8 ᠰᠠᠷ᠎ᠠ ᠶᠢᠨ 12 ᠠᠴᠠ 16 ᠤ ᠡᠳᠦᠷ ᠪᠣᠯᠲᠠᠯ᠎ᠠ᠂ ᠰᠦᠨ ᠱᠤᠤ ᠴᠧᠩ ᠨᠢᠳᠤᠨᠤᠨ ᠤ ᠬᠢᠯᠢ ᠶᠢᠨ | ᠪᠣᠭᠤᠮᠲᠠ ᠪᠠᠷ ᠲᠤᠭᠤᠷᠢᠨ ᠪᠠᠶᠢᠴᠠᠭᠠᠬᠰᠡᠨ ᠡᠴᠦᠰ ᠤᠨ ᠴᠡᠭ ᠪᠣᠯᠬᠤ ᠪᠤᠭᠤᠲᠤ ᠬᠤᠳᠡ ᠶᠢᠨ ᠮᠠᠨᠳᠤᠯ᠎ᠠ ᠪᠠᠯᠭᠠᠰᠣ | ᠠᠴᠠ ᠳᠠᠬᠢᠨ ᠮᠣᠷᠳᠠᠵᠤ᠂ ᠵᠡᠭᠦᠨᠰᠢ ᠠᠶᠠᠯᠠᠨ᠂ ᠬᠢᠯᠢ ᠬᠢᠵᠠᠭᠠᠷ ᠡᠮᠦᠨ᠎ᠡ ᠹᠷᠣᠨᠲ ᠲᠤ ᠭᠦᠨᠵᠡᠭᠡᠶᠢᠷᠡᠵᠤ᠂ ᠬᠢᠯᠢ ᠶᠢ | ᠬᠦᠴᠦᠷᠬᠡᠭᠵᠢᠭᠦᠯᠵᠦ ᠰᠡᠷᠭᠡᠶᠢᠯᠡᠯᠳᠡ ᠶᠢ ᠪᠠᠬᠢᠵᠢᠭᠦᠯᠬᠦ ᠠᠵᠢᠯ ᠪᠣᠯᠤᠨ ᠬᠢᠯᠢ ᠬᠢᠵᠠᠭᠠᠷ ᠣᠷᠣᠨ ᠤ ᠬᠥᠭᠵᠢᠯᠳᠡ ᠶᠢᠨ | ᠪᠠᠶᠢᠳᠡᠯ ᠢ ᠰᠢᠨᠵᠢᠯᠡᠨ ᠪᠠᠶᠢᠴᠠᠭᠠᠪᠠ᠃ | | 8 ᠰᠠᠷ᠎ᠠ ᠶᠢᠨ 13 ᠤ ᠡᠳᠤᠷ᠂ ᠦᠪᠡᠷᠳᠡᠭᠡᠨ ᠵᠠᠰᠬᠠᠤ ᠤᠷᠤᠨ ᠤ ᠨᠠᠮ ᠤᠨ ᠬᠤᠷᠢᠶ᠎ᠠ ᠶᠢᠨ ᠱᠦᠵᠢ ᠰᠦᠨ | ᠱᠤᠤ ᠴᠧᠩ ᠡᠷᠢᠶᠠᠨ ᠬᠤᠳᠠ ᠬᠢᠯᠢ ᠶᠢᠨ ᠪᠤᠭᠤᠮᠳᠠ ᠳᠤ ᠬᠢᠯᠢ ᠶᠢᠨ ᠪᠤᠭᠤᠮᠳᠠ ᠶᠢᠨ ᠪᠦᠳᠦᠭᠡᠨ ᠪᠠᠶᠢᠭᠤᠯᠣᠯᠳᠡ ᠪᠠ | ᠠᠵᠢᠯᠯᠠᠭᠠᠨ ᠤ ᠪᠠᠶᠢᠳᠡᠯ ᠢ ᠰᠢᠨᠵᠢᠯᠡᠨ ᠪᠠᠶᠢᠴᠠᠭᠠᠪᠠ᠃ ᠲᠤᠰ ᠰᠤᠨᠢᠨ ᠤ ᠰᠤᠷᠪᠤᠯᠵᠢᠯᠠᠬᠴᠢ ᠮᠠ ᠵᠢᠶᠠᠨ | ᠴᠢᠤᠸᠠᠨ ᠰᠡᠬᠦᠳᠡᠷᠯᠡᠪᠡ ᠬᠡᠳᠦᠨ ᠡᠳᠦᠷ ᠤᠨ ᠲᠤᠷᠰᠢ᠂ ᠰᠦᠨ ᠱᠤᠤ ᠴᠧᠩ ᠤᠷᠢᠳ ᠬᠤᠵᠢᠳ ᠳᠥᠷᠪᠡᠳ | ᠬᠤᠰᠢᠭᠤ᠂ ᠰᠥᠨᠢᠳ ᠪᠠᠷᠠᠭᠤᠨ ᠬᠤᠰᠢᠭᠤ᠂ ᠡᠷᠢᠶᠡᠨ ᠬᠤᠳᠠ᠂ ᠰᠥᠨᠢᠳ ᠵᠡᠭᠦᠨ ᠬᠤᠰᠢᠭᠤ᠂ ᠠᠪᠠᠭ᠎ᠠ ᠬᠤᠰᠢᠭᠤ | ᠂ ᠵᠡᠭᠦᠨ ᠦᠵᠦᠮᠦᠴᠢᠨ ᠬᠤᠰᠢᠭᠤ᠂ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤ ᠪᠣᠯᠤᠨ ᠷᠡᠰᠢᠶᠠᠨ ᠬᠤᠳᠡ | ᠳᠤ ᠬᠦᠷᠴᠦ᠂ ᠪᠠᠷᠢᠭᠠᠳᠡ ᠳᠤ ᠣᠷᠣᠵᠤ᠂ ᠰᠤᠮᠣᠨ ᠳᠤ ᠪᠠᠭᠤᠵᠤ᠂ ᠬᠠᠷᠠᠭᠤᠯ ᠤᠨ ᠭᠠᠵᠠᠷ ᠲᠤ ᠬᠦᠷᠴᠦ᠂ | ᠵᠢᠵᠢᠭᠦᠷᠯᠡᠬᠦ ᠴᠡᠭ᠂ ᠬᠢᠯᠢ ᠶᠢᠨ ᠲᠣᠮᠢᠯᠡᠭᠰᠠᠨ ᠰᠠᠯᠪᠤᠷᠢ᠂ ᠬᠢᠯᠢ ᠶᠢᠨ ᠬᠠᠮᠠᠭᠠᠯᠠᠯᠳᠡ ᠶᠢᠨ ᠶᠡᠭᠡ ᠠᠩᠬᠢ ᠶᠢᠨ | ᠪᠠᠶᠢᠴᠠᠭᠠᠬᠤ ᠦᠷᠳᠡᠭᠡ ᠳᠤ ᠵᠢᠵᠢᠭᠦᠷᠯᠡᠵᠦ ᠪᠠᠶᠢᠭ᠎ᠠ ᠪᠠᠶᠢᠳᠡᠯ ᠢ ᠰᠢᠨᠵᠢᠯᠡᠨ ᠪᠠᠶᠢᠴᠠᠭᠠᠵᠣ᠂ 1800 ᠭᠠᠷᠤᠢ | ᠺᠢᠯᠤᠮᠧᠲᠷ ᠠᠶᠠᠯᠠᠪᠠ᠃ ᠬᠢᠯᠢ ᠶᠢᠨ ᠬᠠᠮᠠᠭᠠᠯᠠᠯᠳᠡ ᠶᠢᠨ ᠴᠡᠷᠢᠭ ᠠᠩᠬᠢ ᠳᠤ ᠬᠦᠷᠬᠦ ᠪᠦᠷᠢ ᠰᠦᠨ ᠱᠤᠤ | ᠴᠧᠩ ᠳᠠᠷᠤᠭ᠎ᠠ ᠪᠠᠶᠢᠯᠳᠣᠬᠴᠢᠳ ᠲᠠᠢ ᠳᠣᠲᠣᠨᠣ ᠪᠠᠷ ᠶᠠᠷᠢᠯᠴᠠᠵᠤ᠂ ᠬᠢᠯᠢ ᠶᠢᠨ ᠬᠠᠮᠢᠶᠠᠷᠤᠨ ᠡᠵᠡᠮᠳᠡᠵᠦ ᠪᠠᠶᠢᠭ᠎ᠠ | ᠪᠠᠶᠢᠳᠡᠯ ᠢ ᠨᠠᠷᠢᠨ ᠣᠶᠢᠯᠠᠭᠠᠪᠠ᠃ ᠬᠢᠯᠢ ᠶᠢᠨ ᠴᠠᠬᠳᠠᠨ ᠲᠣᠭᠤᠷᠢᠬᠤ ᠵᠠᠰᠠᠮᠠᠯ ᠵᠠᠮ ᠳᠡᠭᠡᠷ᠎ᠡ ᠴᠠᠬᠳᠠᠨ ᠲᠣᠭᠤᠷᠢᠵᠤ | ᠪᠠᠶᠢᠭ᠎ᠠ ᠳᠠᠷᠤᠭ᠎ᠠ ᠪᠠᠶᠢᠯᠳᠤᠬᠴᠢᠳ ᠲᠠᠢ ᠤᠴᠠᠷᠠᠬᠤ ᠪᠦᠷᠢ ᠲᠡᠷᠡ ᠴᠦᠮ ᠰᠠᠨᠠᠭᠠᠴᠢᠯᠠᠭ᠎ᠠ ᠠᠴᠠ ᠪᠠᠨ ᠲᠡᠷᠭᠡᠨ ᠠᠴᠠ | ᠪᠠᠭᠤᠵᠤ ᠲᠣᠬᠤᠨᠢᠭᠤᠯᠵᠤ ᠪᠠᠶᠢᠬᠤ ᠪᠠᠨ ᠢᠯᠡᠳᠭᠡᠵᠦ᠂ ᠲᠡᠳᠡᠨ ᠤ ᠵᠢᠵᠢᠭᠦᠷᠯᠡᠵᠦ ᠪᠠᠶᠢᠬᠤ᠂ ᠪᠣᠯᠪᠠᠰᠤᠷᠠᠯ ᠬᠢᠵᠦ | ᠪᠠᠶᠢᠬᠤ ᠵᠡᠷᠭᠡ ᠪᠠᠶᠢᠳᠡᠯ ᠢ ᠯᠠᠪᠯᠠᠨ ᠠᠰᠠᠭᠤᠳᠠᠭ᠃ ᠰᠦᠨ ᠱᠤᠤ ᠴᠧᠩ᠂ ᠬᠢᠯᠢ ᠶᠢᠨ ᠬᠠᠮᠠᠭᠠᠯᠠᠯᠳᠡ ᠶᠢᠨ ᠳᠠᠷᠤᠭ᠎ᠠ | ᠪᠠᠶᠢᠯᠳᠣᠬᠴᠢᠳ ᠮᠠᠰᠢ ᠵᠦᠳᠡᠷᠡᠯᠲᠡᠢ ᠪᠠᠶᠢᠨ᠎ᠠ᠂ ᠪᠢᠳᠡ ᠶᠡᠷᠦᠩᠬᠡᠢ ᠱᠦᠵᠢ ᠰᠢ ᠶᠢᠨ ᠫᠢᠩ ᠴᠢᠬᠤᠯᠠ ᠵᠢᠭᠠᠪᠤᠷᠢ ᠶᠢᠨ | ᠵᠣᠷᠢᠭ ᠰᠠᠨᠠᠭ᠎ᠠ ᠶᠢ ᠭᠦᠨᠵᠡᠭᠡᠢ ᠲᠤᠭᠤᠱᠢᠯᠠᠭᠤᠯᠤᠨ ᠨᠠᠶᠢᠳᠠᠪᠤᠷᠢᠵᠢᠭᠤᠯᠵᠤ᠂ ᠬᠢᠯᠢ ᠶᠢᠨ ᠬᠠᠮᠠᠭᠠᠯᠠᠯᠳᠡ ᠶᠢᠨ ᠴᠡᠷᠢᠭ | ᠠᠩᠬᠢ ᠶᠢᠨ ᠪᠠᠶᠢᠭᠤᠯᠤᠯᠳᠡ ᠶᠢ ᠦᠨᠡᠨ ᠬᠦ ᠬᠠᠯᠠᠮᠵᠢᠯᠠᠨ ᠳᠡᠮᠵᠢᠬᠦ ᠬᠡᠷᠡᠭᠲᠡᠢ᠃ ᠤᠯᠠᠨ ᠤ ᠲᠤᠰᠬᠠᠬᠰᠠᠨ ᠬᠦᠴᠢᠷᠳᠡᠯ | ᠪᠠ ᠠᠰᠠᠭᠤᠳᠠᠯ ᠢ ᠬᠤᠯᠪᠣᠬᠳᠠᠯ ᠪᠦᠬᠦᠢ ᠲᠠᠯ᠎ᠠ ᠶᠢᠨ ᠬᠢᠨ ᠬᠢᠨᠠᠮᠠᠭᠠᠢ ᠰᠤᠳᠤᠯᠤᠨ ᠰᠢᠢᠳᠪᠦᠷᠢᠯᠡᠬᠦ ᠬᠡᠷᠡᠭᠲᠡᠢ ᠭᠡᠵᠤ | ᠬᠡᠯᠡᠪᠡ᠃ ᠰᠦᠨ ᠱᠤᠤ ᠴᠧᠩ ᠲᠣᠮᠢᠯᠡᠭᠰᠠᠨ ᠰᠠᠯᠪᠤᠷᠢ᠂ ᠪᠠᠶᠢᠴᠠᠭᠠᠬᠤ ᠥᠷᠲᠡᠭᠡ ᠪᠣᠯᠤᠨ ᠬᠢᠯᠢ ᠬᠠᠮᠠᠭᠠᠯᠠᠬᠤ | ᠥᠷᠲᠡᠭᠡ ᠳᠤ ᠭᠦᠨᠵᠡᠭᠡᠶᠢᠷᠡᠵᠦ᠂ ᠦᠨᠳᠦᠰᠦᠨ ᠱᠠᠲᠤᠨ ᠤ ᠠᠷᠠᠳ ᠤᠨ ᠴᠠᠬᠳᠠᠭ᠎ᠠ ᠪᠣᠯᠤᠨ ᠬᠢᠯᠢ ᠬᠠᠮᠠᠭᠠᠯᠠᠬᠴᠢ ᠶᠢ | ᠡᠷᠬᠢᠨ ᠦᠵᠡᠵᠦ᠂ ᠲᠡᠳᠡᠨ ᠤ ᠠᠵᠢᠯ ᠠᠮᠢᠳᠤᠷᠠᠯ ᠤᠨ ᠪᠠᠶᠢᠳᠠᠯ ᠢ ᠨᠠᠷᠢᠨ ᠣᠶᠢᠯᠠᠭᠠᠵᠤ᠂ ᠲᠡᠳᠡᠨ ᠤ ᠡᠳᠦᠷ | ᠲᠤᠲᠤᠮ ᠤᠨ ᠣᠷᠣᠯᠭ᠎ᠠ ᠵᠠᠷᠤᠯᠭ᠎ᠠ ᠪᠣᠯᠤᠨ ᠠᠰᠠᠷᠠᠮᠵᠢ ᠬᠠᠷᠠᠭᠠᠯᠵᠠᠯ ᠢ ᠨᠠᠶᠢᠳᠠᠪᠤᠷᠢᠵᠢᠭᠤᠯᠤᠬᠰᠠᠨ ᠪᠠᠶᠢᠳᠡᠯ ᠢ ᠨᠠᠷᠢᠨ | ᠠᠰᠠᠭᠤᠪᠠ᠃ ᠰᠦᠨ ᠱᠤᠤ ᠴᠧᠩ ᠤᠯᠠᠨ ᠤ ᠠᠵᠢᠯ ᠤᠨ ᠬᠠᠷᠢᠭᠤᠴᠠᠯᠭ᠎ᠠ ᠪᠠᠨ ᠭᠦᠢᠴᠡᠳᠭᠡᠬᠦ ᠵᠣᠷᠢᠭ | ᠰᠠᠨᠠᠭ᠎ᠠ ᠶᠢ ᠮᠠᠬᠲᠠᠨ ᠰᠠᠶᠢᠰᠢᠶᠠᠵᠣ᠂ ᠲᠡᠳᠡᠨ ᠢ ᠴᠢᠷᠮᠠᠶᠢᠬᠰᠠᠨ ᠳᠡᠭᠡᠷ᠎ᠡ ᠪᠠᠨ ᠴᠢᠷᠮᠠᠶᠢᠵᠤ᠂ ᠬᠢᠯᠢ ᠬᠢᠵᠠᠭᠠᠷ ᠢ | ᠬᠠᠮᠠᠭᠠᠯᠠᠬᠤ ᠡᠭᠦᠷᠭᠡ ᠬᠠᠷᠢᠭᠤᠴᠠᠯᠭ᠎ᠠ ᠪᠠᠨ ᠰᠠᠶᠢᠲᠤᠷ ᠭᠦᠢᠴᠡᠳᠭᠡᠵᠦ᠂ ᠨᠠᠮ ᠵᠠᠰᠠᠭ ᠴᠡᠷᠢᠭ ᠴᠠᠬᠳᠠᠭ᠎ᠠ ᠠᠷᠠᠳ | ᠬᠦᠴᠣ ᠪᠠᠨ ᠬᠠᠮᠲᠤᠳᠬᠠᠨ ᠬᠢᠯᠢ ᠶᠢ ᠬᠦᠴᠦᠷᠬᠡᠭᠵᠢᠭᠦᠯᠵᠦ ᠰᠡᠷᠭᠡᠶᠢᠯᠡᠯᠳ᠋ᠨ ᠶᠢ ᠪᠠᠬᠢᠵᠢᠭᠦᠯᠬᠦ ᠰᠠᠶᠢᠨ ᠰᠠᠶᠢᠬᠠᠨ | ᠪᠠᠶᠢᠳᠡᠯ ᠢ ᠰᠠᠶᠢᠳᠣᠷ ᠪᠠᠬᠢᠵᠢᠬᠦᠯᠬᠦ ᠶᠢ ᠬᠦᠰᠡᠪᠡ᠃ ᠰᠦᠨ ᠱᠤᠤ ᠴᠧᠩ ᠬᠢᠯᠢ ᠶᠢᠨ ᠰᠤᠮᠤ ᠪᠠᠯᠭᠠᠰᠤᠨ ᠤ | ᠠᠷᠡᠳ ᠲᠤ ᠲᠥᠬᠦᠮ ᠦᠵᠡᠭᠦᠯᠬᠦ ᠣᠶᠢᠯᠡᠴᠢᠯᠡᠭᠡᠨ ᠤ ᠠᠵᠢᠯ ᠢ ᠮᠠᠰᠢ ᠠᠩᠬᠠᠷᠴᠤ᠂ ᠨᠠᠮ ᠣᠯᠠᠨ ᠲᠦᠮᠡᠨ ᠤ | ᠣᠶᠢᠯᠡᠴᠢᠯᠡᠭᠡᠨ ᠤ ᠬᠤᠶᠠᠷ ᠲᠥᠪ ᠪᠠ ᠨᠢᠭᠡ ᠲᠣᠮᠢᠯᠡᠭᠰᠠᠨ ᠰᠠᠯᠪᠤᠷᠢ ᠶᠢᠨ ᠬᠡᠷᠡᠭ ᠡᠷᠭᠢᠯᠡᠬᠦ ᠲᠢᠩᠬᠢᠮ ᠲᠤ ᠣᠷᠣᠵᠤ᠂ | ᠴᠣᠩᠬᠤᠪᠴᠢ ᠶᠢᠨ ᠠᠵᠢᠯᠲᠠᠳ ᠲᠠᠢ ᠨᠢᠭᠤᠷᠳᠠᠨ ᠶᠠᠷᠢᠯᠴᠠᠪᠠ᠃ ᠲᠡᠷᠡ᠂ ᠠᠵᠢᠯ ᠶᠠᠪᠤᠳᠠᠯ ᠭᠦᠢᠴᠡᠳᠭᠡᠬᠦ ᠶᠡᠭᠡ | ᠲᠢᠩᠬᠢᠮ ᠤᠨ ᠦᠢᠯᠡᠴᠢᠯᠡᠭᠡ ᠶᠢ ᠳᠥᠭᠦᠮ ᠳᠥᠲᠡ ᠠᠷᠠᠳ ᠲᠤ ᠲᠦᠬᠦᠮ ᠦᠵᠡᠭᠦᠯᠬᠦ᠂ ᠤᠴᠢᠷ ᠶᠠᠪᠤᠳᠠᠯ ᠦᠭᠡᠢ | ᠪᠤᠯ ᠦᠯᠦ ᠬᠠᠷᠰᠢᠯᠠᠬᠤ ᠵᠠᠷᠴᠢᠮ ᠢᠶᠠᠷ ᠪᠠᠶᠢᠷᠢᠯᠠᠭᠤᠯᠵᠤ᠂ ᠳᠥᠭᠦᠮᠴᠢᠯᠡᠵᠦ ᠪᠣᠯᠬᠤ ᠶᠢ ᠨᠢ ᠴᠢᠳᠠᠬᠤ ᠶᠢᠨ ᠬᠢᠷᠢ ᠪᠠᠷ | ᠳᠥᠭᠦᠮᠴᠢᠯᠡᠵᠦ᠂ ᠬᠠᠮᠢᠶᠠᠷᠬᠤ ᠴᠢᠬᠤᠯᠠ ᠦᠭᠡᠢ ᠶᠢ ᠨᠢ ᠦᠯᠤ ᠬᠠᠮᠢᠶᠡᠷᠴᠤ᠂ ᠬᠢᠷᠢ ᠬᠡᠮ ᠲᠠᠪᠠᠵᠤ ᠬᠦᠮᠦᠨ ᠢ | ᠤᠷᠤᠯᠠᠵᠤ᠂ ᠦᠨᠳᠦᠰᠦᠨ ᠱᠠᠲᠤᠨ ᠤ ᠳᠠᠷᠤᠭᠠᠰᠣ ᠨᠡᠮᠡᠭᠳᠡᠭᠦᠯᠬᠦ ᠠᠴᠠ ᠰᠡᠷᠭᠡᠶᠢᠯᠡᠬᠦ ᠬᠡᠷᠡᠭᠲᠡᠢ᠃ ᠬᠤᠶᠠᠳᠤᠭᠠᠷ | ᠪᠦᠯᠥᠭ ᠤᠨ ᠭᠤᠤᠯ ᠰᠡᠳᠦᠪᠲᠦ ᠬᠥᠮᠦᠵᠢᠯ ᠢ ᠤᠳᠠᠯ ᠥᠬᠡᠶ ᠥᠷᠨᠢᠭᠦᠯᠬᠦ ᠪᠠᠷ ᠪᠣᠶ᠂ ᠰᠤᠷᠤᠯᠴᠠᠬᠤ ᠡᠲᠡᠭᠡᠳ | ᠤᠨ ᠬᠢᠨ ᠦᠵᠡᠯ ᠰᠠᠨᠠᠭ᠎ᠠ ᠶᠢ ᠰᠤᠷᠤᠯᠴᠠᠬᠰᠡᠨ ᠦᠷ᠎ᠡ ᠪᠦᠲᠦᠮᠵᠢ ᠶᠢ ᠠᠯᠢ ᠤᠯᠠᠨ ᠪᠣᠳᠠᠲᠠᠶ ᠶᠠᠪᠤᠳᠠᠯ ᠢ ᠰᠠᠶᠢᠲᠤᠷ | ᠬᠢᠬᠦ ᠳᠡᠭᠡᠷ᠎ᠡ ᠢᠯᠡᠷᠡᠭᠦᠯᠵᠦ᠂ ᠶᠠᠮᠠᠷ ᠠᠰᠠᠭᠤᠳᠠᠯ ᠲᠤᠯᠭᠠᠷᠠᠪᠠᠯ ᠲᠡᠷᠡ ᠠᠰᠠᠭᠤᠳᠠᠯ ᠢ ᠰᠢᠢᠳᠪᠦᠷᠢᠯᠡᠵᠦ᠂ ᠳᠡᠭᠡᠳᠦ | ᠳᠤᠤᠷᠠᠳᠤ ᠱᠠᠲᠣ ᠪᠠᠷ ᠢᠶᠠᠨ ︽ᠡᠭᠡᠭᠡ ᠠᠳᠠᠯᠢ︾ ᠪᠣᠯᠬᠤ ᠠᠴᠠ ᠵᠠᠶᠢᠯᠠᠰᠭᠢᠬᠦ ᠬᠡᠷᠡᠭᠲᠡᠶ᠃ ︽ᠨᠠᠮ ᠤᠨ ᠠᠴᠢ | ᠡᠨᠡᠷᠢᠯ ᠳᠤ ᠲᠠᠯᠠᠷᠬᠠᠬᠤ᠂ ᠨᠠᠮ ᠤᠨ ᠦᠭᠡ ᠶᠢ ᠰᠣᠨᠣᠰᠬᠤ᠂ ᠨᠠᠮ ᠢᠶᠠᠨ ᠳᠠᠭᠠᠬᠤ︾ ᠤᠯᠠᠨ ᠲᠦᠮᠡᠨᠴᠢ ᠬᠥᠮᠦᠵᠢᠯ | ᠦᠢᠯᠡᠳᠦᠯᠭᠡ ᠶᠢᠨ ᠠᠵᠢᠯᠯᠠᠭ᠎ᠠ ᠶᠢ ᠰᠠᠶᠢᠲᠤᠷ ᠵᠣᠬᠢᠶᠠᠨ ᠪᠠᠶᠢᠭᠤᠯᠤᠨ ᠥᠷᠨᠢᠭᠦᠯᠵᠦ᠂ ᠨᠠᠮ ᠤᠨ ᠴᠢᠭᠯᠡᠯᠳᠡ ᠲᠦᠷᠣ | ᠶᠢᠨ ᠪᠤᠳᠤᠯᠭ᠎ᠠ ᠪᠠ ᠠᠷᠠᠳ ᠲᠤ ᠠᠰᠢᠭ ᠬᠦᠷᠲᠡᠭᠡᠵᠦ ᠠᠷᠠᠳ ᠲᠤ ᠲᠤᠰᠠᠳᠠᠢ ᠠᠵᠢᠯᠯᠠᠭ᠎ᠠ ᠶᠢ ᠰᠠᠶᠢᠲᠤᠷ | ᠤᠬᠠᠭᠤᠯᠵᠤ᠂ ᠲᠤᠭᠤᠷᠠᠳᠠᠯ᠎ᠠ ᠲᠠᠶᠢᠯᠪᠤᠷᠢᠯᠠᠵᠤ᠂ ᠠᠷᠠᠳ ᠤᠯᠠᠨ ᠳᠤ ᠨᠠᠮ ᠤᠨ ᠬᠠᠶᠢᠷ᠎ᠠ ᠬᠠᠯᠠᠮᠵᠢ ᠪᠠ ᠬᠠᠯᠠᠭᠤᠨ | ᠳᠤᠯᠠᠭᠠᠨ ᠢ ᠦᠨᠡᠨ ᠪᠣᠳᠠᠲᠠᠢ ᠪᠠᠷ ᠮᠡᠳᠡᠷᠡᠭᠦᠯᠬᠦ ᠬᠡᠷᠡᠭᠲᠡᠢ ᠭᠡᠵᠤ ᠬᠡᠯᠡᠪᠡ᠃ ᠰᠦᠨ ᠱᠤᠤ ᠴᠧᠩ ᠬᠢᠯᠢ ᠶᠢᠨ | ᠪᠣᠭᠤᠮᠳᠡ ᠶᠢᠨ ᠪᠥᠲᠥᠭᠡᠨ ᠪᠠᠶᠢᠭᠤᠯᠤᠯᠲᠠ ᠪᠣᠯᠤᠨ ᠠᠵᠢᠯᠯᠠᠭᠠᠨ ᠤ ᠪᠠᠶᠢᠳᠡᠯ ᠢ ᠮᠠᠰᠢ ᠴᠢᠬᠤᠯᠠᠴᠢᠯᠠᠵᠤ᠂ ᠡᠷᠢᠶᠡᠨ | ᠬᠤᠳ᠋ᠨ ᠶᠢᠨ ᠵᠠᠰᠠᠮᠠᠯ ᠵᠠᠮ᠂ ᠲᠡᠮᠦᠷ ᠵᠠᠮ ᠤᠨ ᠬᠢᠯᠢ ᠶᠢᠨ ᠪᠣᠭᠤᠮᠲᠠ ᠪᠣᠯᠤᠨ ᠵᠡᠭᠦᠨ ᠬᠠᠲᠠᠪᠴᠢ ᠬᠢᠯᠢ ᠶᠢᠨ | ᠪᠣᠭᠤᠮᠳ᠋ᠨ ᠶᠢ ᠲᠤᠬᠠᠶ ᠶᠢᠨ ᠭᠠᠵᠠᠷ ᠲᠤᠨᠢ ᠪᠠᠶᠢᠴᠠᠭᠠᠨ ᠦᠵᠡᠪᠡ᠃ ᠲᠡᠷᠡ᠂ ᠤᠳᠤ ᠮᠠᠨ ᠤ ᠬᠢᠯᠢ ᠶᠢᠨ ᠪᠣᠭᠤᠮᠳᠡ | ᠳᠤ ᠨᠢᠭᠡ ᠭᠠᠷ ᠤᠨ ᠦᠢᠯᠡᠳᠬᠦᠨ ᠤ ᠭᠠᠳᠠᠭᠠᠳᠤ ᠭᠠᠷᠭᠠᠯᠲᠠ ᠳᠤᠲᠠᠬᠳᠠᠵᠤ ᠪᠠᠶᠢᠬᠤ ᠪᠦᠭᠡᠳ ᠪᠠᠰᠠ ᠭᠠᠷ | ᠳᠠᠮᠵᠢᠭ᠍ᠰᠡᠨ ᠦᠢᠯᠡᠳᠬᠦᠨ ᠤ ᠮᠠᠶᠢᠮᠠᠢ ᠬᠢᠭᠰᠡᠨ ᠦᠭᠡᠢ᠂ ︽ᠭᠠᠷ ᠲᠠᠮᠵᠢᠪᠠᠴᠤ ᠠᠰᠢᠭ ᠬᠦᠷᠳᠡᠬᠦ ᠦᠭᠡᠢ︾ | ᠠᠰᠠᠭᠤᠳᠠᠯ ᠪᠠᠰᠠ ᠰᠢᠢᠳᠪᠦᠷᠢᠯᠡᠭᠳᠡᠭᠡᠳᠦᠢ ᠪᠠᠶᠢᠨ᠎ᠠ᠃ ᠨᠢᠭᠡᠳᠦᠯᠲᠡᠢ ᠲᠥᠯᠥᠪᠵᠢᠭᠦᠯᠦᠨ ᠲᠥᠯᠥᠪᠯᠡᠬᠦ ᠪᠠᠨ | ᠴᠢᠩᠭᠠᠳᠬᠠᠵᠤ᠂ ᠤᠯᠤᠰ ᠤᠨ ᠳᠣᠲᠣᠭᠠᠳᠤ ᠭᠠᠳᠠᠭᠠᠳᠣ ᠶᠢᠨ ᠵᠠᠬ᠎ᠠ ᠳᠡᠯᠭᠡᠭᠦᠷ ᠤᠨ ᠬᠡᠷᠡᠭᠴᠡᠭᠡ ᠱᠠᠭᠠᠷᠳᠠᠯᠭ᠎ᠠ ᠯᠤᠭ᠎ᠠ | ᠣᠨᠣᠴᠠᠲᠠᠢ ᠵᠣᠯᠭᠠᠭᠤᠯᠵᠤ᠂ ᠭᠠᠵᠠᠷ ᠣᠷᠣᠨ ᠤ ᠪᠠᠶᠢᠳᠠᠯ ᠳᠠᠭᠠᠨ ᠲᠤᠬᠢᠷᠠᠭᠤᠯᠤᠨ ᠬᠥᠭᠵᠢᠭᠦᠯᠵᠦ ᠪᠣᠳᠠᠲᠠᠢ ᠳᠤ | ᠨᠠᠶᠢᠳᠠᠪᠤᠷᠢᠵᠢᠭᠤᠯᠤᠨ ᠡᠳ᠋ᠰᠢᠭᠦᠯᠦᠨ ᠪᠣᠯᠪᠠᠰᠤᠷᠠᠭᠤᠯᠵᠤ᠂ ᠲᠤᠰ ᠭᠠᠵᠠᠷ ᠣᠷᠣᠨ ᠤ ᠠᠷᠠᠯᠵᠢᠶ᠎ᠠ ᠬᠤᠳᠠᠯᠳᠤᠭ᠎ᠠ ᠡᠳ᠋ | ᠪᠠᠷᠠᠭᠠᠨ ᠤ ᠭᠦᠢᠯᠭᠡᠭᠡ ᠶᠢ ᠪᠤᠵᠠᠭᠠᠶᠢᠷᠠᠭᠤᠯᠤᠨ ᠬᠦᠴᠦᠷᠬᠡᠭᠵᠢᠭᠦᠯᠵᠦ᠂ ᠠᠷᠭ᠎ᠠ ᠪᠦᠬᠦᠨ ᠢ ᠰᠦᠪᠡᠭᠴᠢᠯᠡᠵᠦ ᠪᠠᠶᠢᠭᠠᠳ | ᠬᠢᠯᠢ ᠶᠢᠨ ᠪᠣᠭᠤᠮᠳᠡ ᠠᠴᠠ ᠦᠷ᠎ᠡ ᠠᠰᠢᠭ ᠤᠯᠬᠤ ᠶᠢᠨ ᠵᠡᠷᠭᠡ ᠪᠠᠷ ᠢᠵᠢᠯᠢᠰᠢᠬᠦ ᠥᠷᠢᠰᠥᠯᠳᠦᠭᠡᠨ ᠢ ᠰᠡᠷᠭᠡᠶᠢᠯᠡᠬᠦ | ᠬᠡᠷᠡᠭᠲᠡᠢ ᠭᠡᠵᠤ ᠬᠡᠯᠡᠪᠡ᠃ ᠰᠦᠨ ᠱᠤᠤ ᠴᠧᠩ ᠪᠠᠰᠠ ᠣᠷᠣᠶ ᠶᠢᠨ ᠴᠠᠭ ᠢᠶᠠᠨ ᠠᠰᠢᠬᠯᠡᠨ ᠬᠢᠯᠢ ᠶᠢᠨ | ᠰᠤᠮᠤᠨ ᠤ ᠡᠷᠡᠭᠦᠯ ᠬᠠᠮᠠᠭᠠᠯᠠᠯ ᠤᠨ ᠲᠠᠰᠤᠭ᠂ ᠬᠠᠮ ᠳᠡᠯᠭᠡᠭᠦᠷ᠂ ᠲᠠᠷᠢᠶᠠᠴᠢᠨ ᠡᠷᠦᠭᠡ ᠲᠤ ᠬᠦᠷᠴᠦ᠂ ᠮᠠᠯᠴᠢᠨ | ᠲᠠᠷᠢᠶᠠᠴᠢᠨ ᠤ ᠣᠶᠢᠯᠡᠳᠪᠦᠷᠢᠯᠡᠯ ᠠᠮᠢᠳᠤᠷᠠᠯ ᠤᠨ ᠪᠠᠶᠢᠳᠡᠯ ᠢ ᠣᠢᠯᠠᠭᠠᠪᠠ᠃ ᠢᠦᠢ ᠯᠢ ᠰᠢᠨ ᠠᠵᠢᠯᠯᠠᠭ᠎ᠠ ᠲᠤ | ᠣᠷᠣᠯᠴᠠᠵᠠᠢ᠃ | |