ᠨᠠᠵᠠᠭᠠᠢ ᠳᠠᠳᠬᠠᠯ
ᠨᠡᠶᠢᠲᠡᠯᠡᠭᠰᠡᠨ ᠴᠠᠭ᠄
2023/8/1
  1. ᠶᠠᠭᠤᠮ᠎ᠠ ᠪᠦᠬᠦᠨ ᠪᠡᠯᠡᠨ ᠪᠤᠯᠤᠬᠰᠠᠨ ᠤ ᠬᠤᠶᠢᠨ᠎ᠠ ᠡᠬᠢᠯᠡᠬᠦᠯᠳᠡᠭ ᠢᠶᠠᠨ ᠪᠤᠯᠢ᠃ ᠠᠵᠠ ᠳᠣᠬᠢᠶᠠᠯ ᠵᠦᠪ  ᠵᠦᠭᠡᠷ ᠡᠮᠦᠨ᠎ᠡ ᠴᠢᠨᠢ ᠢᠷᠡᠴᠢᠬᠡᠳᠡᠭ ᠪᠢᠰᠢ᠂ ᠬᠠᠷᠢᠨ ᠬᠦᠳᠡᠯᠮᠦᠷᠢᠯᠡᠵᠦ ᠪᠠᠶᠢᠵᠦ ᠠᠪᠴᠢᠷᠠᠳᠠᠭ ᠶᠤᠮ᠃ ᠡᠶᠢᠮᠦ  ᠪᠤᠯᠬᠤᠷ ᠬᠦᠯᠢᠶᠡᠬᠡᠳ ᠰᠠᠭᠤᠬᠤ ᠶᠢᠨ ᠤᠷᠤᠨ ᠳᠤ ᠬᠦᠳᠡᠯᠵᠦ ᠪᠠᠢ᠃         2. ᠰᠣᠷᠣᠯᠴᠠᠬᠤ ᠪᠠᠨ ᠪᠢᠳᠡᠬᠡᠢ ᠵᠤᠬᠰᠦ᠃ ᠰᠢᠨ᠎ᠡ ᠶᠢ ᠰᠣᠷᠬᠤ ᠦᠬᠡᠢ ᠪᠠᠶᠢᠬᠤ ᠴᠢᠨᠢ ᠶᠠᠭᠤᠮᠠᠨ ᠠᠴᠠ  ᠬᠤᠴᠤᠷᠴᠦ ᠪᠠᠶᠢᠨ᠎ᠠ ᠯᠡ ᠬᠡᠰᠡᠨ ᠦᠬᠡ᠃ ᠮᠡᠳᠡᠯᠬᠡ ᠳᠤ ᠬᠢᠵᠠᠭᠠᠷ ᠪᠠᠶᠢᠳᠠᠭ ᠦᠬᠡᠢ ᠶᠢᠨ ᠤᠴᠢᠷ ᠴᠠᠭ ᠢᠮᠠᠬᠳᠠ  ᠰᠣᠷᠴᠦ ᠰᠣᠳᠣᠯᠵᠦ ᠪᠠᠶᠢᠪᠠᠯ ᠦᠪᠡᠷ ᠢ ᠪᠠᠨ ᠵᠢᠩᠬᠢᠨᠢ ᠬᠦᠭᠵᠢᠬᠦᠯᠵᠦ ᠴᠢᠳᠠᠨ᠎ᠠ᠃         3. ᠪᠤᠰᠤᠳ ᠢ ᠪᠢᠳᠡᠬᠡᠢ ᠰᠣᠬᠤᠷ ᠢᠶᠠᠷ ᠳᠠᠭᠤᠷᠢᠶᠠ᠃ ᠬᠦᠮᠦᠨ ᠪᠤᠯᠭᠠᠨ ᠳᠤ ᠦᠪᠡᠷ ᠦᠪᠡᠷ ᠤᠨ ᠬᠢᠨᠢ  ᠠᠪᠢᠶᠠᠰ ᠪᠤᠶᠤ ᠴᠢᠳᠠᠬᠤ ᠴᠢᠳᠠᠬᠤ ᠦᠬᠡᠢ ᠵᠦᠢᠯ ᠬᠡᠵᠦ ᠪᠠᠶᠢᠳᠠᠭ᠃ ᠡᠨᠡ ᠶᠢ ᠪᠠᠨ ᠯᠠ ᠪᠠᠳᠠᠷᠠᠭᠤᠯ᠂ ᠬᠠᠷᠢᠨ  ᠰᠣᠬᠤᠷ ᠢᠶᠠᠷ ᠪᠤᠰᠤᠳ ᠢ ᠳᠠᠭᠤᠷᠢᠶᠠᠭᠠᠳ᠂ ᠴᠠᠭ ᠢᠶᠠᠨ ᠦᠷᠡᠵᠦ ᠪᠡᠶ᠎ᠡ ᠪᠠᠨ ᠪᠠᠷᠠᠬᠤ ᠬᠡᠷᠡᠭ ᠠᠯᠠᠭ᠎ᠠ᠃        4. ᠵᠠᠯᠠᠭᠤ ᠶᠢᠨ ᠨᠠᠮᠪᠠ ᠪᠠᠨ ᠪᠢᠳᠡᠬᠡᠢ ᠤᠷᠬᠢ᠃ ᠬᠦᠭᠰᠢᠨ ᠵᠠᠯᠠᠭᠤ ᠬᠡᠳᠡᠭ ᠵᠠᠷᠢᠮ ᠳᠠᠭᠠᠨ ᠨᠠᠰᠦ ᠵᠢᠯ ᠲᠠᠢ  ᠬᠠᠮᠢᠶ᠎ᠠ ᠦᠬᠡᠢ ᠪᠠᠶᠢᠳᠠᠭ᠃ ᠬᠡᠵᠢᠶᠡᠳᠡ ᠵᠠᠯᠠᠭᠤ ᠬᠦᠮᠦᠨ ᠰᠢᠭ ᠴᠤᠭᠯᠢᠭ᠂ ᠶᠠᠭᠤᠨ ᠳᠤ ᠴᠦ ᠪᠠᠭᠤᠵᠦ ᠥᠭᠳᠡᠭ  ᠦᠬᠡᠢ᠂ ᠵᠤᠷᠢᠭᠳᠠᠢ ᠳᠠᠶᠢᠴᠢᠨ ᠬᠡᠪ ᠢᠶᠠᠷ ᠢᠶᠠᠨ ᠪᠠᠶᠢᠬᠤ ᠶᠢ ᠬᠢᠴᠢᠶᠡ᠃        5. ᠳᠡᠮᠡᠢ ᠪᠠᠯᠠᠢ ᠴᠠᠭ ᠦᠷᠡᠬᠦ ᠪᠠᠨ ᠪᠤᠯᠢ᠃ ᠵᠣᠷᠢᠬᠰᠠᠨ ᠠᠵᠢᠯ ᠢᠶᠠᠨ ᠬᠦᠷᠡᠶᠢᠵᠦ ᠪᠠᠶᠢᠭᠠᠳ ᠵᠣᠷᠢᠬᠳᠠᠢ ᠬᠢ  ᠂ ᠠᠯᠵᠢᠶᠠᠯ ᠴᠢᠯᠡᠭᠡ ᠴᠢᠨᠢ ᠠᠶᠠᠨᠳᠠᠭᠠᠨ ᠮᠠᠷᠳᠠᠬᠳᠠᠵᠦ᠂ ᠠᠮᠵᠢᠯᠳᠠ ᠶᠢᠨ ᠰᠠᠶᠢᠬᠠᠨ ᠮᠡᠳᠡᠷᠡᠮᠵᠢ ᠦᠪᠡᠷ ᠲᠤ ᠴᠢᠨᠢ  ᠠᠮᠳᠠᠬᠳᠠᠬᠤ ᠴᠠᠭ ᠪᠤᠢ᠃ ᠡᠨᠡ ᠪᠣᠯ ᠰᠠᠶ᠋ᠢ ᠠᠮᠢᠳᠦ ᠶᠠᠪᠤᠬᠤ ᠶᠢᠨ ᠵᠢᠩᠬᠢᠨᠢ ᠤᠳᠬ᠎ᠠ ᠤᠴᠢᠷ ᠶᠤᠮ᠃        6. ᠬᠡᠵᠢᠶᠡᠳᠡ ᠭᠤᠮᠣᠳᠠᠳᠠᠭ ᠢᠶᠠᠨ ᠪᠤᠯᠢ᠃ ᠪᠤᠰᠤᠳ ᠲᠤ ᠭᠤᠮᠣᠳᠠᠵᠦ ᠪᠤᠬᠢᠨᠢᠳᠣᠬᠤ ᠬᠡᠳᠡᠭ ᠶᠠᠭᠤ ᠶᠢ ᠴᠦ  ᠰᠢᠢᠳᠪᠦᠷᠢᠯᠡᠵᠦ ᠦᠯᠦ ᠴᠢᠳᠠᠬᠤ ᠬᠠᠮᠤᠭ ᠤᠨ ᠬᠡᠷᠡᠭ ᠦᠬᠡᠢ ᠵᠦᠢᠯ᠂ ᠬᠠᠷᠢᠨ ᠠᠰᠠᠭᠤᠳᠠᠯ ᠢ ᠣᠯᠠᠮ  ᠬᠦᠨᠳᠦᠷᠡᠬᠦᠯᠵᠦ ᠮᠡᠳᠡᠨ᠎ᠡ᠃ ᠢᠩᠬᠢᠵᠦ ᠪᠠᠶᠢᠬᠤ ᠶᠢᠨ ᠤᠷᠤᠨ ᠳᠤ ᠶᠠᠭᠤᠮ᠎ᠠ ᠶᠢ ᠦᠭᠡᠳᠡᠷᠬᠡᠭ ᠳᠠᠯ᠎ᠠ ᠠᠴᠠ ᠨᠢ  ᠢᠯᠡᠬᠦᠦ ᠬᠠᠷᠠᠵᠦ᠂ ᠵᠦᠪ ᠡᠨᠧᠷᠬᠢ ᠪᠤᠯᠭᠠᠨ ᠠᠰᠢᠬᠯᠠᠵᠦ ᠰᠣᠷ᠃         7. ᠴᠢᠳᠠᠬᠤ ᠦᠬᠡᠢ ᠶᠠᠭᠤᠮ᠎ᠠ ᠠᠴᠠ ᠪᠢᠳᠡᠬᠡᠢ ᠬᠠᠯᠠᠰᠢᠷᠠ᠃ ᠰᠠᠨᠠᠬᠰᠠᠨ ᠰᠠᠨᠠᠭ᠎ᠠ ᠴᠢᠳᠠᠯ ᠠᠴᠠ ᠴᠢᠨᠢ  ᠬᠡᠳᠦᠷᠡᠬᠦ ᠦᠶ᠎ᠡ ᠳᠤ ᠬᠦᠮᠦᠨ ᠬᠢᠮᠣᠷᠠᠵᠦ ᠡᠬᠢᠯᠡᠳᠡᠭ᠃ ᠪᠡᠯᠡᠨ ᠢ ᠢᠳᠡᠬᠡᠳ ᠰᠣᠷᠴᠢᠬᠠᠬᠰᠠᠨ ᠬᠦᠮᠦᠨ  ᠠᠮᠵᠢᠯᠳᠠ ᠶᠢᠨ ᠠᠷᠦ ᠳᠠᠬᠢ ᠵᠢᠷᠭᠠᠯ ᠤᠨ ᠠᠮᠳᠠ ᠶᠢ ᠮᠡᠳᠡᠳᠡᠭ ᠦᠬᠡᠢ᠃ ᠬᠠᠷᠢᠨ ᠴᠢᠳᠠᠬᠤ ᠦᠬᠡᠢ ᠶᠠᠭᠤᠮ᠎ᠠ ᠪᠠᠨ  ᠵᠣᠷᠢᠬᠳᠠᠢ ᠣᠷᠣᠯᠳᠣᠵᠦ᠂ ᠨᠡᠩ ᠶᠡᠭᠡ ᠳᠤ ᠰᠠᠨᠠᠭ᠎ᠠ ᠳᠠᠯᠪᠢᠵᠦ ᠪᠠᠶᠢᠪᠠᠯ ᠵᠦᠭᠡᠷ᠃       8. ᠪᠤᠷᠤᠭᠤᠳᠠᠬᠤ ᠠᠴᠠ ᠪᠢᠳᠡᠬᠡᠢ ᠠᠶᠤ᠃ ᠪᠤᠷᠤᠭᠤᠳᠠᠬᠤ ᠵᠦᠭᠡᠷ ᠡ᠂ ᠬᠠᠷᠢᠨ ᠶᠠᠭᠠᠬᠢᠵᠦ  ᠪᠤᠷᠤᠭᠤᠳᠠᠬᠰᠠᠨ ᠢᠶᠠᠨ ᠮᠡᠳᠡᠬᠦ ᠦᠬᠡᠢ ᠪᠠᠶᠢᠬᠤ ᠯᠠ ᠠᠰᠠᠭᠤᠳᠠᠯ ᠶᠤᠮ᠃ ᠬᠠᠷᠢᠨ ᠡᠨᠡ ᠨᠢ ᠠᠮᠢᠳᠣᠷᠠᠯ ᠳᠤ ᠴᠢᠨᠢ  ᠳᠣᠷᠰᠢᠯᠭ᠎ᠠ ᠪᠤᠯᠵᠦ᠂ ᠳᠠᠷᠠᠭ᠎ᠠ ᠤᠳᠠᠭ᠎ᠠ ᠵᠦᠪ ᠬᠢᠬᠦ ᠳᠤ ᠴᠢᠨᠢ ᠳᠣᠰᠠᠯᠠᠳᠠᠭ᠃       9. ᠪᠡᠶ᠎ᠡ ᠪᠠᠨ ᠬᠠᠭᠤᠷᠬᠤ ᠬᠡᠷᠡᠭ ᠦᠬᠡᠢ᠃ ᠪᠡᠶ᠎ᠡ ᠪᠠᠨ ᠬᠠᠭᠤᠷᠬᠤ ᠨᠢ ᠪᠤᠰᠤᠤᠨ ᠢ ᠬᠠᠭᠤᠷᠬᠤ ᠠᠴᠠ  ᠠᠮᠠᠷᠬᠠᠨ᠂ ᠬᠠᠷᠢᠨ ᠵᠠᠩᠰᠢᠴᠢᠬᠠᠪᠠᠯ ᠵᠠᠰᠠᠬᠤ ᠳᠤ ᠪᠡᠷᠬᠡ᠃ ᠦᠪᠡᠷ ᠢ ᠪᠠᠨ ᠵᠦᠪ ᠢᠶᠠᠷ ᠳᠠᠨᠢᠨ᠂ ᠡᠬᠦᠨ ᠢ ᠪᠠᠨ  ᠮᠡᠳᠡᠷᠡᠵᠦ᠂ ᠪᠡᠶ᠎ᠡ ᠪᠠᠨ ᠵᠠᠰᠠᠵᠦ ᠴᠢᠳᠠᠪᠠᠯ᠂ ᠠᠯᠤᠰ ᠤᠨ ᠬᠠᠷᠠᠭ᠎ᠠ ᠲᠠᠢ ᠵᠦᠪ ᠬᠦᠮᠦᠨ ᠪᠤᠯᠵᠦ ᠬᠦᠮᠦᠵᠢᠭᠳᠡᠨ᠎ᠡ᠃        10. ᠦᠩᠭᠡᠷᠡᠭᠰᠡᠨ ᠢᠶᠠᠨ ᠮᠠᠷᠳᠠᠵᠦ ᠰᠣᠷ᠃ ᠪᠤᠯᠵᠦ ᠦᠩᠭᠡᠷᠡᠭᠰᠡᠨ ᠶᠠᠪᠤᠳᠠᠯ ᠢ ᠤᠷᠬᠢ᠃ ᠬᠠᠷᠢᠨ  ᠢᠷᠡᠬᠡᠳᠦᠢ ᠣᠷᠣᠭᠤ ᠪᠠᠨ ᠢᠯᠡᠬᠦᠦ ᠬᠠᠷᠠᠵᠦ ᠪᠠᠶᠢᠭᠠᠷᠠᠢ᠃      
 
ᠢᠷᠡᠯᠲᠡ᠄ ᠰᠢᠯᠢ ᠶᠢᠨ ᠭᠤᠣᠯ ᠠᠶᠢᠮᠠᠭ ᠤᠨ ᠵᠠᠬᠢᠷᠭ᠎ᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号