ᠤᠯᠠᠭᠠᠨ ᠬᠤᠭᠤᠯᠠᠢ ᠶᠢ ︽ᠬᠦᠭᠰᠢᠷᠡᠭᠦᠯᠦᠭᠴᠢ︾ — ᠬᠡᠳᠤ ᠬᠠᠯᠭᠤᠨ ᠢᠳᠡᠭᠡᠨ ᠤᠮᠳᠠᠭᠠᠨ
ᠨᠡᠶᠢᠲᠡᠯᠡᠭᠰᠡᠨ ᠴᠠᠭ᠄
2023/9/5
      ᠮᠠᠨ ᠤ ᠤᠯᠠᠭᠠᠨ ᠬᠤᠭᠤᠯᠠᠢ ᠮᠠᠰᠢ ᠬᠡᠪᠡᠷᠡᠭ ᠶᠤᠮ᠂ ᠤᠯᠠᠭᠠᠨ ᠬᠤᠭᠤᠯᠠᠢ ᠳᠤ ᠬᠠᠮᠤᠭ ᠤᠨ ᠳᠠᠭᠠᠯᠠᠮᠵᠢᠳᠠᠢ  ᠳᠤᠯᠠᠭᠠᠨ ᠤ ᠬᠡᠮᠵᠢᠶ᠎ᠡ ᠪᠤᠯ 10~40 ᠭᠷᠠᠳᠦ᠋ᠰ᠂ 50~60 ᠭᠷᠠᠳᠦ᠋ᠰ ᠢ ᠠᠷᠠᠢ ᠴᠢᠷᠠᠢ ᠳᠡᠰᠪᠦᠷᠢᠯᠡᠵᠦ ᠳᠡᠶᠢᠯᠳᠡᠭ ᠂ ᠬᠠᠷᠢᠨ 65 ᠭᠷᠠᠳᠦ᠋ᠰ ᠠᠴᠠ ᠳᠡᠭᠡᠭᠰᠢ ᠪᠤᠯᠪᠠᠯ ᠳᠡᠰᠪᠦᠷᠢᠯᠡᠵᠦ ᠳᠡᠶᠢᠯᠬᠦ ᠦᠬᠡᠢ ᠪᠤᠯᠵᠦ᠂ ᠬᠠᠯᠠᠭᠠᠭᠳᠠᠨ  ᠰᠢᠷᠬᠠᠳᠤᠳᠠᠭ᠃ ᠭᠡᠪᠡᠴᠤ ᠪᠤᠯᠪᠠᠷᠠᠢ ᠵᠦᠭᠡᠯᠡᠨ ᠤᠯᠠᠭᠠᠨ ᠬᠤᠭᠤᠯᠠᠢ ᠨᠢ ᠳᠤᠯᠠᠭᠠᠨ ᠤ ᠬᠡᠮᠵᠢᠶ᠎ᠡ ᠳᠤ ᠰᠡᠷᠬᠡᠭ ᠪᠤᠰᠤ  ᠪᠤᠯᠬᠤᠷ᠂ ᠬᠠᠯᠠᠭᠠᠭᠳᠠᠭᠰᠠᠨ ᠴᠤ ᠳᠡᠮᠡᠢ ᠶᠡᠭᠡ ᠰᠡᠷᠡᠭᠳᠡᠯ ᠦᠬᠡᠢ ᠪᠠᠶᠢᠳᠠᠭ᠃       ᠡᠶᠢᠮᠦ ᠠᠴᠠ ᠦᠷᠬᠦᠯᠵᠢ ᠬᠠᠯᠠᠭᠤᠨ ᠢᠳᠡᠭᠡᠨ ᠢᠳᠡᠬᠦ ᠨᠢ ᠤᠯᠠᠭᠠᠨ ᠬᠤᠭᠤᠯᠠᠢ ᠶᠢᠨ ᠰᠠᠯᠢᠰᠤᠳᠤ  ᠪᠦᠷᠬᠦᠪᠴᠢ ᠳᠤ ᠨᠢᠬᠡ ᠵᠦᠢᠯ ᠤᠨ ᠤᠳᠠᠭᠠᠨ ᠴᠢᠨᠠᠷᠳᠠᠢ ᠰᠡᠳᠦᠯᠳᠡ ᠪᠤᠯᠵᠦ᠂ ᠶᠡᠷᠦ ᠳᠡᠭᠡᠨ ᠭᠡᠮᠳᠤᠯ ᠨᠢ  ᠡᠳᠡᠭᠡᠷᠡᠭᠡᠳᠦᠢ ᠪᠠᠷ ᠳᠠᠬᠢᠨ ︽ᠬᠦᠨᠳᠤ ᠰᠢᠷᠬᠠᠳᠤᠳᠠᠭ︾᠃ ᠤᠷᠳᠤ ᠬᠤᠭᠤᠴᠠᠭ᠎ᠠ ᠪᠠᠷ ᠢᠡᠭᠬᠢᠭᠡᠳ ᠪᠠᠶᠢᠪᠠᠯ ᠦᠮᠡᠨ  ᠪᠤᠯᠬᠤ ᠳᠦᠭᠰᠢᠬᠦᠷᠢ ᠶᠢ ᠨᠡᠮᠡᠭᠳᠡᠭᠦᠯᠵᠦ᠂ ᠤᠯᠠᠭᠠᠨ ᠬᠤᠭᠤᠯᠠᠢ ᠶᠢᠨ ᠦᠮᠡᠨ ᠳᠤ ᠨᠡᠷᠪᠡᠭᠳᠡᠨ᠎ᠡ᠃      ᠡᠶᠢᠮᠦ ᠠᠴᠠ 65 ᠭᠷᠠᠳᠦ᠋ᠰ ᠠᠴᠠ ᠬᠡᠳᠦᠷᠡᠭᠰᠡᠨ ᠬᠠᠯᠠᠭᠤᠨ ᠤᠮᠳᠠᠭᠠᠨ ᠢ ᠳᠡᠯᠡᠬᠡᠢ ᠶᠢᠨ ᠡᠷᠡᠬᠦᠯ ᠬᠠᠮᠠᠭᠠᠯᠠᠯ ᠤᠨ  ᠵᠤᠬᠢᠶᠠᠨ ᠪᠠᠶᠢᠭᠤᠯᠤᠯᠳᠠ ︵WHO︶ ᠶᠢᠨ ᠬᠠᠷᠢᠶᠠᠨ ᠳᠠᠬᠢ ᠤᠯᠠᠨ ᠤᠯᠤᠰ ᠤᠨ ᠦᠮᠡᠨ ᠡᠪᠡᠳᠴᠢᠨ ᠤ  ᠰᠤᠳᠤᠯᠭᠠᠨ ᠤ ᠪᠠᠶᠢᠭᠤᠯᠤᠮᠵᠢ ︵IARC︶ ᠠᠴᠠ ᠨᠢᠭᠡᠨᠳᠡ 2A ᠳᠦᠷᠦᠯ ᠤᠨ ᠦᠮᠡᠨ ᠡᠬᠦᠰᠭᠡᠬᠦ ᠪᠤᠳᠠᠰ ᠤᠨ  ᠨᠡᠷᠡᠰ ᠲᠤ ᠤᠷᠤᠭᠤᠯᠵᠠᠢ᠃    ᠶᠠᠷᠦᠩᠬᠡᠶᠢᠯᠡᠪᠡᠯ᠂ ᠭᠡᠳᠡᠰᠦ ᠳᠤᠳᠤᠷ ᠢᠶᠠᠨ ᠡᠷᠡᠬᠦᠯ ᠮᠡᠨᠳᠤ ᠪᠠᠶᠢᠯᠭᠠᠶ᠎ᠡ ᠭᠡᠪᠡᠯ ᠬᠡᠳᠤ ᠬᠠᠯᠠᠭᠤᠨ ᠢᠳᠡᠭᠡᠨ  ᠢᠳᠡᠵᠦ ᠪᠤᠯᠬᠤ ᠦᠬᠡᠢ᠂ ᠪᠠᠰᠠ ᠳᠡᠩᠳᠡᠭᠦᠦ ᠬᠠᠯᠠᠭᠤᠨ ᠤᠰᠤ ᠤᠤᠭᠤᠵᠦ ᠪᠤᠯᠬᠤ ᠦᠬᠡᠢ᠃       ᠬᠡᠳᠦ᠋ᠪᠡᠷ ᠪᠢᠳᠡ ᠦᠳᠡᠯᠬᠦ ᠶᠢ ᠬᠤᠷᠢᠭᠯᠠᠵᠦ ᠳᠡᠶᠢᠯᠬᠦ ᠦᠬᠡᠢ ᠪᠤᠯᠪᠠᠴᠤ᠂ ᠠᠮᠢᠳᠤᠷᠠᠯ ᠪᠠ ᠢᠳᠡᠭᠡᠨ  ᠤᠮᠳᠠᠭᠠᠨ ᠤ ᠳᠠᠳᠬᠠᠯ ᠢᠶᠠᠨ ᠦᠭᠡᠷᠡᠴᠢᠯᠡᠬᠦ ᠪᠠᠷ ᠳᠠᠮᠵᠢᠨ ᠦᠪᠡᠷ ᠤᠨ ᠪᠡᠶ᠎ᠡ ᠪᠠ ᠭᠡᠷ ᠤᠨ ᠬᠦᠮᠦᠰ ᠤᠨ ᠢᠶᠠᠨ  ᠦᠳᠡᠯᠬᠦ ᠶᠢ ᠤᠳᠠᠭᠠᠰᠢᠷᠠᠭᠤᠯᠵᠤ ᠪᠤᠯᠤᠨ᠎ᠠ︕      
 
ᠢᠷᠡᠯᠲᠡ᠄ ᠬᠢᠩᠭᠠᠨ ᠤ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号