ᠸᠠᠩ ᠢᠦᠶ ᠴᠧᠩ᠄ ᠬᠠᠷᠢᠭᠤᠴᠠᠯᠭ᠎ᠠ ᠪᠠᠷ ᠢᠶᠠᠨ ᠰᠤᠷᠤᠭᠴᠢᠳ ᠤᠨ ᠢᠷᠡᠭᠡᠳᠦᠶ ᠶᠢ ᠭᠡᠷᠡᠯᠲᠦᠭᠦᠯᠦᠨ᠎ᠡ
ᠨᠡᠶᠢᠲᠡᠯᠡᠭᠰᠡᠨ ᠴᠠᠭ᠄
2023/7/27
   ︽ᠪᠦᠯᠬᠦᠮ ᠪᠠᠶᠢᠭᠤᠯᠬᠤ ᠮᠠᠶ᠋ᠢᠭ︾ ᠤᠨ ᠰᠤᠷᠭᠠᠨ ᠬᠥᠮᠦᠵᠢᠯ ᠢ ᠳᠡᠮᠵᠢᠨ ᠲᠤᠰᠠᠯᠠᠬᠤ ᠪᠠᠭᠰᠢ ᠸᠠᠩ ᠢᠦᠶ ᠴᠧᠩ ᠪᠣᠯ ᠤᠯᠠᠭᠠᠨᠬᠤᠲᠠ ᠶᠢᠨ ᠪᠠᠶᠢᠯᠦ ᠰᠤᠷᠭᠠᠭᠤᠯᠢ ᠶᠢᠨ ᠠᠩᠭ᠍ᠯᠢ ᠬᠡᠯᠡᠨ ᠤ ᠭᠤᠤᠯᠯᠠᠭᠴᠢ ᠪᠠᠭᠰᠢ ᠪᠣᠯᠤᠨ᠎ᠠ᠃ ᠵᠠᠯᠠᠶᠢᠳ ᠬᠤᠰᠢᠭᠤᠨ ᠤ ᠪᠠᠳᠠᠷᠬᠤ ᠭᠤᠣᠯ ᠰᠤᠷᠭᠠᠭᠤᠯᠢ ᠳᠤ ᠰᠤᠷᠭᠠᠨ ᠬᠥᠮᠦᠵᠢᠯ ᠢ ᠳᠡᠮᠵᠢᠭᠰᠡᠨ ᠨᠢᠭᠡ ᠵᠢᠯ ᠤᠨ ᠲᠤᠷᠰᠢ᠂ ᠲᠡᠷᠡ ᠪᠠᠭᠰᠢ ᠰᠤᠷᠤᠭᠴᠢᠳ ᠲᠠᠢ ᠰᠠᠨᠠᠯ ᠢᠶᠠᠨ ᠭᠦᠨᠵᠡᠭᠡᠢ ᠰᠣᠯᠢᠯᠴᠠᠵᠤ᠂ ᠥᠪᠡᠷ ᠤᠨ ᠪᠣᠳᠠᠲᠠᠢ ᠠᠵᠢᠯᠯᠠᠭ᠎ᠠ ᠪᠠ ᠤᠶᠤᠨ ᠤᠬᠠᠭᠠᠨ ᠢᠶᠠᠷ ᠢᠶᠠᠨ ᠬᠥᠳᠡᠭᠡ ᠲᠣᠰᠬᠤᠨ ᠤ ᠰᠤᠷᠭᠠᠨ ᠬᠥᠮᠦᠵᠢᠯ ᠤᠨ ᠬᠥᠭᠵᠢᠯᠲᠡ ᠳᠤ ᠬᠤᠪᠢ ᠨᠡᠮᠡᠷᠢ ᠪᠠᠨ ᠦᠵᠡᠭᠦᠯᠪᠡ᠃    ︽ᠪᠢᠳᠡᠨ ᠤ ᠣᠶᠢᠯᠠᠭᠠᠬᠤ ᠦᠭᠡᠢ ᠠᠰᠠᠭᠤᠳᠠᠯ ᠢ ᠸᠠᠩ ᠪᠠᠭᠰᠢ ᠠᠴᠠ ᠠᠰᠠᠭᠤᠬᠤ ᠪᠠᠷ ᠣᠴᠢᠳᠠᠭ᠂ ᠪᠠᠭᠰᠢ ᠪᠢᠳᠡᠨ ᠳᠤ ᠮᠠᠰᠢ ᠨᠠᠷᠢᠨ ᠨᠢᠮᠪᠠᠶ ᠬᠠᠷᠢᠭᠤᠯᠵᠤ ᠥᠭᠲᠡᠭ  ︾ᠭᠡᠵᠦ ᠪᠠᠳᠠᠷᠬ᠎ᠠ ᠶᠢᠨ ᠭᠤᠣᠯ ᠰᠤᠷᠭᠠᠭᠤᠯᠢ ᠶᠢᠨ ᠰᠤᠷᠤᠭᠴᠢ ᠶᠠᠩ ᠮᠧᠢ ᠮᠧᠢ ᠬᠡᠯᠡᠪᠡ᠃    ᠶᠠᠭᠠᠬᠢᠭᠠᠳ ᠸᠠᠩ ᠢᠦᠶ ᠴᠧᠩ ᠭᠡᠳᠡᠭ ᠡᠨᠡ ᠬᠦ ︽ᠭᠠᠳᠠᠨ᠎ᠠ ᠣᠷᠣᠨ ᠤ ᠬᠥᠮᠦᠨ︾ ᠨᠢ ᠨᠢᠭᠡᠨ ᠬᠥᠳᠡᠭᠡ ᠲᠣᠰᠬᠤᠨ ᠤ ᠪᠠᠭ᠎ᠠ ᠰᠤᠷᠭᠠᠭᠤᠯᠢ ᠲᠠᠢ ᠡᠶᠢᠮᠦ ᠭᠦᠨ ᠵᠤᠵᠠᠭᠠᠨ ︽ᠰᠠᠯᠤᠰᠢ ᠥᠬᠡᠶ ᠪᠠᠷᠢᠯᠳᠤᠯᠭ᠎ᠠ ᠲᠠᠢ︾ ᠪᠠᠶᠢᠳᠠᠭ ᠪᠣᠶ︖ ᠡᠭᠦᠨ ᠢ ᠪᠠᠰᠠ 2022 ᠣᠨ ᠤ 8 ᠰᠠᠷ᠎ᠠ ᠠᠴᠠ ᠡᠬᠢᠯᠡᠵᠦ ᠶᠠᠷᠢᠬᠤ ᠬᠡᠷᠡᠭᠲᠡᠶ ᠪᠠᠶᠢᠨ᠎ᠠ᠂ ᠲᠤᠬᠠᠶ ᠶᠢᠨ ᠦᠶ᠎ᠡ ᠳᠤ ᠠᠩᠬ᠎ᠠ ᠢᠷᠡᠭᠰᠡᠨ ᠸᠠᠩ ᠢᠦᠶ ᠴᠧᠩ ᠦᠭᠡ ᠬᠡᠯᠡ ᠨᠡᠪᠲᠡᠷᠡᠯᠴᠡᠬᠦ ᠥᠬᠡᠶ ᠠᠴᠠ ᠠᠶᠤᠵᠤ᠂ ᠳᠣᠲᠣᠷ᠎ᠠ ᠨᠢ ᠮᠠᠰᠢ ᠲᠣᠭᠲᠠᠭᠤᠨ ᠪᠤᠰᠤ ᠪᠠᠶᠢᠭᠰᠠᠨ ᠪᠣᠯᠪᠠᠴᠤ᠂ ᠬᠡᠤᠬᠡᠳ ᠤᠳ ᠤᠨ ᠡᠷᠳᠡᠮ ᠮᠡᠳᠡᠯᠭᠡ ᠶᠢ ᠬᠦᠰᠡᠨ ᠮᠥᠷᠥᠭᠡᠳᠦᠭᠰᠡᠨ ᠬᠠᠷᠠᠴᠠ ᠨᠢ ᠲᠡᠭᠦᠨ ᠢ ᠠᠭᠠᠵᠢᠮ ᠢᠶᠠᠷ ᠠᠳᠡᠬᠢ ᠶᠢ ᠬᠠᠶᠢᠷᠠᠯᠠᠭᠰᠠᠨ ᠪᠠᠶᠢᠨ᠎ᠠ᠃ ︽ᠠᠳᠡᠬᠢ ᠶᠢᠨ ᠬᠡᠦᠬᠡᠳ ᠤᠳ ᠲᠦᠢᠯ ᠤᠨ ᠪᠣᠷᠣᠭᠵᠢᠭᠤᠨ᠂ ᠲᠡᠳᠡ ᠨᠡᠩ ᠰᠠᠶᠢᠨ ᠥᠪᠡᠷ ᠢ ᠪᠠᠨ ᠴᠣᠭᠴᠠᠯᠠᠵᠤ᠂ ᠨᠡᠩ ᠰᠠᠶᠢᠨ ᠢᠷᠡᠭᠡᠳᠦᠢ ᠲᠠᠢ ᠪᠣᠯᠬᠤ ᠶᠤᠮ᠂ ᠮᠢᠨᠦ ᠦᠵᠡᠬᠦ ᠪᠠᠷ ᠣᠬᠤᠷᠬᠠᠨ ᠬᠤᠭᠤᠴᠠᠭᠠᠨ ᠳᠤ ᠰᠤᠷᠭᠠᠨ ᠬᠥᠮᠦᠵᠢᠯ ᠢ ᠳᠡᠮᠵᠢᠬᠦ ᠶᠢᠨ ᠤᠳᠬ᠎ᠠ ᠠᠭᠤᠯᠭ᠎ᠠ ᠨᠢ ᠬᠡᠦᠬᠡᠳ ᠲᠤ ᠬᠡᠳᠦᠢ ᠤᠯᠠᠨ ᠮᠡᠳᠡᠯᠭᠡ ᠵᠢᠭᠠᠬᠤ ᠳᠤ ᠪᠠᠶᠢᠬᠤ ᠪᠢᠰᠢ᠂ ᠬᠠᠷᠢᠨ ᠰᠤᠷᠤᠭᠴᠢᠳ ᠤᠨ ᠰᠡᠳᠬᠢᠯ ᠳᠤ ᠬᠠᠶᠢᠷ᠎ᠠ ᠪᠠ ᠮᠡᠳᠡᠯᠭᠡ ᠶᠢᠨ ᠦᠷ᠎ᠡ ᠶᠢ ᠲᠠᠷᠢᠬᠤ ᠳᠤ ᠪᠠᠶᠢᠬᠤ ᠶᠤᠮ︾ ᠭᠡᠵᠦ ᠸᠠᠩ ᠢᠦᠢ ᠴᠧᠩ ᠬᠡᠯᠡᠪᠡ᠃    ᠡᠩ ᠤᠨ ᠦᠶ᠎ᠡ ᠳᠤ ᠬᠢᠴᠢᠶᠡᠯ ᠬᠥᠮᠦᠵᠢᠯ ᠤᠨ ᠠᠵᠢᠯ ᠠᠴᠠ ᠭᠠᠳᠠᠨ᠎ᠠ᠂ ᠰᠤᠷᠤᠯᠭ᠎ᠠ ᠲᠡᠭᠦᠰᠬᠦ ᠠᠩᠭᠢ ᠶᠢᠨ ᠬᠢᠴᠢᠶᠡᠯ ᠤᠨ ᠪᠠᠭᠰᠢ ᠪᠣᠯᠤᠭᠰᠠᠨ ᠤ ᠬᠤᠪᠢ ᠳᠤ᠂ ᠰᠤᠷᠤᠭᠴᠢᠳ ᠤᠨ ᠬᠥᠳᠡᠯᠦᠯ ᠪᠠᠷᠢᠯ ᠪᠦᠬᠦᠨ ᠢ ᠠᠩᠬᠠᠷᠤᠨ᠂ ᠬᠡᠤᠬᠡᠳ ᠨᠢᠭᠡᠪᠦᠷᠢ ᠶᠢᠨ ᠪᠠᠶᠢᠳᠠᠯ ᠢ ᠰᠠᠶᠢᠨ ᠴᠡᠭᠡᠵᠢᠯᠡᠵᠦ᠂ ᠪᠠᠭ᠎ᠠ ᠰᠠᠭ᠎ᠠ ᠳᠠᠪᠰᠢᠯᠲᠠ ᠲᠠᠢ ᠯᠠ ᠶᠤᠮ ᠪᠣᠯ ᠴᠠᠭ ᠲᠤᠬᠠᠶ ᠳᠤᠨᠢ ᠬᠥᠬᠢᠭᠦᠯᠦᠨ ᠰᠠᠶᠢᠰᠢᠶᠠᠵᠤ᠂ ᠰᠤᠷᠤᠭᠴᠢᠳ ᠢ ᠬᠠᠪᠰᠤᠷᠤᠨ ᠥᠪᠡᠷ ᠤᠨ ᠢᠲᠡᠭᠡᠯ ᠢ ᠨᠢ ᠳᠠᠬᠢᠨ ᠱᠤᠭᠤᠬᠤ ᠶᠢᠨ ᠬᠠᠮᠲᠤ ᠬᠢᠴᠢᠶᠡᠯ ᠤᠨ ᠭᠠᠳᠠᠨᠠᠬᠢ ᠴᠠᠭ ᠢ ᠨᠢ ᠠᠰᠢᠭᠯᠠᠨ ᠨᠢᠭᠡ ᠨᠢᠭᠡ ᠪᠠᠷ ᠵᠢᠭᠠᠨ ᠵᠢᠯᠣᠭᠤᠳᠤᠨ᠎ᠠ᠃ ︽ᠣᠳᠣ ᠬᠡᠦᠬᠡᠳ ᠨᠢ ᠠᠩᠬ᠎ᠠ ᠵᠡᠷᠭᠡ ᠶᠢᠨ ᠳᠤᠮᠳᠠᠳᠤ ᠰᠤᠷᠭᠠᠭᠤᠯᠢ ᠳᠤ ᠰᠢᠯᠭᠠᠭᠤᠯᠬᠤ ᠱᠠᠲᠤᠨ ᠳᠤ ᠪᠠᠶᠢᠨ᠎ᠠ᠂ ᠴᠠᠭ ᠪᠠᠶᠢᠪᠠᠯ ᠸᠠᠩ ᠪᠠᠭᠰᠢ ᠲᠡᠭᠦᠨ ᠳᠤ ᠬᠠᠪᠰᠤᠷᠤᠨ ᠵᠢᠯᠣᠭᠤᠳᠬᠤ ᠪᠠᠷ ᠢᠷᠡᠵᠦ ᠪᠠᠶᠢᠨ᠎ᠠ︾ ᠭᠡᠵᠦ ᠭᠡᠵᠦ ᠵᠠᠯᠠᠶᠢᠳ ᠬᠤᠰᠢᠭᠤᠨ ᠤ ᠪᠠᠳᠠᠷᠠᠬᠤ ᠭᠤᠣᠯ ᠰᠤᠷᠭᠠᠭᠤᠯᠢ ᠶᠢᠨ ᠰᠤᠷᠤᠭᠴᠢ ᠶᠢᠨ ᠭᠡᠷ ᠤᠨ ᠠᠬᠠᠮᠠᠳ ᠰᠢᠶᠧ ᠶᠢᠨ ᠯᠢᠶᠠᠨ ᠬᠡᠯᠡᠪᠡ    ᠭᠡᠪᠡᠴᠦ ᠥᠨᠳᠥᠷ ᠬᠦᠴᠦᠯᠡᠴᠡ ᠲᠠᠢ ᠠᠵᠢᠯ ᠤᠨ ᠳᠣᠣᠷ᠎ᠠ᠂ ᠸᠠᠩ ᠢᠦᠢ ᠴᠧᠩ ᠤᠨ ᠪᠡᠶ᠎ᠡ ᠬᠠᠮᠤᠭ ᠲᠦᠷᠦᠭᠦᠨ ᠳᠤ ᠰᠡᠷᠡᠮᠵᠢ ᠥᠭᠴᠦ᠂ ᠲᠤᠰ ᠬᠤᠭᠤᠴᠠᠭᠠᠨ ᠤ ᠰᠤᠷᠭᠠᠭᠤᠯᠢ ᠡᠬᠢᠯᠡᠬᠦ ᠡᠬᠢᠨ ᠤ ᠦᠶ᠎ᠡ ᠳᠤ ᠪᠡᠶ᠎ᠡ ᠨᠢ ᠡᠪ ᠦᠭᠡᠢ ᠰᠠᠨᠠᠭᠳᠠᠪᠠ᠂ ᠪᠠᠶᠢᠴᠠᠭᠠᠭᠰᠠᠨ ᠤ ᠳᠠᠷᠠᠭ᠎ᠠ ᠤᠤᠯ ᠤᠨ 3 ᠰᠠᠨᠲ᠋ᠢᠮᠧᠲᠷ ᠣᠷᠴᠢᠮ ᠤᠨ ᠪᠠᠮᠪᠠᠢ ᠪᠤᠯᠴᠢᠷᠬᠠᠶ ᠶᠢᠨ ᠭᠥᠪᠳᠦᠷᠦᠦ ᠨᠢ ᠬᠠᠭᠠᠰ ᠵᠢᠯ ᠤᠨ ᠳᠣᠲᠣᠷ᠎ᠠ ᠮᠠᠰᠢ ᠲᠦᠷᠭᠡᠨ ᠢᠶᠠᠷ ᠨᠡᠮᠡᠭᠳᠡᠭᠡᠳ 5 ᠰᠠᠨᠲ᠋ᠢᠮᠧᠲᠷ ᠰᠢᠬᠠᠮ ᠪᠣᠯᠤᠭᠰᠠᠨ ᠢ ᠣᠯᠵᠤ ᠮᠡᠳᠡᠵᠡᠢ᠃ ᠨᠡᠮᠡᠭᠳᠡᠯ ᠤᠨ ᠬᠤᠷᠳᠤᠴᠠ ᠨᠢ ᠨᠡᠯᠢᠶᠡᠳ ᠲᠦᠷᠭᠡᠨ ᠪᠣᠯᠬᠤᠷ᠂ ᠡᠮᠴᠢ ᠠᠴᠠ ᠳᠠᠷᠦ᠋ᠢᠬᠠᠨ ᠮᠡᠰᠡ ᠵᠠᠰᠠᠯ ᠬᠢᠬᠦ ᠶᠢ ᠰᠠᠨᠠᠭᠠᠴᠢᠯᠠᠪᠠ᠃    ︽ᠡᠮᠴᠢ ᠠᠴᠠ ᠳᠠᠷᠦ᠋ᠢᠬᠠᠨ ᠮᠡᠰᠡ ᠵᠠᠰᠠᠯ ᠬᠢᠬᠦ ᠶᠢ ᠰᠠᠨᠠᠭᠤᠯᠪᠠ᠂ ᠤᠴᠢᠷ ᠨᠢ ᠲᠡᠷᠡ ᠨᠢ ᠲᠣᠮᠣ ᠪᠣᠯᠤᠭᠰᠠᠨ ᠤ ᠳᠠᠷᠠᠭ᠎ᠠ ᠣᠷᠴᠢᠨ ᠲᠣᠭᠤᠷᠢᠨ ᠤ ᠮᠡᠳᠡᠷᠡᠯ ᠢ ᠳᠠᠷᠤᠵᠤ᠂ ᠠᠮᠢᠰᠬᠤᠯ ᠴᠢᠬᠤᠯᠳᠠᠬᠤ ᠪᠠᠶᠢᠳᠠᠯ ᠭᠠᠷᠴᠤ ᠮᠡᠳᠡᠨ᠎ᠡ᠂ ᠭᠡᠪᠡᠴᠦ ᠬᠡᠦᠬᠡᠳ ᠤᠳ ᠬᠠᠭᠠᠰ ᠵᠢᠯ ᠤᠨ ᠬᠤᠭᠤᠴᠠᠭ᠎ᠠ ᠪᠠᠶᠢᠪᠠᠯ ᠰᠤᠷᠭᠠᠭᠤᠯᠢ ᠲᠡᠭᠦᠰᠦᠨ᠎ᠡ᠂ ᠡᠨᠡ ᠦᠶ᠎ᠡ ᠳᠤ ᠪᠠᠭᠰᠢ ᠪᠠᠨ ᠰᠣᠯᠢᠬᠤ ᠨᠢ ᠬᠡᠦᠬᠡᠳ ᠲᠤ ᠶᠡᠭᠡ ᠨᠥᠯᠥᠭᠡ ᠲᠠᠢ ᠪᠣᠯᠬᠤᠷ ᠪᠢ ᠰᠤᠷᠭᠠᠭᠤᠯᠢ ᠪᠠᠨ ᠲᠡᠭᠦᠰᠦᠭᠰᠡᠨ ᠤ ᠳᠠᠷᠠᠭ᠎ᠠ ᠮᠡᠰᠡ ᠵᠠᠰᠠᠯ ᠬᠢᠬᠦ ᠪᠠᠷ  ᠰᠢᠢᠳᠦᠭᠰᠡᠨ ᠶᠤᠮ︾  ᠭᠡᠵᠦ ᠸᠠᠩ ᠢᠦᠢ ᠴᠧᠩ ᠬᠡᠯᠡᠪᠡ᠃    ︽ᠪᠦᠯᠬᠦᠮ ᠪᠠᠶᠢᠭᠤᠯᠬᠤ ᠮᠠᠶ᠋ᠢᠭ︾ ᠤᠨ ᠬᠠᠪᠰᠤᠷᠤᠨ ᠲᠡᠳᠬᠦᠬᠦ ᠠᠵᠢᠯ ᠢ ᠪᠣᠳᠠᠲᠠᠢ ᠳᠤ ᠨᠠᠶᠢᠳᠠᠪᠤᠷᠢᠵᠢᠭᠤᠯᠤᠨ ᠦᠷ᠎ᠡ ᠪᠦᠲᠦᠮᠵᠢ ᠭᠠᠷᠭᠠᠬᠤ ᠶᠢᠨ ᠲᠥᠯᠥᠭᠡ᠂ ᠨᠡᠩ ᠴᠤ ᠰᠤᠷᠭᠠᠨ ᠬᠥᠮᠦᠵᠢᠯ ᠢᠶᠠᠷ ᠬᠠᠪᠰᠤᠷᠤᠨ ᠲᠡᠳᠬᠦᠬᠦ ᠶᠢ ᠭᠦᠨᠵᠡᠭᠡᠶᠢᠷᠡᠭᠦᠯᠵᠦ᠂ ᠪᠣᠳᠠᠲᠠᠢ᠂ ᠬᠤᠯᠠ ᠵᠠᠮᠨᠠᠭᠤᠯᠬᠤ ᠶᠢᠨ ᠲᠥᠯᠥᠭᠡ᠂ ᠸᠠᠩ ᠢᠦᠢ ᠴᠧᠩ ᠯᠠᠪᠳᠠᠭᠤᠨ ᠪᠠᠲᠤᠲᠠᠢ ᠪᠠᠷ ᠠᠵᠢᠯ ᠤᠨ ᠪᠠᠶᠢᠷᠢ ᠳᠡᠭᠡᠷ᠎ᠡ ᠪᠠᠨ ᠪᠠᠲᠤ ᠰᠠᠬᠢᠵᠤ᠂ ᠴᠠᠭ ᠦᠶ᠎ᠡ ᠶᠢ ᠦᠯᠦ ᠬᠥᠰᠡᠷᠳᠡᠭᠦᠯᠬᠦ ᠬᠦᠰᠡᠯ ᠵᠡᠭᠦᠳᠦ ᠪᠠᠨ ᠬᠥᠭᠡᠭᠡᠴᠡᠯᠳᠦᠭᠴᠢ ᠪᠣᠯᠤᠭᠰᠠᠨ ᠪᠠᠶᠢᠨ᠎ᠠ᠃    
 
ᠢᠷᠡᠯᠲᠡ᠄ ᠬᠢᠩᠭᠠᠨ ᠤ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号