ᠵᠣᠨ ᠤ ᠤᠯᠠᠷᠢᠯ ᠳᠤ ᠠᠯᠮᠤᠷᠠᠳ ᠤᠨ ᠮᠣᠳᠣᠨ ᠤ ᠰᠠᠯᠠᠭ᠎ᠠ ᠶᠢ ᠬᠠᠶᠢᠴᠢᠯᠠᠵᠤ ᠵᠠᠰᠠᠬᠤ ᠨᠢ ᠴᠡᠴᠡᠭ ᠤᠨ ᠨᠠᠬᠢᠶ᠎ᠠ | ᠪᠦᠲᠦᠵᠦ ᠪᠦᠷᠢᠯᠳᠦᠬᠦ ᠳᠤ ᠮᠠᠰᠢ ᠠᠰᠢᠭᠲᠠᠢ ᠶᠤᠮ᠃ ᠭᠡᠬᠦ ᠳᠡᠭᠡᠨ ᠴᠠᠭ ᠬᠤᠭᠤᠴᠠᠭ᠎ᠠ ᠮᠡᠷᠭᠡᠵᠢᠯ ᠤᠨ | ᠱᠠᠭᠠᠷᠳᠠᠯᠭ᠎ᠠ ᠶᠢ ᠰᠠᠶᠢᠲᠤᠷ ᠡᠵᠡᠮᠰᠢᠵᠦ ᠮᠡᠳᠡᠬᠦ ᠬᠡᠷᠡᠭᠲᠡᠢ᠃ ᠥᠨᠴᠥᠭᠯᠡᠬᠦ᠄ ᠭᠤᠣᠯ ᠰᠠᠯᠠᠭ᠎ᠠ ᠪᠣᠯᠣᠨ ᠳᠡᠳ᠋ | ᠰᠠᠯᠠᠭ᠎ᠠ ᠶᠢᠨ ᠬᠤᠭᠤᠷᠤᠨᠳᠤᠬᠢ ᠵᠠᠢ ᠨᠢ ᠳᠡᠩᠳᠡᠭᠦᠦ ᠣᠶᠢᠷ᠎ᠠ ᠪᠣᠯ 4 ᠰᠠᠷ᠎ᠠ ᠶᠢᠨ ᠰᠡᠭᠦᠯᠴᠢ ᠠᠴᠠ 7 ᠰᠠᠷ᠎ᠠ ᠶᠢᠨ | ᠡᠬᠢ ᠪᠣᠯᠳᠠᠯᠠᠬᠢ ᠬᠤᠭᠤᠴᠠᠭᠠᠨ ᠳᠤ 50 — 60 ᠭᠷᠡᠳᠦ᠋ᠰ ᠤᠨ ᠥᠨᠴᠥᠭ ᠪᠣᠯᠭᠠᠵᠤ ᠬᠤᠶᠠᠷ ᠲᠡᠰᠢ ᠨᠢ | ᠰᠠᠯᠭᠠᠵᠤ ᠪᠣᠭᠤᠨ᠎ᠠ᠃ ᠢᠩᠭᠢᠪᠡᠯ ᠮᠣᠳᠣᠨ ᠤ ᠦᠵᠦᠭᠦᠷ ᠤᠨ ᠨᠠᠷᠠᠨ ᠤ ᠲᠤᠰᠤᠯᠲᠠ ᠨᠡᠮᠡᠭᠳᠡᠵᠦ ᠳᠣᠲᠣᠭᠠᠳᠤ | ᠬᠤᠷᠮᠣᠨ ᠲᠡᠩᠴᠡᠭᠦᠷᠢᠲᠡᠢ ᠪᠣᠯᠵᠤ ᠴᠢᠳᠠᠨ᠎ᠠ᠃ ᠰᠢᠩᠭᠡᠯᠡᠬᠦ᠄ ᠳᠣᠷᠪᠢᠯᠢᠭ ᠰᠠᠯᠠᠭ᠎ᠠ ᠪᠣᠯᠣᠨ ᠡᠭᠴᠡ ᠰᠠᠯᠠᠭ᠎ᠠ | ᠤᠷᠭᠤᠭᠠᠳ 15 — 20 ᠰᠠᠨᠲ᠋ᠢᠮᠧᠳ᠋ᠷ ᠪᠣᠯᠬᠤ ᠦᠶ᠎ᠡ ᠳᠤ ᠪᠠᠶᠢᠨ ᠳᠠᠬᠢᠨ ᠰᠢᠩᠭᠡᠯᠡᠵᠦ ᠰᠠᠬᠤᠯᠢᠭᠵᠢᠬᠤ ᠶᠢ | ᠰᠡᠷᠭᠡᠶᠢᠯᠡᠨ ᠰᠢᠮ᠎ᠡ ᠲᠡᠵᠢᠭᠡᠯ ᠢ ᠪᠠᠲᠤᠯᠠᠬᠤ ᠬᠡᠷᠡᠭᠲᠡᠢ᠃ ᠴᠢᠭᠯᠡᠯ ᠬᠤᠪᠢᠷᠠᠭᠤᠯᠬᠤ᠄ ᠨᠢᠭᠡ ᠠᠴᠠ ᠬᠤᠶᠠᠷ ᠡᠪᠦᠯ ᠢ | ᠥᠩᠭᠡᠷᠡᠭᠦᠯᠦᠭᠰᠡᠨ ᠰᠠᠯᠠᠭ᠎ᠠ ᠶᠢ 5 ᠰᠠᠷ᠎ᠠ ᠶᠢᠨ ᠳᠤᠮᠳᠠᠴᠢ ᠠᠴᠠ 6 ᠰᠠᠷ᠎ᠠ ᠶᠢᠨ ᠰᠡᠭᠦᠯᠴᠢ ᠪᠤᠯᠳᠠᠯᠠᠬᠢ | ᠬᠤᠭᠤᠴᠠᠭᠠᠨ ᠳᠤ ᠬᠦᠰᠢᠭᠦ᠂ ᠠᠲᠤᠷᠢᠭᠤᠯᠬᠤ ᠵᠡᠷᠭᠡ ᠠᠷᠭ᠎ᠠ ᠪᠠᠷ ᠤᠷᠭᠤᠯᠲᠠ ᠶᠢᠨ ᠴᠢᠭᠯᠡᠯ ᠢ ᠬᠤᠪᠢᠷᠠᠭᠤᠯᠪᠠᠯ | ᠴᠡᠴᠡᠭ ᠤᠨ ᠨᠠᠬᠢᠶ᠎ᠠ ᠶᠢᠨ ᠪᠦᠷᠢᠯᠳᠦᠯ ᠢ ᠠᠬᠢᠭᠤᠯᠵᠤ ᠴᠢᠳᠠᠨ᠎ᠠ᠃ ᠮᠤᠰᠬᠢᠯᠳᠤᠭᠤᠯᠬᠤ᠄ ᠰᠠᠯᠠᠭ᠎ᠠ ᠨᠢ ᠤᠷᠭᠤᠭᠠᠳ | 34 ᠰᠠᠨᠲ᠋ᠢᠮᠧᠳ᠋ᠷ ᠪᠣᠯᠬᠤ ᠦᠶ᠎ᠡ ᠳᠤ ᠡᠳᠡᠭᠡᠷ ᠰᠠᠯᠠᠭ᠎ᠠ ᠶᠢ ᠮᠤᠰᠬᠢᠯᠳᠤᠭᠤᠯᠤᠭᠠᠳ 180 ᠭᠷᠡᠳᠦ᠋ᠰ ᠡᠷᠭᠢᠭᠦᠯᠵᠦ | ᠲᠠᠯᠪᠢᠪᠠᠯ ᠤᠷᠭᠤᠴᠠ ᠶᠢ ᠤᠳᠠᠭᠠᠰᠢᠷᠠᠭᠤᠯᠵᠤ ᠴᠡᠴᠡᠭ ᠤᠨ ᠨᠠᠬᠢᠶ᠎ᠠ ᠪᠦᠷᠢᠯᠳᠦᠬᠦ ᠳᠤ ᠲᠤᠰᠠᠲᠠᠢ ᠪᠠᠶᠢᠳᠠᠭ᠃ | ᠬᠠᠯᠢᠰᠤ ᠶᠢ ᠨᠢ ᠴᠠᠭᠠᠯᠠᠬᠤ᠄ ᠴᠢᠭᠯᠡᠯ ᠢ ᠨᠢ ᠥᠭᠡᠷᠡᠴᠢᠯᠡᠬᠦ ᠠᠷᠭ᠎ᠠ ᠦᠭᠡᠢ ᠪᠣᠯᠤᠭᠰᠠᠨ ᠣᠨ ᠤᠳᠠᠭᠰᠠᠨ ᠳᠣᠷᠪᠢᠯᠢᠭ | ᠰᠠᠯᠠᠭ᠎ᠠ ᠶᠢ 5 ᠰᠠᠷ᠎ᠠ ᠶᠢᠨ ᠰᠡᠭᠦᠯᠴᠢ ᠠᠴᠠ 6 ᠰᠠᠷ᠎ᠠ ᠶᠢᠨ ᠳᠤᠮᠳᠠᠴᠢ ᠪᠣᠯᠳᠠᠯᠠᠬᠢ ᠬᠤᠭᠤᠴᠠᠭᠠᠨ ᠳᠤ ᠴᠠᠭᠠᠷᠢᠭ | ᠬᠡᠯᠪᠡᠷᠢᠲᠡᠢ ᠪᠠᠷ ᠬᠠᠯᠢᠰᠤ ᠶᠢ ᠨᠢ ᠴᠠᠭᠠᠯᠠᠪᠠᠯ ᠮᠥᠨ ᠴᠡᠴᠡᠭ ᠤᠨ ᠨᠠᠬᠢᠶ᠎ᠠ ᠪᠦᠷᠢᠯᠳᠦᠵᠦ ᠪᠦᠲᠦᠳᠡᠭ ᠪᠠᠶᠢᠨ᠎ᠠ᠃ | ᠬᠠᠯᠢᠰᠤ ᠴᠠᠭᠠᠯᠠᠬᠤ ᠳᠠᠭᠠᠨ ᠮᠣᠳᠣᠨ ᠰᠠᠯᠠᠭᠠᠨ ᠤ ᠬᠠᠯᠢᠰᠤᠨ ᠤ ᠠᠷᠪᠠᠨ ᠤ ᠨᠢᠭᠡ ᠬᠤᠪᠢ ᠶᠢ ᠯᠠ ᠴᠠᠭᠠᠯᠠᠨ᠎ᠠ᠂ | ᠵᠢᠱᠢᠶᠡᠯᠡᠪᠡᠯ᠂ 8 ᠰᠠᠨᠲ᠋ᠢᠮᠧᠳ᠋ᠷ ᠪᠦᠳᠦᠭᠦᠨ ᠰᠠᠯᠠᠭᠠᠨ ᠤ ᠬᠠᠯᠢᠰᠤ ᠶᠢ ᠴᠠᠭᠠᠯᠠᠬᠤ ᠪᠠᠷ ᠪᠣᠳᠣᠪᠠᠯ 8 ᠮᠢᠯᠢᠮᠧᠳ᠋ᠷ | ᠬᠠᠯᠢᠰᠤ ᠶᠢ ᠨᠢ ᠴᠠᠭᠠᠯᠠᠪᠠᠯ ᠪᠤᠯᠴᠢᠬᠠᠨ᠎ᠠ᠃ ᠭᠡᠬᠦ ᠳᠡᠭᠡᠨ ᠴᠠᠭ ᠬᠤᠭᠤᠴᠠᠭ᠎ᠠ ᠶᠢ ᠨᠢ ᠳᠡᠩᠳᠡᠭᠦᠦ ᠣᠷᠣᠢ ᠪᠠᠶᠢᠯᠭᠠᠵᠤ | ᠪᠣᠯᠬᠤ ᠦᠭᠡᠢ᠂ ᠡᠰᠡᠪᠡᠯ ᠡᠳᠡᠭᠡᠷᠡᠵᠦ ᠴᠢᠳᠠᠬᠤ ᠦᠭᠡᠢ ᠪᠣᠯᠣᠨ᠎ᠠ᠃ ︽ᠮᠠᠯ ᠲᠠᠷᠢᠶᠠᠯᠠᠩ ᠤᠨ ᠬᠡᠷᠡᠭᠯᠡᠭᠡᠨ ᠤ ᠰᠢᠨ᠎ᠡ | ᠮᠡᠷᠭᠡᠵᠢᠯ︾ ᠭᠡᠬᠦ ᠨᠣᠮ ᠠᠴᠠ ᠪᠠᠭᠤᠯᠭᠠᠪᠠ᠃ | |