ᠠᠷᠠᠳ ᠳᠠᠭᠠᠨ ᠬᠦᠷᠢᠶᠡᠯᠡᠯ ᠲᠠᠢ ᠨᠢᠭᠡᠳᠥᠭᠡᠷ ᠱᠦᠵᠢ ᠵᠠᠩ ᠱᠤᠤ ᠯᠢᠨ ᠤ ᠲᠤᠬᠠᠢ ᠰᠤᠷᠪᠤᠯᠵᠢᠯᠠᠭ᠎ᠠ
ᠨᠡᠶᠢᠲᠡᠯᠡᠭᠰᠡᠨ ᠴᠠᠭ᠄
2023/8/29
     ︽ᠭᠠᠴᠠᠭᠠᠨ ᠤ ᠠᠷᠠᠳ ᠶᠡᠭᠡ ᠶᠠᠪᠤᠳᠠᠯ ᠪᠠᠭ᠎ᠠ ᠤᠴᠢᠷ ᠪᠤᠯᠭᠠᠨ ᠵᠠᠩ ᠱᠦᠵᠢ ᠶᠢ ᠡᠷᠢᠵᠤ ᠵᠦᠪᠳᠡᠬᠦ ᠳᠤᠷᠠᠳᠠᠢ᠂ ᠬᠡᠵᠢᠶ᠎ᠡ ᠴᠤ ᠭᠡᠰᠡᠨ ᠬᠠᠮᠢᠶ᠎ᠠ ᠦᠬᠡᠢ᠂ ᠨᠢᠭᠡ ᠯᠡ ᠤᠳᠠᠰᠥ ᠠᠪᠤᠪᠠᠯ ᠳᠠᠷᠦ᠋ᠢᠬᠠᠨ ᠬᠦᠷᠥᠭᠡᠳ ᠢᠷᠡᠳᠡᠭ ᠁︾  ᠡ᠊ᠨᠡ ᠪᠣᠯ ᠲᠤᠰᠬᠤᠨ ᠳᠤ ᠰᠠᠭᠤᠭ᠎ᠠ ᠨᠢᠭᠡᠳᠥᠭᠡᠷ ᠱᠦᠵᠢ ᠵᠠᠩ ᠱᠤᠤ ᠯᠢᠨ ᠤ ᠤᠯᠠᠨ ᠲᠦᠮᠡᠨ ᠳᠤ ᠦᠯᠡᠳᠡᠭᠡᠭᠰᠡᠨ  ᠰᠠᠭᠤᠭᠳᠠᠯ᠃    ᠵᠠᠩ ᠱᠤᠤ ᠯᠢᠨ ᠪᠤᠯ ᠬᠢᠩᠭᠠᠨ ᠠᠶᠢᠮᠠᠭ ᠤᠨ ᠡᠪᠡᠳᠴᠢᠨ ᠡᠮᠭᠡᠭ ᠢ ᠰᠡᠷᠭᠡᠶᠢᠯᠡᠨ ᠡᠵᠡᠮᠳᠡᠬᠦ ᠲᠥᠪ ᠤᠨ  ᠠᠵᠢᠯᠳᠠᠨ᠂ ᠳᠡᠷᠡ 2022 ᠣᠨ ᠤ 3 ᠰᠠᠷ᠎ᠠ ᠠᠴᠠ ᠡᠬᠢᠯᠡᠨ ᠵᠠᠯᠠᠶᠢᠳ ᠬᠤᠰᠢᠭᠤᠨ ᠤ ᠪᠤᠯᠭᠠᠨᠬᠤᠸᠠ  ᠰᠤᠮᠤ ᠶᠢᠨ ᠶᠢᠨ ᠱᠠᠨ ᠭᠠᠴᠠᠭ᠎ᠠ ᠳᠤ ᠨᠢᠭᠡᠳᠦᠭᠡᠷ ᠱᠦᠵᠢ ᠶᠢᠨ ᠲᠤᠰᠢᠶᠠᠯ ᠢ ᠬᠠᠷᠢᠭᠤᠴᠠᠭᠰᠠᠨ ᠪᠠᠶᠢᠨ᠎ᠠ᠂ ᠤᠬᠤᠷᠬᠠᠨ  ᠨᠢᠭᠡ ᠵᠢᠯ ᠭᠠᠷᠤᠢ ᠶᠢᠨ ᠬᠤᠭᠤᠴᠠᠭᠠᠨ ᠳᠤ᠂ ᠨᠢᠭᠡ ᠰᠡᠳᠬᠢᠯ ᠭᠠᠭᠴᠠ ᠵᠤᠷᠢᠭ ᠢᠶᠠᠷ ᠭᠠᠴᠠᠭᠠᠨ ᠤ ᠠᠷᠠᠳ ᠲᠤ  ᠥᠢᠯᠡᠴᠢᠯᠡᠵᠤ ᠶᠠᠪᠤᠭᠰᠠᠨ ᠤ ᠬᠠᠷᠢᠭᠤ ᠳᠤ᠂ ᠤᠯᠠᠨ ᠤ ᠬᠦᠨᠳᠥᠳᠭᠡᠯ ᠪᠢᠰᠢᠷᠡᠯ ᠢ ᠤᠯᠤᠭᠰᠠᠨ ᠪᠠᠶᠢᠨ᠎ᠠ᠃    ︽ᠵᠠᠩ ᠱᠦᠵᠢ ᠡ᠂ ᠪᠢᠳᠡ ᠳᠠᠨ ᠢ ᠬᠠᠪᠰᠤᠷᠬᠤ ᠪᠠᠷ ᠢᠷᠡᠵᠡᠢ᠂ ᠬᠠᠮᠳᠥ ᠳᠠᠭᠠᠨ ᠬᠢᠪᠠᠯ ᠤᠳᠥ ᠬᠤᠶᠠᠷ  ᠡᠳᠥᠷ ᠠᠴᠠ ᠡ᠊ᠨᠡ ᠰᠠᠭᠰᠥᠨ ᠪᠦᠮᠪᠤᠭᠡᠨ ᠳᠠᠯᠠᠪᠤᠷ ᠢ ᠵᠠᠰᠠᠭᠠᠳ ᠪᠠᠷᠠᠴᠢᠬᠠᠨ᠎ᠠ ᠁︾ ᠡᠮᠥᠨᠡᠭᠡᠨ ᠂ ᠶᠢᠨ ᠱᠠᠨ  ᠭᠠᠴᠠᠭᠠᠨ ᠤ ᠠᠷᠠᠳ ᠪᠦᠦ ᠬᠠᠶ ᠵᠢᠶᠧ ᠬᠡᠳᠥᠨ ᠨᠠᠶᠢᠵᠠ ᠪᠠᠨ ᠳᠠᠭᠠᠭᠤᠯᠥ᠋ᠨ ᠵᠠᠩ ᠱᠦᠵᠢ ᠶᠢ ᠬᠠᠪᠰᠤᠷᠬᠤ ᠪᠠᠷ  ᠤᠴᠢᠭᠰᠠᠨ᠃ ᠵᠠᠩ ᠱᠤᠥ ᠯᠢᠨ ᠭᠠᠴᠠᠭᠠᠨ ᠤ ᠠᠷᠠᠳ ᠪᠡᠶ᠎ᠡ ᠪᠤᠯᠪᠠᠰᠤᠷᠠᠬᠤ ᠳᠠᠯᠠᠪᠤᠷ ᠦᠬᠡᠢ ᠶᠢ ᠮᠡᠳᠡᠭᠰᠡᠨ ᠤ  ᠲᠠᠷᠠᠭ᠎ᠠ ᠬᠢᠩᠭᠠᠨ ᠠᠶᠢᠮᠠᠭ ᠤᠨ ᠡᠪᠡᠳᠴᠢᠨ ᠡᠮᠭᠡᠭ ᠢ ᠰᠡᠷᠭᠡᠶᠢᠯᠡᠨ ᠡᠵᠡᠮᠳᠡᠬᠦ ᠲᠥᠪ ᠲᠠᠢ ᠵᠦᠪᠳᠡᠯᠴᠡᠭᠡᠳ 30  ᠲᠦᠮᠡᠨ ᠲᠦᠬᠦᠷᠢᠭ ᠤᠨ ᠪᠡᠯᠡ ᠮᠦᠡᠭᠬᠦ ᠠᠪᠴᠢᠷᠠᠨ ᠶᠢᠨ ᠱᠠᠨ ᠭᠠᠴᠠᠭᠠᠨ ᠳᠤ ᠰᠠᠭᠰᠥᠨ ᠪᠦᠮᠪᠤᠭᠡᠨ ᠳᠠᠯᠠᠪᠤᠷ  ᠪᠠᠶᠢᠭᠤᠯᠵᠤ ᠦᠭᠬᠦᠨ᠂ ᠪᠠᠰᠠ ᠰᠣᠶᠣᠯ ᠤᠨ ᠠᠵᠢᠯᠯᠠᠭᠠᠨ ᠤ ᠦᠷᠦᠭᠡ ᠶᠢ ᠪᠠᠶᠢᠭᠤᠯᠵᠤ ᠦᠭᠴᠡᠢ᠃    ︽ᠥᠩᠭᠡᠷᠡᠭᠰᠡᠨ ᠳᠤ ᠮᠠᠨ ᠤ ᠭᠠᠴᠠᠭᠠᠨ ᠳᠤ ᠪᠡᠶ᠎ᠡ ᠪᠤᠯᠪᠠᠰᠤᠷᠠᠬᠤ ᠳᠠᠯᠠᠪᠠᠢ ᠭᠡᠵᠤ ᠦᠬᠡᠢ᠂ ᠭᠠᠴᠠᠭᠠᠨ ᠤ  ᠠᠷᠠᠳ ᠤᠷᠤᠢ ᠶᠢᠨ ᠬᠤᠭᠤᠯᠠᠨ ᠤ ᠪᠠᠨ ᠳᠠᠷᠠᠭ᠎ᠠ ᠠᠭᠤᠳᠠᠮ ᠳᠠᠯᠠᠪᠠᠢ ᠶᠢᠨ ᠪᠦᠵᠢᠭ ᠪᠤᠯᠪᠠᠰᠤᠷᠠᠬᠤ ᠬᠡᠪᠡᠯ  ᠰᠢᠷᠥᠢ ᠶᠢᠨ ᠭᠠᠵᠠᠷ ᠳᠡᠭᠡᠷ᠎ᠡ ᠪᠠᠨ ᠳᠤᠭᠤᠰᠥ ᠮᠠᠨᠠᠨ ᠳᠡᠭᠳᠡᠬᠦᠯᠤᠭᠡᠳ ᠪᠦᠵᠢᠭᠯᠡᠵᠤ ᠪᠠᠶᠢᠭᠰᠠᠨ᠃ ᠵᠠᠩ ᠱᠦᠵᠢ ᠶᠢᠨ  ᠰᠠᠶᠢᠨ ᠢᠶᠠᠷ᠂ ᠪᠢᠳᠡ ᠤᠳᠥ ᠪᠡᠶ᠎ᠡ ᠪᠤᠯᠪᠠᠰᠤᠷᠠᠬᠤ ᠭᠠᠵᠠᠷ ᠲᠠᠢ ᠪᠤᠯᠤᠭᠰᠠᠨ᠂ ᠦᠳᠡᠰᠢ ᠶᠢᠨ ᠦᠶ᠎ᠡ ᠪᠠᠷ ᠵᠢᠵᠢᠭ  ᠰᠠᠨᠳᠠᠯᠢ ᠪᠠᠨ ᠠᠪᠴᠥ᠂ ᠬᠡᠳᠥᠬᠦᠯᠡ ᠪᠠᠨ ᠮᠤᠳᠥᠨ ᠰᠡᠬᠦᠳᠡᠷ ᠳᠤᠤᠷ᠎ᠠ ᠰᠡᠷᠢᠬᠦᠴᠡᠨ ᠰᠠᠭᠤᠵᠤ᠂ ᠠᠭᠤᠳᠠᠮ  ᠳᠠᠯᠠᠪᠠᠢ ᠶᠢᠨ ᠪᠦᠵᠢᠭ ᠰᠤᠨᠢᠷᠬᠠᠬᠤ ᠪᠤᠶᠤ ᠵᠠᠯᠠᠭᠤᠴᠤᠳ ᠤᠨ ᠰᠠᠭᠰᠥᠨ ᠪᠦᠮᠪᠦᠭᠡ ᠨᠠᠭᠠᠳᠬᠤ ᠶᠢ ᠦᠵᠡᠪᠡᠯ ᠶᠡᠭᠡ  ᠵᠦᠭᠡᠷ ᠰᠢᠥ᠂ ᠵᠠᠷᠢᠮ ᠳᠠᠭᠠᠨ ᠪᠢᠳᠡ ᠬᠡᠳᠥᠬᠦᠯᠡ ᠪᠠᠨ ᠪᠠᠰᠠ ᠬᠤᠭᠤᠷ ᠬᠦᠭᠵᠢᠮ ᠢᠶᠠᠨ ᠬᠦᠭᠯᠡᠬᠦᠯᠤᠨ᠂ ᠰᠢᠯᠦᠭ  ᠳᠠᠭᠤᠤ ᠪᠠᠨ ᠭᠠᠶᠢᠬᠠᠭᠤᠯᠴᠢᠬᠠᠨ᠎ᠠ ᠰᠢᠥ︾ ᠭᠡᠵᠦ ᠶᠢᠨ ᠱᠠᠨ ᠭᠠᠴᠠᠭᠠᠨ ᠤ ᠠᠷᠠᠳ ᠠᠨ ᠴᠦᠨ ᠰᠢᠩ ᠪᠠᠶᠠᠷᠲᠠᠢ ᠪᠠᠷ  ᠬᠡᠯᠡᠪᠡ᠃   ᠵᠠᠩ ᠱᠤᠤ ᠯᠢᠨ ᠰᠠᠶ᠋ᠢ ᠪᠤᠯᠭᠠᠨᠬᠤᠸᠠ ᠰᠤᠮᠤ ᠳᠤ ᠨᠢᠭᠡᠳᠥᠭᠡᠷ ᠱᠦᠵᠢ ᠪᠠᠷ ᠢᠷᠡᠬᠦ ᠳᠤ᠂ ᠲᠤᠰ ᠭᠠᠴᠠᠭᠠᠨ ᠤ  ᠳᠤᠬᠠᠢ ᠪᠠᠶᠢᠳᠠᠯ ᠢ ᠦᠴᠥᠭᠡᠨ ᠴᠤ ᠤᠶᠢᠯᠠᠭᠠᠬᠤ ᠦᠬᠡᠢ ᠪᠠᠶᠢᠪᠠ᠂ ᠭᠠᠴᠠᠭᠠᠨ ᠳᠤ ᠰᠠᠭᠤᠭᠰᠠᠨ ᠨᠢᠭᠡᠳᠥᠭᠡᠷ  ᠡᠳᠥᠷ ᠠᠴᠠ ᠡᠬᠢᠯᠡᠨ᠂ ᠳᠡᠷᠡ ᠡᠷᠥᠭᠡ ᠪᠠᠷ ᠬᠦᠨᠵᠡᠬᠡᠶᠢᠷᠡᠨ᠂ ᠠᠯᠢ ᠡᠷᠥᠭᠡ ᠶᠢᠨ ᠬᠢᠨ ᠭᠡᠷ ᠲᠡᠭᠡᠨ ᠦᠯᠡᠳᠡᠵᠤ  ᠬᠤᠴᠤᠷᠤᠭᠰᠠᠨ ᠬᠡᠥᠭᠡᠳ ᠲᠠᠢ ᠪᠠᠶᠢᠬᠤ᠂ ᠠᠯᠢ ᠡᠷᠥᠭᠡ ᠶᠢᠨ ᠬᠢᠨ ᠵᠡᠮᠳᠡᠭ ᠬᠦᠮᠥᠨ ᠪᠠᠶᠢᠬᠤ᠂ ᠠᠯᠢ  ᠡᠷᠥᠭᠡ ᠶᠢᠨ ᠬᠢᠨ ᠬᠠᠮᠤᠭ ᠨᠠᠭᠠᠳᠥ ᠵᠠᠬ᠎ᠠ ᠶᠢᠨ ᠠᠮᠢᠳᠤᠷᠠᠯ ᠤᠨ ᠪᠠᠳᠤᠯᠠᠪᠤᠷᠢ ᠶᠢᠨ ᠬᠠᠷᠠᠭᠠᠯᠵᠠᠯ ᠬᠦᠷᠳᠡᠵᠤ ᠪᠠᠶᠢᠬᠤ  ᠬᠡᠬᠦ ᠮᠡᠳᠥ ᠪᠠᠷ ᠳᠤᠪ ᠳᠤᠳᠤᠷᠬᠠᠢ ᠳᠡᠮᠳᠡᠭᠯᠡᠵᠤ ᠠᠪᠴᠠᠢ᠃ ᠪᠦᠳᠥᠨ ᠬᠤᠶᠠᠷ ᠰᠠᠷ᠎ᠠ ᠭᠡᠷ ᠲᠡᠭᠡᠨ ᠬᠠᠷᠢᠭᠰᠠᠨ ᠦᠬᠡᠢ  ᠂ ᠭᠠᠴᠠᠭᠠᠨ ᠳᠤ ᠰᠠᠭᠤᠵᠤ ᠪᠠᠶᠢᠳᠠᠯ ᠤᠶᠢᠯᠠᠭᠠᠵᠤ ᠶᠠᠪᠤᠵᠠᠢ᠃    ᠪᠷᠦ᠋ᠼᠧᠯ ᠡᠪᠡᠳᠴᠢᠨ ᠪᠣᠯ ᠮᠠᠯᠵᠢᠬᠤ ᠲᠠᠷᠢᠶᠠᠯᠠᠬᠤ ᠣᠷᠣᠨ ᠳᠤ ᠡᠪᠡᠳᠴᠢᠨ ᠡᠭᠦᠰᠭᠦ ᠨᠣᠷᠮ᠎ᠠ ᠪᠠᠷ ᠨᠡᠯᠢᠶᠡᠳ  ᠥᠨᠳᠥᠷ ᠠᠮᠢᠲᠠᠨ ᠤ ᠬᠠᠯᠳᠠᠪᠤᠷᠢᠲᠤ ᠡᠪᠡᠳᠴᠢᠨ ᠪᠣᠯᠤᠨ᠎ᠠ᠃ ᠮᠠᠯᠴᠢᠨ ᠲᠠᠷᠢᠶᠠᠴᠢᠨ ᠤ ᠪᠷᠦ᠋ᠼᠧᠯ ᠡᠪᠡᠳᠴᠢᠨ ᠢ  ᠰᠡᠷᠭᠡᠶᠢᠯᠡᠨ ᠡᠵᠡᠮᠳᠡᠬᠦ ᠤᠬᠠᠮᠰᠠᠷ ᠢ ᠳᠡᠭᠡᠭᠰᠢᠯᠡᠬᠦᠯᠬᠦ ᠶᠢᠨ ᠲᠥᠯᠦᠭᠡ᠂ ᠵᠠᠩ ᠱᠤᠤ ᠯᠢᠨ ᠶᠢᠨ ᠱᠠᠨ ᠭᠠᠴᠠᠭᠠᠨ ᠤ  ᠦᠬᠡᠷ ᠬᠤᠨᠢ ᠲᠡᠵᠢᠭᠡᠨ ᠦᠷᠡᠵᠢᠭᠦᠯᠬᠦ ᠡᠷᠦᠬᠡ ᠪᠠᠷ ᠬᠦᠨᠵᠡᠬᠡᠶᠢᠷᠡᠨ᠂ ᠪᠷᠦ᠋ᠼᠧᠯ ᠡᠪᠡᠳᠴᠢᠨ ᠢ ᠰᠡᠷᠭᠡᠶᠢᠯᠡᠨ ᠡᠵᠡᠮᠳᠡᠬᠦ  ᠳᠤᠬᠠᠢ ᠭᠠᠷ ᠳᠡᠪᠲᠡᠷ ᠳᠠᠷᠬᠠᠭᠠᠨ ᠦᠭᠴᠥ᠂ ᠰᠢᠨᠵᠢᠯᠡᠬᠦ ᠤᠬᠠᠭᠠᠨᠴᠢ ᠪᠠᠷ ᠪᠷᠦ᠋ᠼᠧᠯ ᠡᠪᠡᠳᠴᠢᠨ ᠢ ᠰᠡᠷᠭᠡᠶᠢᠯᠡᠨ  ᠡᠵᠡᠮᠳᠡᠬᠦ ᠳᠤᠬᠠᠢ ᠮᠡᠳᠡᠯᠭᠡ ᠶᠢ ᠳᠠᠶᠢᠯᠪᠤᠷᠢᠯᠡᠨ ᠦᠭᠴᠡᠢ᠃    ︽ᠦᠡᠭᠭᠡᠷᠡᠭᠰᠡᠨ ᠳᠤ ᠪᠢᠳᠡ ᠪᠷᠦ᠋ᠼᠧᠯ ᠡᠪᠡᠳᠴᠢᠨ ᠢ ᠰᠢᠨᠵᠢᠯᠡᠬᠦ ᠤᠬᠠᠭᠠᠨᠴᠢ ᠪᠠᠷ ᠰᠡᠷᠬᠡᠶᠢᠯᠡᠬᠦ ᠳᠤᠬᠠᠢ  ᠦᠵᠡᠯᠳᠡ ᠲᠠᠨᠢᠯᠳᠠ ᠳᠤᠳᠠᠮᠠᠭ ᠪᠠᠶᠢᠪᠠ᠂ ᠵᠠᠩ ᠱᠦᠵᠢ ᠢᠷᠡᠭᠰᠡᠨ ᠠᠴᠠ ᠰᠡᠬᠦᠯᠡᠷ ᠪᠢᠳᠠᠡ ᠳᠤ ᠪᠷᠦ᠋ᠼᠧᠯ  ᠡᠪᠡᠳᠴᠢᠨ ᠢ ᠶᠠᠭᠠᠬᠢᠵᠤ ᠤᠷᠢᠳᠴᠢᠯᠠᠨ ᠰᠡᠷᠭᠡᠶᠢᠯᠡᠬᠦ᠂ ᠬᠤᠷᠠᠭ᠎ᠠ ᠲᠣᠰᠬᠤ ᠳᠠᠭᠠᠨ ᠠᠵᠢᠯᠯᠠᠭ᠎ᠠ ᠪᠠᠨ ᠶᠠᠭᠠᠬᠢᠵᠤ  ᠳᠦᠷᠢᠮᠵᠢᠭᠦᠯᠬᠦ ᠵᠡᠷᠭᠡ ᠶᠢ ᠬᠡᠯᠡᠵᠦ ᠥᠭᠴᠡᠢ᠂ ᠠᠭᠠᠵᠢᠮ ᠳᠠᠭᠠᠨ ᠪᠢ ᠪᠠᠰᠠ ᠡᠷᠡᠭᠦᠯ ᠴᠢᠭᠢᠷᠠᠭ ᠠᠮᠢᠳᠤᠷᠠᠯ ᠤᠨ  ᠳᠠᠳᠬᠠᠯ ᠲᠠᠢ ᠪᠣᠯᠤᠭᠰᠠᠨ ᠶᠤᠮ᠃ ᠣᠷᠴᠢᠮ ᠤᠨ ᠦᠶᠡᠷ ᠤᠨ ᠬᠤᠭᠤᠴᠠᠭᠠᠨ ᠳᠤ ᠲᠡᠷᠡ ᠪᠠᠰᠠ ᠪᠢᠳᠡᠨ ᠢ  ᠬᠠᠪᠰᠥᠷᠥᠨ ᠬᠡᠷ ᠤᠨ ᠲᠡᠵᠢᠭᠡᠪᠦᠷᠢ ᠬᠡᠷ ᠤᠨ ᠵᠢᠭᠦᠷᠲᠡᠨ ᠤ ᠬᠠᠰᠢᠶ᠎ᠠ ᠰᠠᠷᠠᠪᠴᠢ ᠶᠢ ᠦᠷᠭᠦᠯᠵᠢ ᠴᠡᠪᠡᠷᠯᠡᠨ  ᠠᠷᠢᠭᠤᠳᠬᠠᠵᠤ ᠦᠭᠬᠦᠨ᠂ ᠦᠶᠡᠷ ᠤᠰᠤᠲᠤᠯ ᠤᠨ ᠳᠠᠷᠠᠭ᠎ᠠ ᠬᠢᠵᠢᠭ ᠤᠨ ᠬᠠᠯᠳᠠᠪᠤᠷᠢᠲᠤ ᠡᠪᠡᠳᠴᠢᠨ ᠡᠭᠦᠰᠭᠦ ᠠᠴᠠ  ᠵᠠᠶᠢᠯᠠᠰᠭᠢᠬᠦ ᠬᠡᠷᠡᠭᠲᠡᠶ ᠭᠡᠵᠦ ᠵᠢᠭᠠᠨ ᠵᠢᠯᠤᠭᠤᠳᠤᠳᠠᠭ︾ ᠭᠡᠵᠦ ᠪᠤᠯᠭᠠᠨᠬᠤᠸᠠ ᠰᠤᠮᠤ ᠶᠢᠨ ᠶᠢᠨ ᠱᠠᠨ ᠭᠠᠴᠠᠭᠠᠨ ᠤ  ᠮᠠᠯᠴᠢᠨ ᠪᠦᠦ ᠪᠦᠭᠡ ᠬᠡᠯᠡᠵᠡᠶ᠃    ᠵᠠᠩ ᠱᠤᠤ ᠯᠢᠨ ᠨᠠᠮ ᠤᠨ ᠬᠤᠷᠢᠳᠤᠭᠠᠷ ᠶᠡᠭᠡ ᠬᠤᠷᠠᠯ ᠤᠨ ᠵᠣᠷᠢᠭ ᠰᠠᠨᠠᠭ᠎ᠠ ᠶᠢ ᠰᠤᠷᠤᠯᠴᠠᠨ ᠤᠬᠠᠭᠤᠯᠬᠤ  ᠳᠠᠯ᠎ᠠ ᠪᠠᠷ ᠦᠪᠠᠷ ᠤᠨ ᠢᠶᠠᠨ ᠭᠡᠰᠡᠨ ᠪᠤᠳᠤᠯ ᠬᠢᠳᠡᠯ ᠪᠠᠶᠢᠳᠠᠭ᠃ ᠡᠷᠥᠭᠡ ᠪᠠᠷ ᠬᠦᠨᠵᠡᠬᠡᠶᠢᠷᠡᠨ ᠮᠠᠯᠴᠢᠨ  ᠳᠠᠷᠢᠶᠠᠴᠢᠳ ᠤᠨ ᠤᠶᠢᠯᠠᠭᠠᠬᠤ ᠳᠤ ᠲᠦᠬᠦᠮ ᠦᠭᠡ ᠬᠡᠯᠡᠯᠭᠡ ᠪᠠᠷ ᠨᠠᠮ ᠤᠨ ᠬᠤᠷᠢᠳᠤᠭᠠᠷ ᠶᠡᠭᠡ ᠬᠤᠷᠠᠯ ᠤᠨ  ᠳᠠᠷᠢᠶᠠᠴᠢᠳ ᠲᠠᠢ ᠬᠤᠯᠪᠤᠭᠳᠠᠬᠤ ᠴᠢᠬᠤᠯᠠ ᠠᠭᠤᠯᠭ᠎ᠠ ᠪᠠ ᠠᠷᠠᠳ ᠲᠤ ᠠᠰᠢᠭ ᠬᠦᠷᠳᠡᠭᠡᠬᠦ ᠲᠦᠷᠥ ᠶᠢᠨ  ᠪᠤᠳᠤᠯᠭ᠎ᠠ ᠶᠢ ᠨᠠᠷᠢᠯᠢᠭ ᠰᠠᠶᠢᠬᠠᠨ ᠳᠠᠶᠢᠯᠪᠤᠷᠢᠯᠠᠵᠤ ᠦᠭᠳᠡᠭ᠃ ᠳᠡᠬᠦᠨ ᠤ ᠦᠵᠡᠬᠦ ᠪᠠᠷ᠂ ᠮᠠᠯᠴᠢᠨ ᠳᠠᠷᠢᠶᠠᠴᠢᠳ  ᠦᠪᠠᠷ ᠤᠨ ᠢᠶᠠᠨ ᠦᠵᠡᠯᠳᠡ ᠲᠠᠨᠢᠯᠳᠠ ᠪᠠᠨ ᠳᠠᠰᠤᠷᠠᠯᠳᠠ ᠦᠬᠡᠢ ᠳᠡᠭᠡᠭᠰᠢᠯᠡᠬᠦᠯᠵᠤ᠂ ᠤᠨᠤᠯ ᠤᠨ ᠮᠡᠳᠡᠯᠭᠡ ᠪᠠᠨ  ᠳᠠᠰᠤᠷᠠᠯᠳᠠ ᠦᠬᠡᠢ ᠨᠡᠮᠡᠭᠳᠡᠬᠦᠯᠪᠡᠯ ᠰᠠᠶ᠋ᠢ ᠰᠢᠨ᠎ᠡ ᠴᠠᠭ ᠦᠶ᠎ᠡ ᠲᠠᠢ ᠬᠠᠮᠳᠥ ᠤᠷᠤᠭᠰᠢᠯᠠᠵᠤ ᠴᠢᠳᠠᠨ᠎ᠠ ᠭᠡᠵᠤ  ᠦᠵᠡᠳᠡᠭ᠃    ︽ᠦᠨᠡᠨ ᠢ ᠬᠡᠯᠡᠪᠡᠯ ᠪᠢ ᠰᠠᠶ᠋ᠢ ᠶᠢᠨ ᠱᠠᠨ ᠭᠠᠴᠠᠭᠠᠨ ᠳᠤ ᠠᠵᠢᠯᠯᠠᠬᠤ ᠪᠠᠷ ᠢᠷᠡᠬᠦ ᠳᠤ᠂ ᠶᠠᠭᠠᠬᠢᠵᠤ ᠤᠯᠠᠨ  ᠲᠦᠮᠡᠨ ᠲᠠᠢ ᠤᠶᠢᠷᠠᠳᠥᠵᠤ᠂ ᠶᠠᠭᠠᠬᠢᠵᠤ ᠤᠯᠠᠨ ᠲᠦᠮᠡᠨ ᠤ ᠰᠡᠳᠬᠢᠯ ᠢ ᠤᠯᠬᠤ ᠪᠤᠢ ᠭᠡᠵᠤ ᠵᠦᠡᠭᠳᠡᠭᠡᠨ ᠪᠤᠳᠤᠵᠤ  ᠪᠠᠶᠢᠵᠠᠢ᠂ ᠨᠠᠮ ᠵᠠᠰᠠᠭ ᠠᠴᠠ ᠨᠠᠳᠠ ᠶᠢ ᠢᠳᠡᠭᠡᠭᠡᠳ ᠡ᠊ᠨᠡ ᠳᠤᠰᠢᠶᠠᠯ ᠢ ᠬᠠᠷᠢᠭᠤᠴᠠᠭᠤᠯᠤᠭᠰᠠᠨ ᠴᠢᠨᠢ ᠪᠢ ᠶᠠᠭᠤ  ᠴᠤ ᠭᠡᠰᠡᠨ ᠪᠡᠶ᠎ᠡ ᠪᠠᠨ ᠢᠳᠡᠭᠡᠬᠦ ᠬᠡᠷᠡᠭᠳᠡᠢ᠂ ᠤᠯᠠᠨ ᠲᠦᠮᠡᠨ ᠳᠤ ᠰᠠᠶᠢᠳᠥᠷ ᠥᠢᠯᠡᠴᠢᠯᠡᠬᠦ ᠬᠡᠷᠡᠭᠳᠡᠢ ᠭᠡᠵᠤ ᠪᠤᠳᠤᠪᠠ᠂ ᠠᠯᠢᠪᠠ ᠬᠦᠴᠢᠷ ᠪᠡᠷᠭᠡ ᠶᠢ ᠳᠤᠭᠤᠯᠤᠭᠠᠳ ᠭᠠᠷᠪᠠ᠂ ᠤᠳᠥ ᠪᠢ ᠶᠢᠨ ᠱᠠᠨ ᠭᠠᠴᠠᠭᠠᠨ ᠤ ᠠᠷᠠᠳ ᠤᠨ  ᠬᠦᠷᠢᠶᠡᠯᠡᠯ ᠢ ᠤᠯᠤᠭᠰᠠᠨ᠂ ᠭᠠᠴᠠᠭᠠᠨ ᠤ ᠬᠦᠮᠥᠰ ᠨᠠᠳᠠ ᠶᠢ ᠶᠠᠭ ᠭᠡᠷ ᠤᠨ ᠬᠦᠮᠥᠨ ᠢᠶᠠᠨ ᠰᠢᠭ ᠳᠤᠳᠤᠨᠤᠴᠢᠯᠠᠨ  ᠦᠵᠡᠬᠦ ᠪᠤᠯᠪᠠ ᠁︾ ᠭᠡᠵᠤ ᠵᠠᠩ ᠱᠤᠤ ᠯᠢᠨ ᠨᠢᠭᠡᠳᠥᠭᠡᠷ ᠱᠦᠵᠢ ᠶᠢᠨ ᠠᠵᠢᠯ ᠢᠶᠠᠨ ᠬᠡᠷᠬᠢᠨ  ᠶᠠᠪᠤᠭᠳᠠᠭᠤᠯᠤᠭᠰᠠᠨ ᠳᠤᠬᠠᠢ ᠢᠳᠡᠭᠡᠯ ᠳᠡᠬᠦᠯᠳᠡᠷ ᠬᠡᠯᠡᠪᠡ᠃      
 
ᠢᠷᠡᠯᠲᠡ᠄ ᠬᠢᠩᠭᠠᠨ ᠤ ᠡᠳᠣᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号