ᠠᠵᠢᠯ ᠤᠨ ᠪᠠᠶᠢᠷᠢ ᠪᠠᠨ ᠲᠡᠭᠡᠳᠤᠯᠡᠵᠤ ᠠᠷᠤ ᠭᠡᠷ ᠢᠶᠠᠨ ᠬᠠᠷᠠᠭᠠᠯᠵᠠᠡ ︽ᠲᠦᠷᠤ ᠶᠢᠨ ᠬᠠᠭᠠᠰ ᠲᠤᠯᠭᠠᠭᠤᠷᠢ︾ ᠶᠢᠨ ᠭᠡᠷᠡᠯ ᠭᠢᠯᠪᠠᠭ᠎ᠠ ᠪᠠᠨ ᠰᠠᠴᠤᠷᠠᠭᠤᠯᠤᠨ᠎ᠠ
ᠨᠡᠶᠢᠲᠡᠯᠡᠭᠰᠡᠨ ᠴᠠᠭ᠄
2023/5/29
   — ᠤᠯᠠᠭᠠᠨᠬᠤᠳᠠ ᠶᠢᠨ ᠨᠠᠰᠦᠳᠠᠨ ᠢᠶᠠᠨ ᠬᠦᠨᠳᠦᠯᠡᠵᠦ ᠨᠢᠯᠬᠠᠰ ᠢᠶᠠᠨ ᠬᠠᠶᠢᠷᠠᠯᠠᠬᠤ ᠶᠤᠰᠤ ᠰᠤᠷᠳᠠᠬᠤᠨ ᠤ ᠵᠢᠱᠢᠶᠡᠴᠢ ᠶᠠᠩ ᠶᠢᠨ ᠬᠤᠸᠠ ᠶᠢ ᠲᠡᠮᠳᠡᠭᠯᠡᠪᠡ     ● ᠰᠤᠷᠪᠤᠯᠵᠢᠯᠠᠬᠴᠢ ᠰᠡᠷᠭᠦᠯᠡᠩ    ᠨᠠᠰᠦᠳᠠᠨ ᠢᠶᠠᠨ ᠬᠦᠨᠳᠦᠯᠡᠵᠦ ᠨᠢᠯᠬᠠᠰ ᠢᠶᠠᠨ ᠬᠠᠶᠢᠷᠠᠯᠠᠬᠤ ᠪᠤᠯ ᠲᠤᠮᠳᠠᠳᠤ ᠶᠢᠨ ᠦᠨᠳᠦᠰᠦᠳᠡᠨ ᠤ ᠤᠯᠠᠮᠵᠢᠯᠠᠯᠳᠤ ᠰᠢᠯᠢᠳᠡᠭ ᠰᠤᠷᠳᠠᠯ ᠮᠦᠨ᠃ ᠡᠨᠡᠬᠦ ᠰᠠᠶᠢᠬᠠᠨ ᠤᠯᠠᠮᠵᠢᠯᠠᠯᠳᠤ ᠰᠤᠷᠳᠠᠯ ᠢ ᠪᠡᠶ᠎ᠡ ᠪᠠᠷ ᠢᠶᠠᠨ ᠦᠢᠯᠡᠳᠤᠯᠭᠡᠵᠢᠬᠦᠯᠵᠤ᠂ 18 ᠵᠢᠯ ᠤᠨ ᠲᠤᠷᠰᠢ ᠤᠮᠠᠷᠠᠳᠤ ᠶᠢᠨ ᠬᠢᠯᠢ ᠬᠢᠵᠠᠭᠠᠷ ᠤᠷᠤᠨ ᠢᠶᠠᠨ ᠰᠠᠬᠢᠨ ᠬᠠᠮᠠᠭᠠᠯᠠᠵᠦ ᠶᠠᠪᠤᠬᠰᠠᠨ ᠡᠷ᠎ᠡ ᠨᠦᠬᠦᠷ ᠤᠨ ᠢᠶᠠᠨ ᠠᠵᠢᠯ ᠢ ᠪᠦᠬᠦ ᠬᠦᠴᠦ ᠪᠠᠷ ᠲᠡᠮᠵᠢᠭᠰᠡᠨ ︽ᠴᠡᠷᠢᠭ ᠡᠷ᠎ᠠ ᠶᠢᠨ ᠰᠠᠶᠢᠨ ᠪᠦᠰᠡᠬᠦᠢ ︾᠂ ᠦᠷ᠎ᠡ ᠬᠡᠤᠬᠡᠳ ᠢᠶᠠᠨ ᠦᠰᠬᠡᠨ ᠬᠦᠮᠦᠵᠢᠬᠦᠯᠦᠭᠰᠡᠨ ︽ᠰᠠᠶᠢᠨ ᠡᠵᠢ︾᠂ ᠪᠦᠬᠦ ᠠᠶᠢᠮᠠᠭ ᠤᠨ ︽ᠬᠠᠮᠤᠭ ᠭᠤᠶᠤ ᠠᠨᠠᠷ ᠤᠨ ᠦᠷ᠎ᠡ ᠶᠢᠨ ᠬᠡᠷ ᠪᠦᠯᠢ︾ ᠶᠢᠨ ᠢᠷᠠᠭᠤ ᠠᠯᠳᠠᠷ ᠢ ᠬᠦᠷᠳᠡᠵᠦ᠂ ᠦᠳᠡᠯᠦᠬᠡ ᠪᠤᠭᠤᠷᠤᠯ ᠡᠵᠢ ᠪᠤᠯᠤᠨ ᠬᠠᠳᠠᠮ ᠡᠵᠢ ᠪᠠᠨ ᠠᠰᠠᠷᠠᠨ ᠰᠤᠪᠢᠯᠠᠵᠦ᠂ ᠡᠷᠡᠰ ᠬᠠᠳᠠᠭᠤ ᠰᠦᠰᠦ ᠵᠤᠷᠢᠭ ᠢᠶᠠᠷ ᠰᠠᠶᠢᠨ ᠬᠡᠷ ᠤᠨ ᠰᠤᠷᠳᠠᠯ ᠢ ᠪᠠᠳᠠᠷᠠᠭᠤᠯᠵᠦ ᠶᠠᠪᠤᠭ᠎ᠠ ᠲᠤᠰᠬᠠᠢ ᠰᠦᠯᠵᠢᠶᠡᠨ ᠠᠵᠢᠯᠳᠠᠨ ᠶᠠᠩ ᠶᠢᠨ ᠬᠤᠸᠠ ᠶᠢ ᠦᠢᠷ᠎ᠠ ᠳᠤ ᠰᠤᠷᠪᠤᠯᠵᠢᠯᠠᠵᠤ ᠪᠢᠯᠡ᠃    ᠶᠠᠩ ᠶᠢᠨ ᠬᠤᠸᠠ ᠪᠤᠯ ᠤᠯᠠᠭᠠᠨᠬᠤᠳᠠ ᠶᠢᠨ ᠠᠶᠢᠬᠦ᠋ᠸᠧ ᠵᠡᠬᠡᠯᠢ ᠶᠢᠨ ᠲᠤᠭᠤᠷ ᠤᠨ ᠭᠤᠤᠯ ᠨᠡᠶᠢᠬᠡᠮ ᠲᠤᠭᠤᠷᠢᠭ ᠤᠨ ᠨᠢᠬᠡᠨ ᠡᠬᠡᠯ ᠵᠢᠷ ᠤᠨ ᠰᠦᠯᠵᠢᠶᠠᠨ ᠠᠵᠢᠯᠳᠠᠨ ᠮᠦᠨ᠃ ᠲᠡᠷᠡ ᠠᠵᠢᠯᠴᠢ ᠪᠤᠷᠤᠬᠵᠢᠭᠤᠨ᠂ ᠲᠤᠬᠠᠶᠢᠯᠠᠬᠰᠠᠨ ᠠᠵᠢᠯ ᠤᠨ ᠮᠡᠳᠡᠯᠬᠡ ᠪᠠᠨ ᠰᠢᠷᠭᠠᠭᠤ ᠤᠷᠤᠯᠳᠤᠨ ᠰᠤᠷᠤᠯᠴᠠᠵᠦ᠂ ᠤᠯᠠᠨ ᠲᠦᠮᠡᠨ ᠳᠤ ᠰᠠᠶᠢᠳᠦᠷ ᠦᠢᠯᠡᠴᠢᠯᠡᠬᠦ ᠪᠠᠷ ᠭᠤᠤᠯ ᠵᠤᠷᠢᠯᠳᠠ ᠪᠠᠨ ᠪᠤᠯᠭᠠᠵᠦ᠂ ᠡᠬᠡᠯ ᠵᠢᠷ ᠤᠨ ᠠᠵᠢᠯ ᠤᠨ ᠪᠠᠶᠢᠷᠢ ᠳᠠᠭᠠᠨ ᠭᠠᠪᠰᠢᠭᠠᠶᠢᠯᠠᠵᠦ ᠪᠠᠶᠢᠭ᠎ᠠ ᠮᠦᠷᠳᠡᠬᠡᠨ ᠠᠷᠦ ᠬᠡᠷ ᠤᠨ ᠢᠶᠠᠨ ᠬᠠᠭᠠᠰ ᠲᠤᠯᠭᠠᠭᠤᠷᠢ ᠨᠢ ᠪᠤᠯᠵᠦ ᠶᠠᠪᠤᠭ᠎ᠠ ᠶᠤᠮ᠃   ᠠᠵᠢᠯ ᠤᠨ ᠪᠠᠶᠢᠷᠢ ᠪᠠᠨ ᠨᠠᠨᠳᠢᠩᠨᠠᠵᠦ ᠤᠯᠠᠨ ᠲᠦᠮᠡᠨ ᠳᠤ ᠬᠠᠯᠠᠭᠤᠮᠰᠤᠭ ᠢᠶᠠᠷ ᠦᠢᠯᠡᠴᠢᠯᠡᠨ᠎ᠡ    ᠶᠠᠩ ᠶᠢᠨ ᠬᠤᠸᠠ ᠦᠪᠡᠷ ᠤᠨ ᠰᠦᠯᠵᠢᠶᠡᠨ ᠠᠵᠢᠯᠳᠠᠨ ᠤ ᠠᠵᠢᠯ ᠢᠶᠠᠨ ᠲᠦᠢᠯ ᠢᠶᠠᠷ ᠡᠷᠬᠢᠮᠨᠡᠵᠤ᠂ ᠨᠡᠶᠢᠬᠡᠮ ᠲᠤᠭᠤᠷᠢᠭ ᠤᠨ ᠰᠠᠭᠤᠭᠠᠯᠢ ᠠᠷᠠᠳ ᠤᠨ ᠬᠤᠭᠤᠷᠤᠨᠳᠤᠬᠢ ᠬᠤᠪᠢ ᠪᠠᠷᠢᠯᠳᠤᠯᠭ᠎ᠠ ᠪᠠᠨ ᠲᠦᠢᠯ ᠢᠶᠠᠷ ᠨᠠᠨᠳᠢᠩᠨᠠᠳᠠᠭ᠃ ᠤᠯᠠᠨ ᠤ ᠮᠡᠳᠡᠭᠡᠵᠢ ᠪᠠᠷ ᠨᠡᠶᠢᠬᠡᠮ ᠲᠤᠭᠤᠷᠢᠭ ᠤᠨ ᠰᠦᠯᠵᠢᠶᠡᠨ ᠠᠵᠢᠯᠳᠠᠨ ᠤ ᠬᠢᠬᠦ ᠠᠵᠢᠯ ᠤᠯᠠᠨ ᠪᠦᠭᠡᠳ ᠶᠠᠭᠠᠷᠡᠤ ᠪᠠᠶᠢᠳᠠᠭ᠃ ᠶᠠᠩ ᠶᠢᠨ ᠬᠤᠸᠠ ᠦᠷᠯᠦᠬᠡ ᠡᠷᠳᠡ ᠠᠵᠢᠯ ᠤᠨ ᠪᠠᠶᠢᠷᠢ ᠳᠠᠭᠠᠨ ᠭᠠᠷᠦᠮᠠᠬᠴᠠ ᠬᠦᠳᠡᠯᠵᠦ ᠰᠠᠭᠤᠬᠤ ᠳᠤ ᠲᠦᠬᠦᠮ ᠦᠬᠡᠢ ᠨᠠᠰᠦᠳᠠᠶᠢᠴᠤᠳ ᠢ ᠤᠷᠤᠯᠠᠨ ᠤᠴᠢᠷ ᠰᠶᠢᠳᠪᠦᠷᠢᠯᠡᠵᠦ ᠦᠭᠬᠦ᠂ ᠵᠡᠷᠬᠡᠯᠡᠳᠡᠭᠡ ᠰᠠᠭᠠᠬᠠᠯᠳᠠ ᠶᠢᠨ ᠬᠤᠭᠤᠷᠤᠨᠳᠤᠬᠢ ᠵᠦᠷᠢᠴᠡᠯ ᠵᠢᠭᠤᠷᠠᠯᠳᠤᠭᠠᠨ ᠢ ᠰᠶᠢᠳᠪᠦᠷᠢᠯᠡᠬᠦ᠂ ᠬᠠᠮᠢᠶ᠎ᠠ ᠪᠦᠬᠦᠢ ᠰᠠᠯᠠᠭ᠎ᠠ ᠮᠦᠴᠢᠷ ᠲᠠᠢ ᠬᠠᠮᠵᠢᠯᠴᠠᠨ ᠨᠡᠶᠢᠬᠡᠮ ᠲᠤᠭᠤᠷᠢᠭ ᠤᠨ ᠭᠤᠤᠯᠳᠠᠯᠭ᠎ᠠ ᠲᠠᠢ ᠬᠦᠮᠦᠰ ᠢ ᠬᠠᠮᠢᠶᠠᠷᠬᠤ ᠵᠡᠷᠭᠡ ᠤᠯᠠᠨ ᠠᠵᠢᠯ ᠢ ᠪᠤᠷᠪᠢ ᠪᠤᠬᠢᠰᠬᠢᠯ ᠦᠬᠡᠢ ᠬᠢᠵᠦ᠂ ᠤᠯᠠᠩᠬᠢ ᠳᠠᠭᠠᠨ ᠪᠦᠷᠦᠢ ᠪᠤᠯᠳᠠᠯ᠎ᠠ ᠠᠵᠢᠯᠯᠠᠳᠠᠭ᠃ ᠶᠠᠩ ᠶᠢᠨ ᠬᠤᠸᠠ ︽ᠰᠠᠭᠤᠭᠠᠯᠢ ᠠᠷᠠᠳ ᠲᠤ ᠰᠠᠶᠢᠳᠦᠷ ᠦᠢᠯᠡᠴᠢᠯᠡᠬᠦ ᠪᠤᠯ ᠮᠢᠨᠦ ᠬᠠᠮᠤᠭ ᠤᠨ ᠪᠠᠶᠠᠷᠳᠠᠢ ᠤᠴᠢᠷ ᠮᠦᠨ︾ ᠬᠡᠵᠦ ᠦᠷᠬᠦᠯᠵᠢ ᠶᠠᠷᠢᠳᠠᠭ ᠪᠦᠭᠡᠳ ᠦᠨᠡᠨ ᠲᠡᠬᠡᠵᠦ ᠪᠡᠶᠡᠯᠡᠬᠦᠯᠳᠡᠭ ᠪᠠᠶᠢᠵᠠᠢ᠃ ᠲᠡᠷᠡ ᠦᠳᠡ ᠶᠢᠨ ᠠᠮᠠᠷᠠᠯᠳᠠ ᠶᠢᠨ ᠴᠠᠭ ᠢᠶᠠᠨ ᠠᠰᠢᠬᠯᠠᠨ ᠰᠠᠭᠤᠭᠠᠯᠢ ᠠᠷᠠᠳ ᠤᠨ ᠡᠷᠦᠬᠡ ᠪᠠᠷ ᠬᠦᠷᠴᠦ᠂ ᠲᠡᠳᠡᠨ ᠤ ᠬᠦᠴᠢᠷᠳᠡᠯ ᠢ ᠤᠶᠢᠯᠠᠭᠠᠨ᠂ ᠰᠶᠢᠳᠪᠦᠷᠢᠯᠡᠵᠦ ᠦᠭᠬᠦ ᠪᠤᠶᠤ ᠵᠤᠬᠢᠴᠠᠭᠤᠯᠵᠦ ᠦᠭᠳᠡᠭ᠃ ᠠᠶᠢᠬᠦ᠋ᠸᠧ ᠵᠡᠬᠡᠯᠢ ᠶᠢᠨ ᠰᠠᠭᠤᠭᠠᠯᠢ ᠠᠷᠠᠳ ᠬᠤ᠋ ᠸᠧᠨ ᠴᠠᠩ᠄ ︽ ᠶᠢᠨ ᠬᠤᠸᠠ ᠮᠠᠨ ᠤ ᠳᠤ ᠦᠷᠬᠦᠯᠵᠢ ᠢᠷᠡᠵᠦ᠂ ᠪᠢᠳᠡᠨ ᠤ ᠬᠦᠴᠢᠷᠳᠡᠯ ᠢ ᠰᠶᠢᠳᠪᠦᠷᠢᠯᠡᠵᠦ ᠦᠭᠳᠡᠭ᠃ ᠲᠡᠷᠡ ᠲᠦᠢᠯ ᠤᠨ ᠬᠠᠯᠠᠭᠤᠮᠰᠤᠭ᠂ ᠪᠢᠳᠡᠨ ᠳᠤ ᠲᠤᠩ ᠰᠠᠶᠢᠨ︕︾ ᠬᠡᠵᠦ ᠶᠠᠷᠢᠵᠦ ᠪᠠᠶᠢᠯ᠎ᠠ᠃ ᠶᠠᠩ ᠶᠢᠨ ᠬᠤᠸᠠ ᠡᠬᠡᠯ ᠵᠢᠷ ᠤᠨ ᠠᠵᠢᠯ ᠤᠨ ᠪᠠᠶᠢᠷᠢ ᠳᠠᠭᠠᠨ ᠭᠠᠪᠰᠢᠭᠠᠶᠢᠯᠠᠵᠦ᠂ ᠬᠦᠴᠢᠷᠳᠡᠯ ᠲᠠᠢ ᠤᠯᠠᠨ ᠲᠦᠮᠡᠨ ᠢ ᠬᠠᠯᠠᠮᠵᠢᠯᠠᠨ᠂ ᠲᠡᠳᠡᠨ ᠳᠤ ᠬᠠᠶᠢᠷ᠎ᠠ ᠬᠠᠯᠠᠮᠵᠢ ᠬᠦᠷᠬᠡᠵᠦ᠂ ᠲᠡᠳᠡᠨ ᠤ ᠪᠤᠳᠠᠳᠠᠢ ᠬᠦᠴᠢᠷᠳᠡᠯ ᠢ ᠰᠶᠢᠳᠪᠦᠷᠢᠯᠡᠨ᠂ ᠲᠡᠳᠡᠨ ᠳᠤ ᠨᠠᠮ ᠵᠠᠰᠠᠭ ᠤᠨ ᠬᠠᠶᠢᠷ᠎ᠠ ᠬᠠᠯᠠᠮᠵᠢ ᠶᠢ ᠮᠡᠳᠡᠷᠡᠬᠦᠯᠵᠦ ᠶᠠᠪᠤᠨ᠎ᠠ᠃    ᠠᠮᠢᠳᠦᠷᠠᠯ ᠢᠶᠠᠨ ᠦᠬᠡᠳᠡ ᠲᠠᠳᠠᠵᠦ᠂ ᠡᠷᠦᠬᠡ ᠬᠡᠷ ᠤᠨ ᠢᠶᠠᠨ ᠨᠠᠷᠠᠨ ᠪᠤᠯᠵᠦ ᠶᠠᠪᠤᠨ᠎ᠠ    ᠶᠠᠩ ᠶᠢᠨ ᠬᠤᠸᠠ ᠶᠢᠨ ᠡᠷ᠎ᠡ ᠨᠦᠬᠦᠷ ᠨᠢ ᠬᠢᠯᠢ ᠶᠢᠨ ᠬᠠᠮᠠᠭᠠᠯᠠᠯᠳᠠ ᠶᠢᠨ ᠴᠡᠷᠢᠭ ᠪᠠᠶᠢᠵᠦ᠂ 18 ᠵᠢᠯ ᠤᠨ ᠲᠤᠷᠰᠢ ᠠᠷᠦ ᠬᠡᠷ ᠢᠶᠠᠨ ᠲᠤᠳᠤᠮᠳᠠᠬᠤ ᠠᠯᠢᠪᠠ ᠠᠵᠢᠯ ᠨᠢ ᠪᠦᠷ ᠶᠠᠩ ᠶᠢᠨ ᠬᠤᠸᠠ ᠶᠢᠨ ᠮᠦᠷᠦᠨ ᠲᠡᠭᠡᠷ᠎ᠡ ᠲᠤᠯᠭᠠᠷᠠᠬᠰᠠᠨ ᠪᠤᠯᠪᠠᠴᠦ ᠲᠡᠷᠡ ᠬᠡᠵᠢᠶᠡᠳᠡ ᠭᠤᠮᠤᠳᠠᠯ ᠲᠤᠭᠠᠴᠢᠳᠠᠭ ᠦᠬᠡᠢ᠂ ᠡᠷ᠎ᠡ ᠨᠦᠬᠦᠷ ᠤᠨ ᠢᠶᠠᠨ ᠠᠵᠢᠯ ᠢ ᠪᠦᠬᠦ ᠬᠦᠴᠦ ᠪᠠᠷ ᠢᠶᠠᠨ ᠲᠡᠮᠵᠢᠳᠡᠭ ᠪᠠᠶᠢᠵᠠᠢ᠃ ᠲᠡᠬᠦᠨ ᠤ ᠶᠡᠭᠡ ᠬᠡᠤᠬᠡᠨ ᠨᠢ ᠲᠦᠷᠦᠯᠬᠢ ᠬᠦᠨᠳᠤ ᠡᠪᠡᠳᠴᠢᠨ ᠲᠠᠢ ᠠᠴᠠ ᠲᠡᠳᠡ ᠠᠯᠢᠪᠠ ᠪᠠᠨ ᠵᠤᠷᠢᠭᠤᠯᠤᠨ ᠡᠪᠡᠳᠴᠢᠨ ᠢ ᠨᠢ ᠵᠠᠰᠠᠭᠤᠯᠵᠦ᠂ ᠡᠳᠦᠷ ᠰᠦᠨᠢ ᠶᠢᠨ ᠢᠯᠭᠠᠯ ᠦᠬᠡᠢ ᠬᠡᠤᠬᠡᠳ ᠢᠶᠠᠨ ᠠᠰᠠᠷᠠᠨ ᠰᠤᠪᠢᠯᠠᠬᠰᠠᠨ ᠤ ᠳ᠋ᠦ᠋ᠩ ᠳᠤ ᠬᠡᠤᠬᠡᠨ ᠤ ᠬᠢᠨᠢ ᠡᠪᠡᠳᠴᠢᠨ ᠨᠢ ᠡᠳᠦᠷ ᠠᠴᠠ ᠡᠳᠦᠷ ᠢᠯᠡᠷᠡᠰᠢᠵᠦ ᠰᠠᠶᠢᠵᠢᠷᠠᠵᠠᠢ᠃ ᠡᠬᠦᠨ ᠢᠶᠠᠷ ᠪᠠᠷᠠᠬᠤ ᠦᠬᠡᠢ ᠶᠠᠩ ᠶᠢᠨ ᠬᠤᠸᠠ ᠲᠠᠯᠠ ᠭᠠᠷᠤᠬᠰᠠᠨ ᠡᠵᠢ ᠪᠤᠯᠤᠨ ᠬᠠᠳᠠᠮ ᠡᠵᠢ ᠪᠠᠨ ᠠᠰᠠᠷᠠᠨ ᠬᠠᠷᠠᠭᠠᠯᠵᠠᠵᠦ᠂ ᠪᠠᠭᠠᠬᠠᠨ ᠪᠡᠶ᠎ᠡ ᠲᠠᠢ᠂ ᠪᠢᠷ᠎ᠠ ᠲᠡᠩᠬᠡᠬᠡ ᠮᠠᠭᠤᠳᠠᠢ ᠪᠤᠯᠪᠠᠴᠦ ᠠᠵᠢᠯ ᠠᠮᠢᠳᠦᠷᠠᠯ ᠠᠷᠦ ᠬᠡᠷ ᠢᠶᠠᠨ ᠠᠯᠢ ᠴᠢᠳᠠᠬᠤ ᠪᠠᠷ ᠵᠤᠬᠢᠴᠠᠭᠤᠯᠵᠦ᠂ ᠬᠡᠳᠦᠶᠢᠴᠢᠨᠡᠨ ᠶᠠᠳᠠᠷᠠᠵᠦ ᠵᠦᠳᠡᠷᠡᠭᠰᠡᠨ ᠴᠤ ᠢᠨᠢᠶᠡᠮᠰᠦᠩᠬᠦᠢ ᠴᠢᠷᠠᠶᠢᠯᠠᠨ᠂ ᠲᠡᠭᠰᠢ ᠦᠬᠡᠢ ᠠᠮᠢᠳᠦᠷᠠᠯ ᠢᠶᠠᠨ ᠦᠬᠡᠳᠡ ᠲᠠᠳᠠᠵᠦ᠂ ᠡᠷᠦᠬᠡ ᠬᠡᠷ ᠤᠨ ᠢᠶᠠᠨ ᠨᠠᠷᠠᠨ ᠪᠤᠯᠵᠦ ᠶᠠᠪᠤᠨ᠎ᠠ᠃     ᠶᠠᠩ ᠶᠢᠨ ᠬᠤᠸᠠ ᠬᠡᠤᠬᠡᠳ ᠤᠨ ᠬᠦᠮᠦᠵᠢᠯ ᠢ ᠲᠦᠢᠯ ᠢᠶᠠᠷ ᠴᠢᠬᠤᠯᠠᠴᠢᠯᠠᠳᠠᠭ᠃ ᠲᠡᠷᠡ ᠡᠴᠢᠬᠡ ᠡᠬᠡ ᠪᠤᠯᠤᠬᠰᠠᠳ ᠪᠤᠯ ᠬᠡᠤᠬᠡᠳ ᠤᠨ ᠬᠠᠮᠤᠭ ᠰᠠᠶᠢᠨ ᠪᠠᠭᠰᠢ ᠬᠡᠵᠦ ᠦᠵᠡᠳᠡᠭ ᠲᠤᠯᠠ ᠬᠡᠤᠬᠡᠳ ᠢᠶᠠᠨ ᠬᠠᠷᠠᠬᠠᠨ ᠪᠠᠭ᠎ᠠ ᠠᠴᠠ ᠪᠠᠨ ᠬᠠᠤᠯᠢ ᠲᠦᠷᠢᠮ ᠢ ᠰᠠᠬᠢᠵᠦ᠂ ᠪᠤᠯᠪᠠᠰᠦᠨ ᠶᠤᠰᠤ ᠮᠤᠷᠠᠯ ᠢ ᠡᠷᠬᠢᠮᠯᠡᠨ᠂ ᠰᠤᠷᠭᠠᠭᠤᠯᠢ ᠳᠠᠭᠠᠨ ᠪᠠᠭᠰᠢ ᠶᠢᠨ ᠢᠶᠠᠨ ᠰᠤᠷᠭᠠᠯ ᠪᠠ ᠬᠠᠪᠰᠤᠷᠤᠯᠭ᠎ᠠ ᠶᠢ ᠲᠠᠷᠦᠦ ᠬᠢᠴᠢᠶᠡᠩᠬᠦᠢ ᠪᠠᠷ ᠬᠦᠯᠢᠶᠡᠵᠦ ᠶᠠᠪᠤᠬᠤ ᠬᠡᠷᠡᠭᠳᠡᠢ ᠬᠡᠵᠦ ᠦᠷᠬᠦᠯᠵᠢ ᠰᠤᠷᠭᠠᠳᠠᠭ᠃ ᠲᠡᠷᠡ ᠦᠪᠡᠷ ᠢᠶᠠᠨ ᠴᠤ ᠬᠠᠯᠠᠭᠤᠨ ᠰᠡᠳᠬᠢᠯ ᠲᠠᠢ᠂ ᠦᠬᠡᠳᠡᠷᠭᠡᠭ ᠪᠤᠳᠤᠯ ᠲᠠᠢ᠂ ᠴᠢᠷᠮᠠᠶᠢᠯᠳᠠ ᠲᠠᠢ᠂ ᠠᠵᠢᠯ ᠠᠮᠢᠳᠦᠷᠠᠯ ᠲᠤᠮᠳᠠ ᠪᠠᠨ ᠦᠷᠬᠦᠯᠵᠢ ᠪᠤᠰᠤᠳ ᠢ ᠬᠠᠪᠰᠤᠷᠴᠦ᠂ ᠦᠪᠡᠷ ᠤᠨ ᠪᠤᠳᠠᠳᠠᠢ ᠦᠢᠯᠡ ᠠᠵᠢᠯᠯᠠᠭ᠎ᠠ ᠪᠠᠷ ᠢᠶᠠᠨ ᠬᠡᠤᠬᠡᠳ ᠲᠡᠭᠡᠨ ᠲᠠᠭᠤᠷᠢᠶᠠᠯ ᠪᠤᠯᠬᠤ ᠪᠠᠷ ᠴᠢᠷᠮᠠᠶᠢᠳᠠᠭ᠃ ︽ᠠᠪᠤ ᠶᠢᠨ ᠰᠤᠷᠭᠠᠯ ᠠᠯᠳᠠ᠂ ᠡᠵᠢ ᠶᠢᠨ ᠰᠤᠷᠭᠠᠯ ᠡᠷᠳᠡᠨᠢ︾ ᠭᠡᠳᠡᠭ ᠢᠶᠠᠷ ᠲᠡᠬᠦᠨ ᠤ ᠬᠤᠶᠠᠷ ᠬᠡᠤᠬᠡᠳ ᠨᠢ ᠴᠤ ᠡᠵᠢ ᠶᠢᠨ ᠢᠶᠠᠨ ᠨᠦᠯᠦᠬᠡ ᠪᠠᠷ ᠬᠠᠯᠠᠭᠤᠨ ᠰᠡᠳᠬᠢᠯ ᠲᠠᠢ᠂ ᠦᠬᠡᠳᠡᠷᠭᠡᠭ ᠪᠤᠳᠤᠯ ᠲᠠᠢ ᠬᠡᠤᠬᠡᠳ ᠪᠤᠯᠤᠨ ᠬᠦᠮᠦᠵᠢᠭᠳᠡᠵᠡᠢ᠃
 
ᠢᠷᠡᠯᠲᠡ᠄ ᠬᠢᠩᠭᠠᠨ ᠤ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号