ᠵᠠᠯᠠᠭᠤ ᠪᠠᠶᠢᠬᠤ ᠶᠢᠨ ᠳᠣᠯᠠᠳᠠ ᠪᠠᠷᠢᠮᠳᠠᠯᠠᠬᠤ ᠳᠠᠳᠬᠠᠯ ᠤᠳ
ᠨᠡᠶᠢᠲᠡᠯᠡᠭᠰᠡᠨ ᠴᠠᠭ᠄
2023/8/1
       1. ᠦᠲᠡᠯᠦᠨ ᠦᠲᠡᠯᠦᠲᠡᠯ᠎ᠡ ᠪᠠᠨ ᠰᠢᠨ᠎ᠡ ᠵᠦᠢᠯ ᠢ ᠰᠣᠷᠣᠯᠴᠠᠵᠦ ᠪᠠᠶᠢᠬᠤ ᠭᠡᠷᠡᠭᠳᠡᠢ᠃ ᠬᠥᠮᠥᠨ ᠨᠠᠰᠣᠨ  ᠳᠣᠷᠰᠢᠳᠡ ᠰᠣᠷᠴᠦ ᠰᠣᠳᠣᠯᠵᠦ ᠪᠠᠶᠢᠬᠤ ᠪᠣᠯ ᠮᠠᠰᠢ ᠴᠢᠬᠤᠯᠠ ᠶᠤᠮ᠃ ᠰᠢᠨ᠎ᠡ ᠨᠢᠭᠡᠨ ᠬᠥᠭᠵᠢᠮ᠂ ᠨᠢᠭᠡ  ᠳᠦᠷᠦᠯ ᠤᠨ ᠬᠡᠯᠡ᠂ ᠡᠰᠡᠬᠦᠯ᠎ᠡ ᠰᠢᠨ᠎ᠡ ᠬᠤᠭᠤᠯᠠ ᠪᠤᠳᠠᠭ᠎ᠠ ᠬᠢᠵᠦ ᠰᠣᠷᠴᠦ ᠣᠷᠣᠯᠳᠣᠵᠦ ᠪᠠᠶᠢᠭᠠᠷᠠᠢ᠃           2. ᠬᠠᠭᠤᠴᠢᠨ ᠳᠠᠳᠬᠠᠯ ᠪᠠ ᠦᠪᠡᠷ ᠤᠨ ᠢᠶᠠᠨ ᠲᠤᠷᠰᠢᠯᠭ᠎ᠠ ᠪᠠᠨ ᠯᠡ ᠮᠦᠷᠳᠡᠬᠦ ᠪᠢᠰᠢ᠂ ᠬᠠᠷᠢᠨ ᠰᠢᠨ᠎ᠡ  ᠵᠦᠢᠯ ᠢ ᠵᠠᠯᠭ᠎ᠠ ᠰᠣᠨᠢᠷᠬᠠᠵᠤ ᠤᠷᠤᠯᠳᠣᠵᠦ ᠪᠠᠶᠢᠬᠤ ᠪᠣᠯ ᠵᠠᠯᠠᠭᠤ ᠨᠠᠰᠤᠨ ᠤ ᠬᠦᠬᠡᠬᠡᠴᠡᠯᠳᠦᠯ ᠶᠤᠮ᠃          3. ᠢᠯᠡᠬᠦᠬᠡᠨ ᠬᠦᠳᠡᠯᠵᠦ ᠪᠠᠢ᠃ ᠬᠦᠮᠦᠨ ᠬᠦᠭᠰᠢᠷᠡᠵᠦ ᠪᠢᠰᠢ ᠬᠦᠰᠢᠵᠦ ᠦᠬᠦᠳᠡᠭ ᠬᠡᠰᠡᠨ ᠦᠬᠡ  ᠪᠠᠶᠢᠳᠠᠭ᠃ ᠥᠲᠡᠯᠬᠦ ᠠᠴᠠ ᠰᠡᠷᠬᠡᠶᠢᠯᠡᠬᠦ ᠳᠤ ᠪᠡᠶ᠎ᠡ ᠲᠠᠮᠢᠷ ᠤᠨ ᠪᠣᠯᠪᠠᠰᠤᠷᠠᠯ ᠶᠡᠭᠡ ᠴᠢᠬᠤᠯᠠ᠃        4. ᠪᠦᠬᠦ ᠶᠠᠪᠤᠳᠠᠯ ᠢ ᠵᠦᠪ ᠳᠠᠯ᠎ᠠ ᠠᠴᠠ ᠨᠢ ᠰᠡᠳᠬᠢᠵᠦ ᠰᠣᠷ᠃ ᠠᠮᠢᠳᠤᠷᠠᠯ ᠳᠤ ᠰᠡᠳᠬᠢᠯ ᠰᠠᠨᠠᠭ᠎ᠠ  ᠪᠤᠬᠢᠨᠢᠳᠣᠭᠤᠯᠬᠤ ᠶᠠᠪᠤᠳᠠᠯ ᠲᠣᠬᠢᠶᠠᠯᠳᠤᠬᠤ ᠨᠢ ᠵᠠᠶᠢᠯᠠᠰᠢ ᠦᠭᠡᠢ᠃ ᠬᠠᠷᠢᠨ ᠪᠤᠯᠵᠦ ᠦᠩᠭᠡᠷᠡᠭᠰᠡᠨ ᠶᠠᠪᠤᠳᠠᠯ ᠢ  ᠦᠬᠡᠷᠡᠴᠢᠯᠡᠵᠦ ᠦᠯᠦ ᠴᠢᠳᠠᠪᠠᠴᠦ ᠡᠬᠦᠨ ᠳᠤ ᠶᠠᠭᠠᠬᠢᠵᠦ ᠬᠠᠨᠳᠣᠬᠤ ᠪᠤᠢ ᠬᠡᠳᠡᠭ ᠨᠢ ᠴᠢᠬᠤᠯᠠ ᠶᠤᠮ᠃ ᠠᠮᠢᠳᠤᠷᠠᠯ  ᠶᠠᠭ ᠲᠣᠯᠢ ᠰᠢᠭ᠋᠂ ᠥᠭᠡᠳᠡ ᠠᠴᠠ ᠨᠢ ᠬᠠᠷᠠᠭᠠᠳ ᠮᠦᠰᠢᠶᠡᠬᠦ ᠳᠤ ᠲᠡᠷᠡ ᠮᠦᠨ ᠢᠨᠢᠶᠡᠮᠰᠦᠭᠯᠡᠨ᠎ᠡ᠃ ᠦᠬᠡᠳᠡ  ᠦᠬᠡᠢ ᠲᠡᠰᠢ ᠨᠢ ᠪᠤᠳᠤᠭᠠᠳ ᠪᠠᠶᠢᠪᠠᠯ ᠪᠤᠯᠬᠤ ᠦᠬᠡᠢ ᠪᠦᠳᠦᠬᠦ ᠦᠬᠡᠢ ᠶᠠᠪᠤᠳᠠᠯ ᠤᠷᠢᠶᠠᠬᠤ ᠬᠡᠳ ᠯᠠ ᠪᠠᠶᠢᠳᠠᠭ᠃         5. ᠦᠪᠡᠷ ᠤᠨ ᠳᠤᠷ᠎ᠠ ᠰᠣᠨᠢᠷᠬᠠᠯ ᠲᠠᠢ ᠪᠠᠶᠢᠬᠤ ᠬᠡᠷᠡᠭᠲᠡᠢ᠃ ᠵᠠᠯᠠᠭᠤᠴᠤᠳ ᠶᠠᠳᠠᠵᠦ ᠨᠢᠬᠡ ᠵᠦᠢᠯ ᠳᠤ  ᠳᠣᠷᠠᠳᠠᠢ ᠪᠠᠶᠢᠬᠤ ᠨᠢ ᠠᠮᠢᠳᠤᠷᠠᠯ ᠢ ᠣᠳᠬ᠎ᠠ ᠠᠭᠤᠯᠭ᠎ᠠ ᠲᠠᠢ ᠪᠣᠯᠭᠠᠬᠤ ᠳᠤ ᠳᠣᠰᠠ ᠪᠤᠯᠳᠠᠭ᠃       ᠢᠷᠡᠯᠲᠡ᠄  
 
ᠢᠷᠡᠯᠲᠡ᠄ ᠰᠢᠯᠢ ᠶᠢᠨ ᠭᠤᠣᠯ ᠠᠶᠢᠮᠠᠭ ᠤᠨ ᠵᠠᠬᠢᠷᠭ᠎ᠠ ᠶᠢᠨ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号