᠠᠬᠤ︾ ᠪᠠᠷ ᠢᠶᠠᠨ ᠬᠠᠷᠪᠤᠳᠠᠭ᠃ ᠭᠡᠨ ᠨᠢ ᠤᠯᠠᠨ ᠤᠨᠤᠭᠠᠪᠠᠯ ᠲᠠᠷᠠ ᠨᠢ ᠢᠯᠠᠭᠰᠠᠨ ᠢᠶᠠᠷ ᠪᠤᠳᠤᠨ᠎ᠠ᠃ ᠡᠨᠡ ᠨᠢ ᠤᠨᠤᠪᠴᠢ ᠰᠢᠯᠭᠠᠬᠤ ᠵᠤᠷᠢᠯᠭ᠎ᠠ ᠲᠠᠢ ᠪᠥᠭᠡᠳ ᠮᠤᠩᠭᠤᠯᠴᠤᠳ ᠤᠨ ᠡᠷ᠎ᠠ ᠶᠢᠨ ᠭᠤᠷᠪᠠᠨ ᠨᠠᠭᠠᠳᠤᠮ ᠤᠨ ᠨᠢᠭᠡ ᠪᠤᠯᠬᠤ ᠰᠤᠷ ᠬᠠᠷᠪᠤᠯᠳᠠ ᠶᠢᠨ ᠶᠤᠰᠤ ᠶᠢ ᠵᠢᠷᠤᠮᠯᠠᠭᠰᠠᠨ ᠲᠤᠭᠯᠠᠭᠠᠮ ᠪᠤᠯᠤᠨ᠎ᠠ᠃    6.ᠲᠥᠷᠪᠡᠨ ᠪᠡᠷᠭᠡ ᠲᠤᠭᠯᠠᠭᠠᠮ᠄ ᠲᠥᠷᠪᠡᠨ ᠱᠠᠭ᠎ᠠ ᠤᠷᠭᠢᠵᠥ᠂ ᠬᠤᠨᠢ᠂ ᠢᠮᠠᠭ᠎ᠠ᠂ ᠮᠤᠷᠢ᠂ ᠲᠠᠮᠡᠭᠡ ᠭᠡᠭᠦ ᠲᠥᠷᠪᠡᠨ ᠥᠭᠡᠷ᠎ᠠ ᠲᠥᠷᠰᠥ ᠲᠤᠰᠬᠬᠠᠤ ᠶᠢ ᠡᠶᠢᠨᠬᠦ ᠨᠠᠷᠠᠯᠡᠳᠡᠭ᠃ ᠢᠡᠭᠭᠢᠵᠥ ᠠᠳᠠᠯᠢ ᠪᠤᠰᠤ ᠲᠥᠷᠪᠡᠨ ᠲᠥᠷᠰᠥ ᠲᠤᠰᠬᠤ ᠨᠢ ᠬᠤᠪᠤᠷ ᠲᠤᠭᠢᠶᠠᠯᠳᠤᠳᠠᠭ ᠲᠤᠯᠨ ᠴᠠᠭᠠᠨ ᠰᠠᠷ᠎ᠠ ᠶᠢᠨ ᠰᠢᠨ᠎ᠠ ᠶᠢᠨ ᠨᠢᠭᠡᠨ ᠤ ᠥᠷᠯᠥᠭᠡ ᠰᠢᠨ᠎ᠠ ᠶᠢᠨ ᠵᠤᠯᠭᠠᠯᠳᠠ ᠶᠢᠨ ᠲᠠᠷᠠᠭ᠎ᠠ᠂ ᠲᠥᠷᠪᠡᠨ ᠪᠡᠷᠭᠡ ᠪᠠᠭᠤᠯᠭᠠᠬᠤ ᠲᠤᠭᠯᠠᠭᠠᠮ ᠲᠤᠭᠯᠠᠳᠠᠭ ᠵᠠᠩᠰᠢᠯ ᠲᠠᠢ᠃    7.ᠲᠥᠷᠪᠡᠨ ᠡᠷᠳᠠᠨᠢ ᠲᠤᠭᠯᠠᠬᠤ᠄ ᠡᠨᠡ ᠪᠤᠯ ᠭᠤᠷᠪᠠᠨ ᠱᠠᠭ᠎ᠠ ᠤᠷᠭᠢᠵᠥ᠂ ᠭᠤᠷᠪᠠᠭᠤᠯᠨ ᠪᠠᠨ ᠢᠵᠢᠯ ᠲᠥᠷᠰᠤ ᠲᠤᠰᠬᠤ ᠲᠤᠭᠯᠠᠭᠠᠮ ᠶᠤᠮ᠃ ᠢᠡᠭᠭᠢᠭᠡᠳ ᠭᠤᠷᠪᠠᠨ ᠮᠤᠷᠢ ᠲᠤᠰᠪᠠᠯ ᠠᠯᠳᠠᠨ ᠡᠷᠳᠠᠨᠢ᠂ ᠭᠤᠷᠪᠠᠨ ᠬᠤᠨᠢ ᠪᠤᠯ ᠮᠥᠡᠭᠭᠦᠨ ᠡᠷᠳᠠᠨᠢ᠂ ᠭᠤᠷᠪᠠᠨ ᠢᠮᠠᠭ᠎ᠠ ᠪᠤᠯ ᠱᠢᠷᠥᠨ ᠡᠷᠳᠠᠨᠢ᠂ ᠭᠤᠷᠪᠠᠨ ᠲᠠᠮᠡᠭᠡ ᠪᠤᠯ ᠰᠤᠪᠤᠳ ᠡᠷᠳᠠᠨᠢ ᠭᠡᠳᠡᠭ᠃     8.ᠲᠤᠭᠤᠢ ᠲᠤᠯᠤᠭ᠎ᠠ ᠨᠢᠰᠠᠯᠵᠤ ᠲᠤᠭᠯᠠᠬᠤ᠄ ᠡᠨᠡ ᠨᠢ ᠲᠤᠯᠤᠭᠠᠨ ᠱᠠᠭ᠎ᠠ ᠤᠷᠭᠢᠵᠥ᠂ ᠢᠵᠢᠯ ᠲᠥᠷᠰᠥ ᠪᠠᠷ ᠨᠢ ᠨᠢᠰᠠᠯᠬᠤ ᠨᠠᠭᠠᠳᠤᠮ ᠶᠤᠮ᠃ ᠢᠡᠭᠭᠢᠵᠥ ᠨᠠᠭᠠᠳᠬᠤ ᠳᠤ ᠪᠠᠨ ᠱᠠᠭ᠎ᠠ ᠤᠷᠭᠢᠬᠤ᠂ ᠱᠠᠭ᠎ᠠ ᠨᠢᠰᠠᠯᠵᠤ ᠪᠠᠶᠢᠭ᠎ᠠ ᠭᠥᠮᠥᠨ ᠥᠭᠡ ᠶᠠᠷᠢᠵᠥ ᠪᠤᠯᠬᠤ ᠥᠭᠡᠢ᠂ ᠭᠡᠷᠪᠠ ᠲᠤᠤᠭᠠᠷᠪᠠᠯ ᠲᠥᠷᠢᠮ ᠵᠥᠷᠢᠴᠡᠭᠰᠡᠨ ᠳᠤ ᠲᠤᠭᠠᠴᠠᠵᠤ᠂ ᠲᠠᠷᠠᠭᠠᠴᠢ ᠶᠢᠨ ᠡᠭᠡᠯᠵᠢᠨ ᠳᠤ ᠪᠠᠨ ᠰᠢᠯᠵᠢᠭᠦᠯᠳᠡᠭ᠃ ᠲᠤᠯᠤᠭᠠᠨ ᠱᠠᠭ᠎ᠠ ᠶᠢ ᠲᠤᠯᠤᠭᠠᠨ ᠡᠭᠡᠯᠵᠢᠨ ᠳᠤ ᠥᠭᠡ ᠲᠤᠤᠭᠠᠷᠤᠭᠰᠠᠨ ᠥᠭᠡᠢ ᠨᠢᠰᠠᠯᠤᠭᠰᠠᠨ ᠭᠥᠮᠥᠨ ᠢ ᠱᠥᠭᠦᠭᠰᠡᠨ ᠳᠤ ᠪᠤᠳᠤᠳᠠᠭ᠃    9. ᠢᠡᠭᠭᠡ ᠪᠤᠳᠤᠭᠤᠯᠠᠭᠤᠯᠬᠤ ᠲᠤᠭᠯᠠᠭᠠᠮ᠄ ᠵᠤᠭᠢᠬᠤ ᠲᠤᠭ᠎ᠠ ᠲᠠᠢ ᠱᠠᠭ᠎ᠠ ᠤᠷᠭᠢᠵᠥ᠂ ᠲᠠᠮᠡᠭᠡ᠂ ᠬᠤᠨᠢ ᠲᠤᠰᠤᠭᠰᠠᠨ ᠢ ᠨᠢ ᠲᠡᠭᠦᠵᠥ ᠠᠪᠤᠭᠠᠳ᠂ ᠲᠠᠮᠡᠭᠡ ᠪᠠᠨ ᠨᠢᠭᠡ ᠱᠠᠭ᠎ᠠ ᠶᠢᠨ ᠵᠠᠢ ᠲᠠᠢ ᠪᠠᠷ ᠵᠤᠭᠰᠤᠭᠠᠨ᠎ᠠ᠃ ᠬᠤᠨᠢ ᠶᠢ ᠨᠢ ᠲᠠᠮᠡᠭᠡ ᠠᠴᠠ ᠲᠥᠭᠡ ᠭᠢᠷᠢ ᠵᠠᠢ ᠳᠤ ᠵᠤᠭᠰᠤᠭᠠᠵᠤ᠂ ᠬᠤᠨᠢ ᠪᠠᠷ ᠢᠶᠠᠨ ᠲᠠᠮᠡᠭᠡ ᠶᠢ ᠬᠠᠷᠠᠯᠳᠠ ᠪᠤᠯᠭᠠᠨ ᠨᠢᠰᠠᠯᠬᠤ ᠳᠤ ᠨᠢ ᠬᠤᠶᠠᠭᠤᠯᠨ ᠪᠠᠨ ᠲᠠᠮᠡᠭᠡ ᠪᠤᠯᠵᠤ ᠪᠤᠰᠪᠠᠯ᠂ ᠲᠠᠮᠡᠭᠡ ᠪᠤᠳᠤᠭᠤᠯᠠᠪᠠ ᠭᠡᠵᠥ ᠲᠡᠭᠦᠵᠥ ᠠᠪᠳᠠᠭ᠃ ᠲᠡᠮᠡᠭᠡ ᠪᠤᠰᠬᠠᠵᠤ ᠲᠠᠶᠢᠯᠭᠦ ᠥᠭᠡᠢ ᠪᠤᠯ ᠥᠷᠭᠦᠯᠵᠢᠯᠡᠨ ᠤᠷᠭᠢᠵᠥ ᠨᠠᠭᠠᠳᠤᠨ᠎ᠠ᠃ ᠢᠡᠭᠭᠢᠭᠡᠳ ᠭᠡᠨ ᠨᠢ ᠤᠯᠠᠨ ᠲᠠᠮᠡᠭᠡ ᠪᠤᠰᠬᠠᠪᠠᠯ ᠲᠠᠷᠠ ᠨᠢ ᠱᠥᠭᠦᠳᠡᠭ᠃    10.ᠱᠠᠭ᠎ᠠ ᠲᠤᠭᠯᠠᠭᠠᠮ ᠤᠨ ᠲᠥᠷᠥᠯ ᠵᠥᠢᠯ᠄ ᠱᠠᠭ᠎ᠠ ᠲᠤᠭᠯᠠᠭᠠᠮ ᠤᠨ ᠲᠥᠷᠥᠯ ᠵᠥᠢᠯ ᠮᠠᠰᠢ ᠤᠯᠠᠨ ᠪᠠᠶᠢᠳᠠᠭ ᠃ ᠠᠳᠠᠯᠢ ᠪᠤᠰᠤ ᠭᠠᠵᠠᠷ ᠤᠷᠤᠨ ᠳᠤ ᠶᠠᠩᠵᠤ ᠪᠥᠷᠢ ᠪᠠᠷ ᠨᠠᠭᠠᠳᠴᠤ᠂ ᠱᠠᠭ᠎ᠠ ᠲᠤᠭᠯᠠᠭᠠᠮ ᠤᠨ ᠲᠥᠷᠥᠯ ᠵᠥᠢᠯ ᠢ ᠨᠠᠩ ᠪᠠᠶᠠᠯᠢᠬᠵᠢᠭᠤᠯᠤᠭᠰᠠᠨ ᠪᠠᠶᠢᠳᠠᠭ᠃ ᠤᠯᠤᠰ ᠤᠨ ᠲᠤᠳᠤᠭᠠᠳᠤ ᠭᠠᠳᠠᠭᠠᠳᠤ ᠳᠤ ᠭᠡᠪᠯᠡᠭᠳᠡᠭᠰᠡᠨ ᠨᠤᠮ ᠵᠤᠭᠢᠶᠠᠯ ᠤᠳ ᠲᠤ ᠱᠠᠭ᠎ᠠ ᠲᠤᠭᠯᠠᠭᠠᠮ ᠤᠨ ᠲᠥᠷᠥᠯ ᠵᠥᠢᠯ ᠢ ᠤᠯᠠᠨ ᠬᠤᠪᠢᠯᠪᠤᠷᠢ ᠪᠠᠷ ᠲᠠᠨᠢᠯᠴᠠᠭᠤᠯᠤᠭᠰᠠᠨ ᠶᠤᠮ᠃ ᠡᠭᠦᠨ ᠳᠤ᠂ ᠳ᠋᠊ · ᠴᠠᠭᠠᠨ ᠤ ︽ᠮᠤᠩᠭᠤᠯ ᠭᠥᠮᠥᠨ ᠤ ᠢᠵᠠᠭᠤᠷ ᠲᠤᠭᠯᠠᠭᠠᠮ — ᠱᠠᠭ᠎ᠠ︾ ᠭᠡᠭᠦ ᠪᠥᠳᠥᠭᠡᠯ ᠳᠤ 140 ᠲᠥᠷᠥᠯ ᠢ ᠰᠤᠩᠭᠤᠵᠤ ᠲᠠᠨᠢᠯᠴᠠᠭᠤᠯᠤᠭᠰᠠᠨ ᠪᠠᠶᠢᠨ᠎ᠠ᠃ ᠡ᠊ᠨᠳᠠ ᠱᠠᠭ᠎ᠠ ᠲᠤᠭᠯᠠᠭᠠᠮ ᠤᠨ ᠲᠥᠷᠥᠯ ᠵᠥᠢᠯ ᠤᠳ ᠠᠴᠠ ᠲᠥᠭᠡᠮᠡᠯ ᠲᠠᠯᠭᠡᠷᠡᠭᠰᠡᠨ ᠤᠨᠴᠠᠯᠢᠬᠳᠤ ᠵᠥᠢᠯᠠᠰ ᠢ ᠰᠤᠩᠭᠤᠵᠤ᠂ ᠱᠠᠭᠠᠯᠴᠠᠬᠤ ᠠᠭᠤᠯᠭ᠎ᠠ ᠴᠢᠭᠯᠡᠯ ᠢᠶᠠᠷ ᠨᠢ ᠥᠢᠯᠠᠳᠪᠤᠷᠢᠯᠠᠯ ᠠᠮᠢᠳᠤᠷᠠᠯ ᠤᠨ ᠤᠨᠴᠠᠯᠢᠭ ᠲᠠᠢ ᠱᠠᠭ᠎ᠠ ᠲᠤᠭᠯᠠᠭᠠᠮ᠂ ᠵᠥᠩ ᠪᠡᠯᠭᠡᠳᠠᠯ ᠤᠨ ᠰᠢᠨᠵᠢ ᠲᠠᠢ ᠱᠠᠭ᠎ᠠ ᠲᠤᠭᠯᠠᠭᠠᠮ᠂ ᠤᠬᠠᠭᠠᠨ ᠪᠢᠯᠢᠭ ᠰᠤᠷᠢᠯᠴᠠᠬᠤ ᠱᠠᠭ᠎ᠠ ᠲᠤᠭᠯᠠᠭᠠᠮ ᠭᠡᠭᠦ ᠭᠤᠷᠪᠠᠨ ᠠᠩᠭᠢᠯᠠᠯ ᠳᠤ ᠬᠤᠪᠢᠶᠠᠵᠤ ᠲᠠᠨᠢᠯᠴᠠᠭᠤᠯᠪᠠ᠃    11.ᠠᠵᠠ ᠶᠢᠨ ᠭᠠᠭᠴᠠ ᠲᠤᠭᠯᠠᠬᠤ᠄ ᠡᠭᠦᠨ ᠢ ᠭᠠᠭᠴᠠ ᠱᠠᠭ᠎ᠠ ᠪᠠᠷ ᠨᠠᠭᠠᠳᠴᠤ᠂ ᠤᠷᠤᠯᠴᠠᠭᠰᠠᠨ ᠭᠥᠮᠥᠰ ᠡᠭᠡᠯᠵᠢᠯᠠᠨ ᠤᠷᠭᠢᠳᠠᠭ᠃ ᠭᠡᠨ ᠨᠢ ᠤᠷᠢᠳᠠᠪᠠᠷ ᠮᠤᠷᠢ ᠪᠤᠰᠬᠠᠪᠠᠯ ᠲᠠᠷᠠ ᠭᠥᠮᠥᠨ ᠠᠵᠠ ᠲᠠᠢ᠂ ᠭᠡᠶᠢᠮᠤᠷᠢ ᠰᠠᠷᠭᠦᠭᠰᠡᠨ ᠭᠡᠳᠡᠭ᠃ ᠢᠯᠠᠩᠭᠤᠶ᠎ᠠ ᠮᠤᠷᠢ ᠨᠢ ᠤᠷᠭᠢᠭᠰᠠᠨ ᠡᠵᠠᠨ ᠤ ᠪᠠᠨ ᠥᠭᠡᠳᠠ ᠬᠠᠨᠳᠤᠨ ᠲᠤᠰᠤᠭᠰᠠᠨ ᠪᠤᠯ ᠵᠢᠩᠭᠢᠨᠢ ᠠᠵᠠ ᠶᠢᠨ ᠱᠥᠭᠦᠯᠳᠠ ᠭᠡᠵᠥ ᠲᠤᠩ ᠡᠷᠭᠢᠮᠯᠠᠳᠡᠭ᠃    12.ᠪᠥᠭᠡ ᠪᠠᠷᠢᠯᠳᠤᠭᠤᠯᠬᠤ ᠲᠤᠭᠯᠠᠭᠠᠮ᠄ ᠱᠠᠭ᠎ᠠ ᠨᠠᠭᠠᠳᠬᠤ ᠭᠥᠮᠥᠨ ᠥᠪᠡᠷᠰᠠᠳ ᠤᠨ ᠱᠠᠭ᠎ᠠ ᠪᠠᠨ ᠠᠷᠪᠠᠨ ᠵᠢᠷᠭᠤᠭ᠎ᠠ᠂ ᠭᠤᠴᠢᠨ ᠬᠤᠶᠠᠷ᠂ ᠵᠢᠷᠠᠨ ᠲᠥᠷᠪᠡ᠂ ᠵᠠᠭᠤ ᠬᠤᠷᠢᠨ ᠨᠠᠶᠢᠮᠠ ᠭᠡᠭᠦ ᠮᠠᠳᠤ ᠪᠠᠷ ᠲᠡᠭᠰᠢ ᠨᠤᠭᠳᠠᠪᠤᠷᠢᠳᠤ ᠲᠤᠭ᠎ᠠ ᠪᠠᠷ ᠲᠤᠰᠪᠤᠷᠢ ᠵᠠᠷᠭᠡᠴᠡᠭᠦᠯᠥᠨ ᠵᠢᠭᠰᠠᠭᠠᠵᠤ᠂ ᠪᠠᠷᠢᠯᠳᠤᠭᠤᠯᠬᠤ ᠪᠥᠭᠡ ᠪᠠᠨ ᠲᠠᠮᠳᠡᠭ ᠲᠠᠯᠪᠢᠵᠥ ᠨᠠᠶᠢᠯᠡᠭᠦᠯᠥᠨ ᠤᠷᠭᠢᠨ᠎ᠠ᠃ ᠤᠷᠭᠢᠯᠳᠠ ᠳᠤ ᠭᠡᠨ ᠤ ᠭᠢᠨᠢ ᠱᠠᠭ᠎ᠠ ᠮᠤᠷᠢ ᠲᠤᠰᠪᠠᠯ ᠲᠠᠪᠠᠭᠰᠠᠨ ᠳᠤ ᠲᠤᠭᠠᠴᠠᠵᠤ᠂ ᠨᠥᠭᠦᠭᠡ ᠡᠳᠡᠭᠡᠳ ᠤᠨ ᠢᠶᠠᠨ ᠵᠢᠭᠰᠠᠭᠠᠭᠰᠠᠨ ᠪᠥᠭᠡ ᠶᠢ ᠬᠠᠰᠤᠳᠠᠭ᠃ ᠢᠡᠭᠭᠢᠵᠥ ᠨᠤᠭᠤᠯᠤᠭ᠎ᠠ ᠪᠥᠷᠢ ᠳᠤ ᠲᠠᠪᠠᠭᠰᠠᠨ ᠪᠥᠭᠡ ᠨᠢ ᠬᠤᠴᠤᠷᠤᠭᠰᠠᠭᠠᠷ ᠲᠠᠷᠢᠭᠦᠨ᠂ ᠲᠠᠳ᠋ ᠢᠶᠠᠨ ᠰᠢᠯᠭᠠᠷᠠᠭᠤᠯᠳᠠᠭ᠃ ᠡᠨᠡ ᠲᠤᠭᠯᠠᠭᠠᠮ ᠨᠢ ᠮᠤᠩᠭᠤᠯ ᠪᠥᠭᠡ ᠶᠢᠨ ᠵᠢᠷᠤᠮ ᠶᠤᠰᠤ ᠶᠢ ᠮᠥᠷᠳᠡᠭᠰᠡᠨ ᠪᠤᠯᠬᠤᠷ᠂ ᠢᠶᠢᠨ ᠭᠦ ᠨᠠᠷᠠᠯᠡᠭᠰᠡᠨ ᠪᠢᠯᠨ᠃    13.ᠠᠷᠤᠭ᠎ᠠ ᠱᠠᠭ᠎ᠠ᠄ ᠪᠤᠭᠤ᠂ ᠲᠠᠮᠡᠭᠡ᠂ ᠥᠭᠡᠷ ᠤᠨ ᠱᠠᠭ᠎ᠠ ᠶᠢ ᠵᠠᠰᠠᠵᠤ᠂ ᠬᠤᠳᠤᠭᠤᠷ ᠲᠤ ᠨᠢ ᠲᠤᠭᠤᠯᠭ᠎ᠠ ᠴᠢᠳᠬᠤᠭᠰᠠᠨ ᠢᠶᠠᠨ ᠠᠷᠤᠭ᠎ᠠ ᠱᠠᠭ᠎ᠠ ᠪᠤᠶᠤ ᠠᠷᠭᠠᠢ ᠭᠡᠳᠡᠭ᠃ ᠢᠡᠭᠭᠢᠭᠡᠳ ᠡᠪᠤᠯ ᠤᠨ ᠤᠯᠠᠷᠢᠯ ᠮᠥᠰᠥᠨ ᠲᠡᠭᠡᠷ᠎ᠠ ᠨᠠᠭᠠᠳᠳᠠᠭ᠃ ᠡᠨᠡ ᠨᠢ ᠭᠥᠮᠥᠰ ᠤᠨ ᠬᠠᠳᠠᠭᠤᠵᠢᠯ ᠲᠠᠰᠪᠤᠷᠢ᠂ ᠤᠷᠠᠨ ᠰᠠᠮᠪᠠᠭ᠎ᠠ᠂ ᠤᠬᠠᠭᠠᠨ ᠪᠢᠯᠢᠭ ᠢ ᠰᠤᠷᠢᠭᠰᠠᠨ ᠰᠢᠨᠵᠢ ᠲᠠᠢ ᠪᠥᠭᠡᠳ ᠭᠡᠶᠢᠮᠤᠷᠢ ᠪᠠᠨ ᠰᠠᠷᠭᠦᠭᠡᠨ᠎ᠠ ᠭᠡᠵᠥ ᠶᠢᠰᠥ ᠡᠭᠢᠯᠡᠭᠦ ᠥᠶ᠎ᠠ ᠪᠠᠷ ᠨᠠᠭᠠᠳᠬᠤ ᠵᠠᠩᠰᠢᠯ ᠲᠠᠢ᠃    14. ᠭᠡᠶᠢᠮᠤᠷᠢ ᠰᠠᠷᠭᠦᠭᠡᠭᠦ ᠲᠤᠭᠯᠠᠭᠠᠮ᠄ ᠭᠡᠶᠢᠮᠤᠷᠢ ᠰᠡᠷᠭᠦᠭᠡᠭᠦ ᠱᠠᠭ᠎ᠠ ᠲᠤᠭᠯᠠᠭᠠᠮ ᠬᠤᠶᠠᠷ ᠵᠥᠢᠯ ᠪᠠᠶᠢᠳᠠᠭ᠃ ᠨᠢᠭᠡ ᠵᠥᠢᠯ ᠨᠢ ᠤᠯᠠᠨ ᠱᠠᠭ᠎ᠠ ᠶᠢ ᠡᠭᠡᠯᠵᠢ ᠪᠠᠷ ᠤᠷᠭᠢᠵᠥ᠂ ᠮᠤᠷᠢ ᠪᠤᠰᠤᠭᠰᠠᠨ ᠢ ᠨᠢ ᠲᠡᠭᠦᠵᠥ ᠠᠪᠤᠭᠠᠳ᠂ ᠭᠡᠶᠢᠮᠤᠷᠢ ᠪᠠᠨ ᠠᠳᠠᠯᠢᠳᠬᠠᠬᠤ︔ ᠨᠥᠭᠦᠭᠡ ᠵᠥᠢᠯ ᠨᠢ ᠨᠠᠭᠠᠳᠬᠤ ᠭᠥᠮᠥᠰ ᠲᠤᠰᠪᠤᠷᠢ ᠳᠤ ᠪᠠᠨ ᠨᠢᠭᠡ ᠱᠠᠭ᠎ᠠ ᠶᠢ ᠭᠡᠶᠢᠮᠤᠷᠢ ᠶᠢᠨ ᠱᠠᠭ᠎ᠠ ᠪᠠᠷ ᠲᠤᠭᠳᠠᠭᠠᠭᠠᠳ ᠲᠡᠳᠡᠭᠡᠷ ᠢᠶᠠᠨ ᠨᠠᠶᠢᠯᠡᠭᠦᠯᠵᠥ ᠤᠷᠭᠢᠨ ᠭᠡᠶᠢᠮᠤᠷᠢ ᠪᠠᠨ ᠰᠢᠯᠭᠠᠳᠠᠭ᠃    15. ᠲᠤᠭᠤᠢ ᠲᠤᠯᠤᠭ᠎ᠠ ᠨᠢᠰᠠᠯᠵᠤ ᠲᠤᠭᠯᠠᠬᠤ᠄ ᠡᠨᠡ ᠨᠢ ᠲᠤᠯᠤᠭᠠᠨ ᠱᠠᠭ᠎ᠠ ᠤᠷᠭᠢᠵᠥ᠂ ᠢᠵᠢᠯ ᠲᠥᠷᠰᠥ ᠪᠠᠷ ᠨᠢ ᠨᠢᠰᠠᠯᠬᠤ ᠨᠠᠭᠠᠳᠤᠮ ᠶᠤᠮ᠃ ᠢᠡᠭᠭᠢᠵᠥ ᠨᠠᠭᠠᠳᠬᠤ ᠳᠤ ᠪᠠᠨ ᠱᠠᠭ᠎ᠠ ᠤᠷᠭᠢᠬᠤ᠂ ᠱᠠᠭ᠎ᠠ ᠨᠢᠰᠠᠯᠵᠤ ᠪᠠᠶᠢᠭ᠎ᠠ ᠭᠥᠮᠥᠨ ᠥᠭᠡ ᠶᠠᠷᠢᠵᠥ ᠪᠤᠯᠬᠤ ᠥᠭᠡᠢ᠂ ᠭᠡᠷᠪᠠ ᠲᠤᠤᠭᠠᠷᠪᠠᠯ ᠲᠥᠷᠢᠮ ᠵᠥᠷᠢᠴᠡᠭᠰᠡᠨ ᠳᠤ ᠲᠤᠭᠠᠴᠠᠵᠤ᠂ ᠲᠠᠷᠠᠭᠠᠴᠢ ᠶᠢᠨ ᠡᠭᠡᠯᠵᠢᠨ ᠳᠤ ᠪᠠᠨ ᠰᠢᠯᠵᠢᠭᠦᠯᠳᠡᠭ᠃ ᠲᠤᠯᠤᠭᠠᠨ ᠱᠠᠭ᠎ᠠ ᠶᠢ ᠲᠤᠯᠤᠭᠠᠨ ᠡᠭᠡᠯᠵᠢᠨ ᠳᠤ ᠥᠭᠡ ᠲᠤᠤᠭᠠᠷᠤᠭᠰᠠᠨ ᠥᠭᠡᠢ ᠨᠢᠰᠠᠯᠤᠭᠰᠠᠨ ᠭᠥᠮᠥᠨ ᠢ ᠱᠥᠭᠦᠭᠰᠡᠨ ᠳᠤ ᠪᠤᠳᠤᠳᠠᠭ᠃    
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠲᠠᠮᠢᠷ ᠤᠨ ᠲᠤᠪᠴᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号