ᠷᠠᠰᠢᠶᠠᠨ ᠬᠤᠳᠠ ᠶᠢᠨ ᠭᠠᠯ ᠰᠡᠷᠬᠡᠶᠢᠯᠡᠵᠦ ᠤᠨᠳᠠᠷᠠᠭᠠᠬᠤ ᠠᠪᠦᠷᠠᠨ ᠲᠤᠰᠠᠯᠠᠬᠤ ᠶᠡᠭᠡ ᠠᠩᠬᠢ ᠢᠳᠡᠬᠡᠨ ᠤᠮᠳᠠᠭᠠᠨ ᠤ ᠲᠠᠯᠠᠪᠦᠷ ᠢᠶᠠᠷ ᠬᠦᠷᠴᠦ ᠠᠮᠦᠷ ᠲᠦᠪᠰᠢᠨ ᠤ ᠪᠠᠶᠢᠴᠠᠭᠠᠯᠳᠠ ᠶᠠᠪᠤᠭᠤᠯᠤᠬᠰᠠᠨ ᠪᠠᠶᠢᠨ᠎ᠠ
ᠨᠡᠶᠢᠲᠡᠯᠡᠭᠰᠡᠨ ᠴᠠᠭ᠄
2023/6/30
     ᠬᠠᠷᠢᠶ᠎ᠠ ᠤᠷᠤᠨ ᠤ ᠪᠠᠨ ᠭᠠᠯ ᠤᠨ ᠠᠶᠤᠯ ᠢ ᠰᠡᠷᠬᠡᠶᠢᠯᠡᠨ ᠡᠵᠡᠮᠳᠡᠬᠦ ᠴᠢᠳᠠᠪᠦᠷᠢ ᠶᠢ ᠨᠢ ᠤᠯᠠᠮ ᠨᠢᠬᠡ ᠠᠯᠬᠤᠮ ᠲᠡᠭᠡᠭᠰᠢᠯᠡᠬᠦᠯᠵᠦ᠂ ᠭᠠᠯ ᠰᠡᠷᠬᠡᠶᠢᠯᠡᠵᠦ ᠤᠨᠳᠠᠷᠠᠭᠠᠬᠤ ᠠᠮᠦᠷ ᠲᠦᠪᠰᠢᠨ ᠤ ᠠᠵᠢᠯ ᠢ ᠦᠨᠡᠨ ᠬᠦ ᠰᠠᠶᠢᠳᠦᠷ ᠬᠢᠬᠦ ᠶᠢᠨ ᠲᠦᠯᠦ᠋ᠬᠡ᠂ ᠤᠶᠢᠷ᠎ᠠ ᠳᠤ᠂ ᠷᠠᠰᠢᠶᠠᠨ ᠬᠤᠳᠠ ᠶᠢᠨ ᠭᠠᠯ ᠰᠡᠷᠬᠡᠶᠢᠯᠡᠵᠦ ᠤᠨᠳᠠᠷᠠᠭᠠᠬᠤ ᠠᠪᠦᠷᠠᠨ ᠲᠤᠰᠠᠯᠠᠬᠤ ᠶᠡᠭᠡ ᠠᠩᠬᠢ ᠢᠳᠡᠬᠡᠨ ᠤᠮᠳᠠᠭᠠᠨ ᠤ ᠲᠠᠯᠠᠪᠦᠷ ᠢᠶᠠᠷ ᠬᠦᠷᠴᠦ᠂ ᠭᠠᠯ ᠰᠡᠷᠬᠡᠶᠢᠯᠡᠵᠦ ᠤᠨᠳᠠᠷᠠᠭᠠᠬᠤ ᠠᠮᠦᠷ ᠲᠦᠪᠰᠢᠨ ᠤ ᠪᠠᠶᠢᠴᠠᠭᠠᠯᠳᠠ ᠬᠢᠵᠡᠢ᠃     ᠪᠠᠶᠢᠴᠠᠭᠠᠯᠳᠠ ᠶᠢᠨ ᠲᠤᠮᠳᠠ᠂ ᠶᠡᠭᠡ ᠠᠩᠬᠢ ᠶᠢᠨ ᠭᠠᠯ ᠰᠠᠷᠬᠡᠶᠢᠯᠠᠵᠥ ᠤᠨᠳᠠᠷᠠᠭᠠᠬᠤ ᠬᠢᠨᠠᠯᠳᠠ ᠲᠠᠯᠪᠢᠬᠴᠢ ᠠᠴᠠ ᠲᠠᠯᠠᠪᠦᠷ ᠭᠠᠵᠠᠷ ᠤᠨ ᠠᠮᠦᠷ ᠲᠦᠪᠰᠢᠨ ᠤᠷᠤᠵᠦ ᠭᠠᠷᠬᠤ ᠡᠬᠦᠳᠡ᠂ ᠲᠠᠷᠬᠠᠭᠠᠬᠤ ᠵᠠᠮ ᠨᠢ ᠰᠠᠭᠠᠳ ᠦᠬᠡᠢ ᠨᠡᠪᠳᠡᠷᠡᠬᠦ ᠡᠰᠡᠬᠦ ᠶᠢ ᠭᠤᠤᠯᠳᠠᠯᠭ᠎ᠠ ᠲᠠᠢ ᠪᠠᠶᠢᠴᠠᠭᠠᠵᠦ᠂ ᠭᠠᠷᠬᠤ ᠵᠠᠮ ᠤᠨ ᠵᠢᠭᠠᠯᠳᠠ ᠲᠡᠮᠳᠡᠭ᠂ ᠪᠠᠴᠢᠮ ᠪᠠᠶᠢᠳᠠᠯ ᠢ ᠠᠷᠭᠠᠴᠠᠭᠠᠬᠤ ᠭᠡᠷᠡᠯᠳᠦᠬᠦᠯᠬᠡ ᠶᠢᠨ ᠳ᠋ᠤᠩ᠂ ᠭᠠᠯ ᠤᠨᠳᠠᠷᠠᠭᠠᠭᠤᠷ ᠵᠡᠷᠭᠡ ᠭᠠᠯ ᠰᠡᠷᠬᠡᠶᠢᠯᠡᠵᠦ ᠤᠨᠳᠠᠷᠠᠭᠠᠬᠤ ᠲᠤᠨᠤᠭ ᠲᠦᠬᠦᠭᠡᠷᠦᠮᠵᠢ ᠪᠦᠷᠢᠨ ᠲᠠᠭᠦᠯᠳᠡᠷ ᠪᠠᠶᠢᠬᠤ ᠪᠦᠭᠡᠳ ᠪᠦᠳᠦᠮᠵᠢᠳᠡᠢ ᠬᠡᠷᠡᠭᠯᠡᠵᠦ ᠪᠤᠯᠬᠤ ᠡᠰᠡᠬᠦ ᠂ ᠭᠠᠯ ᠰᠡᠷᠬᠡᠶᠢᠯᠡᠵᠦ ᠤᠨᠳᠠᠷᠠᠭᠠᠬᠤ ᠲᠤᠭᠤᠷᠢᠨ ᠪᠠᠶᠢᠴᠠᠭᠠᠯᠳᠠ ᠶᠢᠨ ᠲᠦᠷᠢᠮ ᠢ ᠲᠤᠭᠤᠰᠢᠯᠠᠭᠤᠯᠤᠬᠰᠠᠨ ᠡᠰᠡᠬᠦ ᠵᠡᠷᠭᠡ ᠪᠠᠶᠢᠳᠠᠯ ᠳᠤ ᠭᠤᠤᠯᠳᠠᠯᠭ᠎ᠠ ᠲᠠᠢ ᠪᠠᠶᠢᠴᠠᠭᠠᠯᠳᠠ ᠬᠢᠵᠡᠢ᠃ ᠪᠠᠶᠢᠴᠠᠭᠠᠯᠳᠠ ᠶᠢᠨ ᠲᠤᠮᠳᠠ ᠤᠯᠵᠦ ᠮᠡᠳᠡᠭᠰᠡᠨ ᠭᠠᠯ ᠰᠡᠷᠬᠡᠶᠢᠯᠡᠵᠦ ᠤᠨᠳᠠᠷᠠᠭᠠᠬᠤ ᠲᠠᠩᠰᠠ ᠡᠪᠬᠡᠮᠡᠯ ᠨᠢ ᠪᠦᠷᠢᠨ ᠪᠤᠰᠤ᠂ ᠴᠠᠬᠢᠯᠭᠠᠨ ᠬᠡᠷᠡᠭᠰᠡᠯ ᠤᠨ ᠱᠤᠭᠤᠮ ᠤᠨ ᠪᠠᠶᠢᠷᠢᠯᠠᠭᠤᠯᠤᠯᠳᠠ ᠨᠢ ᠱᠠᠭᠠᠷᠳᠠᠯᠭ᠎ᠠ ᠳᠤ ᠦᠯᠦ ᠨᠡᠶᠢᠴᠡᠬᠦ ᠵᠡᠷᠭᠡ ᠲᠠᠯᠳᠠ ᠬᠡᠮ ᠳᠤ ᠴᠢᠭᠯᠡᠬᠦᠯᠦ᠋ᠨ᠂ ᠲᠤᠰ ᠶᠡᠭᠡ ᠠᠩᠬᠢ ᠶᠢᠨ ᠭᠠᠯ ᠰᠠᠷᠬᠡᠶᠢᠯᠠᠵᠥ ᠤᠨᠳᠠᠷᠠᠭᠠᠬᠤ ᠬᠢᠨᠠᠯᠳᠠ ᠲᠠᠯᠪᠢᠬᠴᠢ ᠲᠤᠬᠠᠢ ᠶᠢᠨ ᠲᠠᠯᠠᠪᠦᠷ ᠤᠨ ᠬᠠᠷᠢᠭᠤᠴᠠᠯᠭᠠᠳᠠᠨ ᠢ ᠲᠠᠷᠦ᠋ᠬᠠᠨ ᠴᠡᠭᠴᠡᠯᠡᠨ ᠰᠠᠶᠢᠵᠢᠷᠠᠭᠤᠯᠬᠤ ᠶᠢ ᠱᠠᠭᠠᠷᠳᠠᠵᠦ᠂ ᠲᠤᠬᠠᠢ ᠶᠢᠨ ᠲᠠᠯᠠᠪᠦᠷ ᠲᠤᠨᠢ ᠴᠡᠭᠴᠡᠯᠡᠨ ᠰᠠᠶᠢᠵᠢᠷᠠᠭᠤᠯᠵᠦ ᠲᠡᠶᠢᠯᠬᠦ ᠦᠬᠡᠢ ᠶᠢ ᠨᠢ ︽ᠵᠠᠷᠯᠢᠬᠳᠠᠵᠦ ᠪᠠᠶᠢᠭᠠᠳ ᠬᠤᠭᠤᠴᠠᠭ᠎ᠠ ᠬᠢᠵᠠᠭᠠᠷᠯᠠᠨ ᠵᠠᠯᠠᠷᠠᠭᠤᠯᠬᠤ ᠮᠡᠳᠡᠭᠳᠡᠯ ᠤᠨ ᠪᠢᠴᠢᠭ︾ ᠪᠠᠭᠤᠯᠭᠠᠵᠦ᠂ ᠬᠤᠭᠤᠴᠠᠭ᠎ᠠ ᠬᠢᠵᠠᠭᠠᠷᠯᠠᠨ ᠴᠡᠭᠴᠡᠯᠡᠨ ᠰᠠᠶᠢᠵᠢᠷᠠᠭᠤᠯᠬᠤ ᠶᠢ ᠱᠠᠯᠠᠪᠳᠠᠭᠤᠯᠪᠠ᠃ ᠲᠤᠰ ᠤᠳᠠᠭᠠᠨ ᠤ ᠪᠠᠶᠢᠴᠠᠭᠠᠯᠳᠠ ᠨᠢ ᠢᠳᠡᠬᠡᠨ ᠤᠮᠳᠠᠭᠠᠨ ᠤ ᠲᠠᠯᠠᠪᠦᠷ ᠤᠨ ᠭᠠᠯ ᠰᠡᠷᠬᠡᠶᠢᠯᠡᠵᠦ ᠤᠨᠳᠠᠷᠠᠭᠠᠬᠤ ᠠᠮᠦᠷ ᠲᠦᠪᠰᠢᠨ ᠤ ᠬᠠᠮᠢᠶᠠᠷᠦᠯᠳᠠ ᠶᠢᠨ ᠠᠵᠢᠯ ᠢ ᠠᠰᠢᠬᠳᠠᠢ ᠲᠦᠷᠢᠮᠵᠢᠬᠦᠯᠵᠦ᠂ ᠬᠠᠷᠢᠶ᠎ᠠ ᠤᠷᠤᠨ ᠤ ᠭᠠᠯ ᠰᠡᠷᠬᠡᠶᠢᠯᠡᠵᠦ ᠤᠨᠳᠠᠷᠠᠭᠠᠬᠤ ᠠᠮᠦᠷ ᠲᠦᠪᠰᠢᠨ ᠤ ᠤᠷᠴᠢᠨ ᠲᠤᠭᠤᠷᠢᠨ ᠢ ᠦᠷᠬᠦᠯᠵᠢᠯᠡᠨ ᠲᠤᠬᠳᠠᠭᠤᠨ ᠪᠠᠶᠢᠯᠭᠠᠬᠤ ᠳᠤ ᠰᠠᠭᠤᠷᠢ ᠲᠠᠯᠪᠢᠬᠰᠠᠨ ᠪᠠᠶᠢᠨ᠎ᠠ᠃  
 
ᠢᠷᠡᠯᠲᠡ᠄ ᠬᠢᠩᠭᠠᠨ ᠤ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号