ᠪᠠᠶᠢᠨ ᠲᠠᠬᠢᠨ ᠪᠤᠴᠠᠯᠭᠠᠬᠰᠠᠨ ᠤᠰᠤ᠂ ᠬᠤᠨᠤᠭ ᠥᠨᠵᠢᠭᠰᠡᠨ ᠤᠰᠤ ᠶᠢ ᠤᠤᠭᠤᠵᠤ ᠪᠣᠯᠬᠤ ᠥᠬᠡᠶ ᠤᠤ ︖  ᠲᠤᠤᠷᠠᠬᠢ ᠶᠢ ᠦᠵᠡᠪᠡᠯ ᠮᠡᠳᠡᠴᠢᠭᠡᠨ᠎ᠡ
ᠨᠡᠶᠢᠲᠡᠯᠡᠭᠰᠡᠨ ᠴᠠᠭ᠄
2023/5/23
     ᠪᠠᠶᠢᠨ ᠲᠠᠬᠢᠨ ᠪᠤᠴᠠᠯᠭᠠᠬᠰᠠᠨ ᠤᠰᠤ᠂ ᠬᠤᠨᠤᠭ ᠥᠨᠵᠢᠭᠰᠡᠨ ᠤᠰᠤ ᠶᠢ ᠴᠤᠬᠤᠮ  ᠤᠤᠭᠤᠵᠤ  ᠪᠤᠯᠬᠤ  ᠶᠤᠮ  ᠤᠤ ᠦᠭᠡᠢ ᠤᠤ ᠭᠡᠳᠡᠭ ᠢ ᠬᠠᠮᠳᠤ ᠪᠠᠷ ᠦᠵᠡᠵᠡᠭᠡᠶ᠎ᠡ       ᠪᠢᠳᠡ ᠦᠷᠭᠦᠯᠵᠢ ︽ᠪᠠᠶᠢᠨ ᠲᠠᠬᠢᠨ ᠪᠤᠴᠠᠯᠭᠠᠬᠰᠠᠨ ᠤᠰᠤ᠂ ᠬᠤᠨᠤᠭ  ᠥᠨᠵᠢᠭᠰᠡᠨ  ᠤᠰᠤ ᠶᠢ  ᠶᠠᠭᠠᠬᠢᠭᠰᠠᠨ  ᠴᠤ ᠤᠤᠭᠤᠵᠤ ᠪᠣᠯᠬᠤ ᠥᠬᠡᠶ᠂   ᠤᠴᠢᠷ ᠨᠢ ᠳᠤᠲᠠᠭᠤ ᠠᠽᠣᠲ ᠬᠦᠴᠢᠯ ᠤᠨ ᠳᠠᠪᠤᠰᠤᠨ ᠤ ᠠᠭᠤᠯᠤᠭᠳᠠᠴᠠ ᠶᠡᠬᠡᠳᠡᠢ᠂   ᠦᠷᠭᠦᠯᠵᠢ ᠡᠶᠢᠮᠦ ᠤᠰᠤ ᠶᠢ ᠤᠤᠭᠤᠪᠠᠯ ᠬᠤᠤᠷᠳᠠᠭᠳᠠᠬᠤ ᠴᠢᠨᠠᠭᠰᠢᠯᠠᠪᠠᠯ  ᠥᠮᠡᠨ  ᠡᠪᠡᠳᠴᠢᠨ  ᠤᠯᠤᠨ᠎ᠠ︾  ᠭᠡᠵᠦ  ᠬᠡᠯᠡᠬᠦ ᠶᠢ  ᠣᠯᠵᠤ ᠰᠣᠨᠣᠰᠳᠠᠭ᠃        ᠲᠤᠷᠰᠢᠯᠲᠠ ᠶᠢᠨ ᠠᠵᠢᠯᠳᠠᠨ ᠲᠤᠰᠬᠠᠶᠢᠯᠠᠨ ᠨᠢᠭᠡᠨ  ᠲᠤᠷᠰᠢᠯᠲᠠ  ᠬᠢᠪᠡ᠂  ᠲᠡᠳᠡ  ᠵᠢᠪᠡᠷᠡᠬᠦ  ᠦᠭᠡᠢ  ᠪᠤᠯᠤᠳ ‍ᠤᠨ‌‍ᠴᠠᠬᠢᠯᠭᠠᠨ ᠬᠠᠯᠠᠭᠠᠭᠤᠷ ᠳᠡᠪᠦᠷ᠎ᠡ ᠪᠠᠷ ᠲᠦᠭᠡᠭᠡᠯ ᠤᠰᠤ ᠶᠢ ᠬᠠᠯᠠᠭᠠᠵᠤ᠂ ᠲᠤᠰ ᠲᠤᠰ ᠨᠢᠭᠡ ᠤᠳᠠᠭ᠎ᠠ᠂  5  ᠤᠳᠠᠭ᠎ᠠ᠂  10 ᠤᠳᠠᠭ᠎ᠠ ᠪᠤᠴᠠᠯᠭᠠᠬᠰᠠᠨ ᠤ ᠳᠠᠷᠠᠭ᠎ᠠ ᠴᠣᠮᠣ ᠳᠣᠲᠣᠷ᠎ᠠ ᠬᠢᠵᠦ ᠠᠶᠠᠨᠳᠠᠭᠠᠨ ᠬᠥᠷᠥᠭᠡᠵᠦ᠂ 0 ᠴᠠᠭ᠂ 24  ᠴᠠᠭ᠂  48  ᠴᠠᠭ ᠲᠠᠯᠪᠢᠭᠰᠠᠨ ᠤ ᠬᠤᠶᠢᠨ᠎ᠠ ᠤᠰᠤᠨ ᠳᠣᠲᠣᠷᠠᠬᠢ ᠳᠤᠲᠠᠭᠤ ᠠᠽᠣᠲ ᠬᠦᠴᠢᠯ ᠤᠨ ᠳᠠᠪᠤᠰᠤᠨ ᠤ ᠠᠭᠤᠯᠤᠭᠳᠠᠴᠠ ᠶᠢ ᠲᠤᠰ  ᠲᠤᠰ ᠰᠢᠯᠭᠠᠨ ᠪᠠᠶᠢᠴᠠᠭᠠᠵᠠᠶ᠃       ᠲᠤᠷᠰᠢᠯᠲᠠ ᠠᠴᠠ᠂ ᠬᠠᠯᠠᠭᠠᠵᠤ ᠪᠤᠴᠠᠯᠭᠠᠬᠤ ᠶᠢ ᠳᠠᠭᠠᠯᠳᠤᠨ᠂ ᠤᠰᠤᠨ ᠳᠣᠲᠣᠷᠠᠬᠢ  ᠳᠤᠲᠠᠭᠤ ᠠᠽᠣᠲ  ᠬᠦᠴᠢᠯ ᠤᠨ ᠳᠠᠪᠤᠰᠤᠨ ᠤ ᠠᠭᠤᠯᠤᠭᠳᠠᠴᠠ ᠵᠢᠭᠠᠬᠠᠨ ᠨᠡᠮᠡᠭᠳᠡᠬᠦ ᠬᠠᠨᠳᠤᠰᠢ ᠲᠠᠢ ᠪᠠᠶᠢᠬᠰᠠᠨ ᠪᠤᠯᠪᠠᠴᠤ 48  ᠴᠠᠭ  ᠲᠠᠯᠪᠢᠭᠰᠠᠨ ᠤ  ᠳᠠᠷᠠᠭ᠎ᠠ ᠳᠤᠲᠠᠭᠤ ᠠᠽᠣᠲ ᠬᠦᠴᠢᠯ ᠤᠨ ᠳᠠᠪᠤᠰᠤᠨ ᠤ ᠠᠭᠤᠯᠤᠭᠳᠠᠴᠠ ᠬᠠᠮᠤᠭ ᠤᠨ ᠥᠨᠳᠥᠷ ᠲᠡᠭᠡᠨ 0 014 mg / L ᠪᠠᠶᠢᠬᠤ ᠶᠢ ᠣᠯᠵᠤ ᠮᠡᠳᠡᠪᠡ᠂ ᠬᠡᠳᠡᠯ᠎ᠡ ᠡᠨᠡ ᠨᠢ ᠮᠠᠨ ᠤ ᠤᠯᠤᠰ ᠤᠨ ᠤᠯᠤᠰ ᠤᠨ ᠪᠠᠷᠢᠮᠵᠢᠶᠠᠲᠤ ᠠᠮᠢᠳᠤᠷᠠᠯ ᠤᠨ ᠤᠤᠭᠤᠬᠤ ᠤᠰᠤᠨ ᠤ ᠳᠣᠲᠣᠷᠠᠬᠢ 1 mg / L ᠳᠤᠲᠠᠭᠤ ᠠᠽᠣᠲ ᠬᠦᠴᠢᠯ ᠤᠨ ᠳᠠᠪᠤᠰᠤᠨ ᠤ ᠯᠠᠪᠯᠠᠯᠲᠠ ᠶᠢᠨ ᠬᠦᠢᠴᠡᠳᠭᠡᠯ ᠲᠤᠭ᠎ᠠ ᠶᠢᠨ ᠬᠢᠵᠠᠭᠠᠷ ᠬᠡᠮᠵᠢᠭᠳᠡᠯ ᠠᠴᠠ ᠪᠠᠰᠠ ᠮᠠᠰᠢ ᠬᠤᠯᠠ ᠪᠠᠶᠢᠭᠰᠠᠭᠠᠷ᠂ ᠡᠶᠢᠮᠦ ᠠᠴᠠ ᠡᠨᠡ  ᠲᠠᠯ᠎ᠠ ᠠᠴᠠ  ᠠᠪᠴᠤ  ᠬᠡᠯᠡᠪᠡᠯ᠂  ︽ᠪᠠᠶᠢᠨ  ᠲᠠᠬᠢᠨ ᠪᠤᠴᠠᠯᠭᠠᠬᠰᠠᠨ ᠤᠰᠤ︾᠂ ︽ᠬᠤᠨᠤᠭ ᠥᠨᠵᠢᠭᠰᠡᠨ ᠤᠰᠤ︾ ᠭᠡᠳᠡᠭ ᠢ ᠰᠠᠨᠠᠭ᠎ᠠ ᠠᠮᠤᠷ ᠤᠤᠭᠤᠵᠤ ᠪᠣᠯᠤᠨ᠎ᠠ᠃        ᠡᠳᠦᠷ ᠲᠤ 8 ᠴᠣᠮᠣ ᠤᠰᠤ ᠤᠤᠭᠤᠵᠤ ᠪᠠᠶᠢᠨ᠎ᠠ ᠤᠤ︖ ᠲᠠ  ᠪᠠᠷᠤᠭ  ᠪᠤᠷᠤᠭᠤ  ᠤᠤᠭᠤᠵᠤ  ᠪᠠᠶᠢᠵᠤ  ᠮᠠᠭᠠᠳ‌ᠦᠭᠡᠢ︕       ᠵᠠᠷᠢᠮ ᠰᠤᠳᠤᠯᠭᠠᠨ ᠤ ᠢᠯᠡᠷᠡᠭᠦᠯᠦᠭᠰᠡᠨ ᠢᠶᠠᠷ᠂ ᠡᠳᠦᠷ ᠪᠦᠷᠢ 8 ᠴᠣᠮᠣ ᠤᠰᠤ ︵ᠪᠠᠷᠤᠭ 2 ᠯᠢᠲᠷ︶ ᠤᠤᠭᠤᠬᠤ   ᠶᠢ ᠲᠠᠨᠢᠯᠴᠠᠭᠤᠯᠤᠭᠰᠠᠨ ᠬᠡᠮᠵᠢᠶ᠎ᠡ ᠨᠢ ᠣᠯᠠᠩᠬᠢ ᠬᠥᠮᠦᠨ ᠳᠤ ᠠᠪᠴᠤ ᠬᠡᠯᠡᠪᠡᠯ ᠬᠡᠲᠦ  ᠥᠨᠳᠥᠷ᠂  ᠣᠯᠠᠩᠬᠢ  ᠬᠥᠮᠦᠨ ᠤ  ᠵᠢᠩᠬᠢᠨᠢ ᠤᠰᠤ ᠬᠡᠷᠡᠭᠰᠡᠬᠦ  ᠬᠡᠮᠵᠢᠶ᠎ᠡ ᠠᠴᠠ ᠳᠠᠪᠠᠭᠰᠠᠨ ᠪᠠᠶᠢᠵᠤ ᠮᠡᠳᠡᠨ᠎ᠡ᠃ ᠲᠡᠷᠡᠴᠢᠯᠡᠨ ᠠᠳᠠᠯᠢ ᠪᠤᠰᠤ ᠨᠠᠰᠤᠨ ᠤ ᠬᠦᠮᠦᠨ᠂ ᠠᠳᠠᠯᠢ ᠪᠤᠰᠤ ᠬᠦᠢᠰᠦ ᠪᠦᠬᠦᠢ ᠬᠦᠮᠦᠨ᠂ ᠠᠳᠠᠯᠢ ᠪᠤᠰᠤ ᠭᠠᠵᠠᠷ ᠣᠷᠣᠨ ᠤ ᠬᠥᠮᠦᠨ ᠤ ᠬᠡᠷᠡᠭᠰᠡᠬᠦ  ᠤᠰᠤᠨ ᠤ  ᠬᠡᠮᠵᠢᠶ᠎ᠡ ᠨᠢ  ᠪᠠᠰᠠ  ᠠᠳᠠᠯᠢ ᠪᠤᠰᠤ ᠶᠤᠮ᠃         ᠲᠠᠨ ᠤ ᠪᠠᠷᠢᠮᠲᠠᠯᠠᠭᠰᠠᠭᠠᠷ ᠢᠷᠡᠭᠰᠡᠨ ᠤᠰᠤ ᠤᠤᠭᠤᠬᠤ ᠵᠠᠷᠴᠢᠮ ᠴᠢᠨᠢ ᠪᠤᠷᠤᠭᠤ ᠪᠠᠶᠢᠵᠤ ᠮᠠᠭᠠᠳ ᠦᠭᠡᠢ︕         1. ᠪᠠᠶᠢᠨ ᠲᠠᠬᠢᠨ ᠪᠤᠴᠠᠯᠭᠠᠬᠰᠠᠨ ᠤᠰᠤ᠂ ᠬᠤᠨᠤᠭ ᠥᠨᠵᠢᠭᠰᠡᠨ ᠤᠰᠤ ᠶᠢ ᠤᠤᠭᠤᠵᠤ ᠪᠣᠯᠬᠤ ᠥᠬᠡᠶ ᠭᠡᠳᠡᠭ   ᠨᠢ— ᠪᠤᠷᠤᠭᠤ        2. ᠬᠠᠨᠢᠶᠠᠳᠤ ᠲᠠᠬᠰᠢᠭᠤᠷ ᠬᠦᠷᠦᠭᠰᠡᠨ ᠤ ᠳᠠᠷᠠᠭ᠎ᠠ ᠶᠡᠭᠡ  ᠬᠡᠮᠵᠢᠶᠡᠨ ᠤ  ᠤᠰᠤ  ᠤᠤᠭᠤᠪᠠᠯ  ᠰᠠᠶᠢᠨ  ᠪᠣᠯᠬᠤ ᠨᠢ ᠬᠤᠷᠳᠤᠨ ᠭᠡᠳᠡᠭ ᠨᠢ — ᠪᠤᠷᠤᠭᠤ         3. ᠰᠤᠯᠠᠪᠳᠤᠷ ᠱᠦᠯᠲᠦᠯᠢᠭ ᠤᠰᠤ ᠤᠤᠭᠤᠪᠠᠯ ᠨᠡᠩ ᠡᠷᠡᠭᠦᠯ ᠮᠡᠨᠳᠦ ᠪᠤᠯᠳᠠᠭ ᠭᠡᠳᠡᠭ ᠨᠢ — ᠪᠤᠷᠤᠭᠤ           4. ᠬᠤᠭᠤᠯᠠᠨ ᠠᠴᠠ ᠡᠮᠦᠨ᠎ᠡ ᠤᠰᠤ ᠤᠤᠭᠤᠪᠠᠯ ᠮᠠᠷᠢᠶ᠎ᠠ ᠰᠢᠭᠤᠷᠠᠭᠤᠯᠤᠨ᠎ᠠ ᠭᠡᠳᠡᠭ ᠨᠢ — ᠪᠤᠷᠤᠭᠤ           5. ᠦᠷᠭᠦᠯᠵᠢ ᠴᠡᠪᠡᠷ ᠤᠰᠤ ᠤᠤᠭᠤᠪᠠᠯ ᠪᠡᠶ᠎ᠡ ᠳᠤ ᠡᠷᠦᠳᠡᠰᠦ ᠳᠤᠲᠠᠨ᠎ᠠ ᠭᠡᠳᠡᠭ ᠨᠢ — ᠪᠤᠷᠤᠭᠤ           ᠡᠨᠡ 5 ᠵᠦᠢᠯ ᠢ ᠴᠡᠭᠡᠵᠢᠯᠡᠵᠦ ᠤᠰᠤ ᠶᠢ ᠵᠦᠪ ᠢᠶᠠᠷ ᠤᠤᠭᠤᠭᠠᠷᠠᠢ        1. ᠤᠮᠳᠠᠭᠠᠰᠤᠮᠠᠨᠵᠢᠨ ᠰᠠᠶ᠋ᠢ ᠤᠰᠤ ᠤᠤᠭᠤᠬᠤ ᠶᠢ ᠲᠡᠪᠴᠢᠭᠡᠷᠡᠢ       2. ᠤᠰᠤᠨ ᠤ ᠬᠠᠯᠠᠭᠤᠨ 35 °C~40 °C ᠪᠠᠶᠢᠬᠤ ᠳᠤ ᠤᠤᠭᠤᠬᠤ ᠳᠤ ᠬᠠᠮᠤᠭ ᠲᠣᠬᠢᠷᠠᠮᠵᠢᠲᠠᠶ           3.ᠪᠠᠭ᠎ᠠ ᠪᠠᠭ᠎ᠠ ᠪᠠᠷ ᠣᠭᠤᠴᠢᠵᠤ ᠤᠤᠭᠤ᠂ ᠪᠢᠲᠡᠭᠡᠢ ᠨᠢᠭᠡ ᠯᠡ ᠲᠡᠭᠡᠷ᠎ᠡ  ᠴᠢᠳᠬᠤᠵᠤ  ᠪᠠᠶᠢᠭ᠎ᠠ  ᠰᠢᠭ  ᠲᠦᠷᠭᠡᠨ ᠤᠤᠭᠤᠭᠠᠷᠠᠢ         4. ᠶᠠᠭᠠᠬᠢᠭᠰᠠᠨ ᠴᠤ ᠤᠮᠳᠠᠭᠠᠨ ᠢᠶᠠᠷ ᠤᠰᠤ ᠶᠢ ᠣᠷᠣᠯᠠᠭᠤᠯᠵᠤ ᠪᠣᠯᠬᠤ ᠦᠭᠡᠢ᠃         5.ᠡᠳᠦᠷ ᠬᠠᠯᠠᠭᠤᠨ ᠪᠠᠶᠢᠬᠰᠠᠨ ᠴᠤ ᠴᠢᠳᠠᠬᠤ ᠶᠢᠨ ᠲᠤᠳᠤᠷ᠎ᠠ ᠮᠥᠰᠥ ᠲᠠᠢ ᠤᠰᠤ ᠪᠠᠭ᠎ᠠ ᠤᠤᠭᠤᠭᠠᠷᠠᠢ           ᠡᠨᠡ 8 ᠴᠠᠭ ᠲᠤ ᠤᠰᠤ ᠤᠤᠭᠤᠪᠠᠯ ᠵᠤᠬᠢᠨ᠎ᠠ        1. ᠥᠷᠯᠥᠭᠡ ᠪᠣᠰᠤᠭᠰᠠᠨ ᠤ ᠳᠠᠷᠠᠭ᠎ᠠ        2. ᠣᠷᠣᠢ ᠤᠨᠲᠠᠬᠤ ᠠᠴᠠ ᠪᠠᠨ ᠡᠮᠦᠨ᠎ᠡ        3. ᠪᠡᠶ᠎ᠡ ᠪᠠᠨ ᠤᠬᠢᠶᠠᠭᠰᠠᠨ ᠤ ᠳᠠᠷᠠᠭ᠎ᠠ        4. ᠠᠭᠠᠷ ᠲᠣᠬᠢᠷᠠᠭᠤᠯᠤᠭᠴᠢ ᠶᠢ ᠬᠠᠭᠠᠰ ᠴᠠᠭ ᠨᠡᠭᠡᠭᠡᠭᠰᠡᠨ ᠤ ᠳᠠᠷᠠᠭ᠎ᠠ        5. ᠬᠤᠭᠤᠯᠨ ᠢᠳᠡᠭᠰᠡᠨ ᠤ ᠬᠠᠭᠠᠰ ᠴᠠᠭ ᠤᠨ ᠳᠠᠷᠠᠭ᠎ᠠ        6. ᠰᠡᠳᠬᠢᠯ ᠰᠠᠨᠠᠭ᠎ᠠ ᠪᠤᠬᠢᠨᠢᠳᠤᠬᠤ ᠦᠶ᠎ᠡ ᠳᠤ       7. ᠬᠥᠳᠡᠯᠭᠡᠭᠡᠨ ᠬᠢᠵᠦ ᠪᠠᠶᠢᠬᠤ ᠬᠤᠭᠤᠴᠠᠭ᠎ᠠ ᠳᠤ       8. ᠱᠣᠷᠪᠣᠭ ᠶᠠᠭᠤᠮ᠎ᠠ ᠢᠳᠡᠭᠰᠡᠨ ᠤ ᠳᠠᠷᠠᠭ᠎ᠠ
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号