5 ᠡᠳᠦᠷ ᠠᠴᠠ ᠳᠡᠭᠡᠭᠰᠢ ᠬᠠᠯᠠᠭᠤᠷᠠᠪᠠᠯ ᠰᠡᠷᠡᠮᠵᠢ ᠲᠠᠢ ᠪᠠᠶᠢᠭᠠᠷᠠᠢ
ᠨᠡᠶᠢᠲᠡᠯᠡᠭᠰᠡᠨ ᠴᠠᠭ᠄
2023/9/5
         ᠣᠳᠣᠬᠠᠨ ᠳᠤ᠂ ᠬᠡᠦᠬᠡᠳ ᠤᠨ ᠠᠷᠠᠰᠤᠨ ᠤ ᠰᠠᠯᠢᠰᠤᠲᠤ ᠪᠦᠷᠬᠦᠪᠴᠢ ᠶᠢᠨ ᠯᠢᠮᠪᠠ ᠶᠢᠨ ᠶᠡᠷᠦᠩᠬᠡᠶᠢᠯᠡᠭᠰᠡᠨ  ᠡᠪᠡᠳᠴᠢᠨ ᠳᠡᠯᠭᠡᠷᠡᠬᠦ ᠤᠯᠠᠷᠢᠯ ᠳᠤ  ᠣᠷᠤᠭᠠᠳ  ᠪᠠᠶᠢᠨ᠎ᠠ᠃  ᠡᠬᠢᠨ ᠤ  ᠬᠤᠭᠤᠴᠠᠭᠠᠨ ᠤ  ᠡᠪᠡᠳᠴᠢᠨ ᠤ   ᠢᠯᠡᠷᠡᠯ   ᠨᠢ  ᠬᠢᠮᠤᠷᠠᠭ᠎ᠠ ᠲᠠᠢ ᠠᠳᠠᠯᠢᠪᠲᠤᠷ ᠤᠴᠢᠷ ᠠᠴᠠ ᠡᠪᠡᠳᠴᠢᠯᠡᠭᠰᠡᠨ ᠬᠡᠦᠬᠡᠳ ᠡᠮᠴᠢᠯᠡᠭᠡᠨ ᠤ ᠬᠠᠮᠤᠭ ᠤᠨ  ᠪᠣᠯᠣᠮᠵᠢ ᠲᠠᠢ ᠴᠠᠭ ᠲᠣᠬᠢᠶᠠᠯ ᠢ ᠰᠠᠭᠠᠲᠠᠭᠠᠵᠤ ᠮᠡᠳᠡᠨ᠎ᠡ᠃ ᠪᠡᠭᠡᠵᠢᠩ ᠤᠨ ᠬᠡᠦᠬᠡᠳ ᠤᠨ ᠡᠮᠨᠡᠯᠭᠡ ᠶᠢᠨ ᠬᠤᠷᠢᠶᠠᠨ ᠤ  ᠱᠦᠨ ᠢ ᠲᠣᠭᠤᠷᠢᠭ ᠤᠨ  ᠡᠮᠨᠡᠯᠭᠡ ᠶᠢᠨ ᠬᠤᠷᠢᠶᠠᠨ ‍ᠤ‌‍ᠬᠡᠦᠬᠡᠳ ᠤᠨ ᠰᠠᠯᠠᠭᠠᠨ ᠤ ᠳᠡᠳ᠋ ᠡᠷᠬᠢᠯᠡᠭᠴᠢ ᠰᠦᠨ ᠰᠢᠤᠸᠠᠢ  ᠮᠧᠶ ᠬᠡᠯᠡᠬᠦ ᠳᠡᠭᠡᠨ᠄ ︽ᠣᠳᠣᠬᠠᠨ ᠳᠤ ᠠᠮᠢᠰᠬᠤᠯ ᠤᠨ ᠵᠠᠮ ᠤᠨ ᠡᠪᠡᠳᠴᠢᠨ ᠣᠯᠠᠨ ᠳᠡᠯᠭᠡᠷᠡᠵᠤ ᠪᠠᠶᠢᠬᠤ ᠪᠣᠯᠪᠠᠴᠤ  ᠬᠡᠦᠬᠡᠳ ᠬᠠᠯᠠᠭᠤᠷᠠᠭᠠᠳ 5 ᠡᠳᠦᠷ  ᠪᠣᠯᠤᠭᠰᠠᠨ  ᠪᠠᠶᠢᠲᠠᠯ᠎ᠠ  ᠮᠥᠨ  ᠯᠡ ᠬᠠᠯᠠᠭᠤᠨ ᠨᠢ ᠪᠠᠭᠤᠷᠠᠬᠤ ᠦᠭᠡᠶ᠂  ᠡᠰᠡᠬᠦᠯ᠎ᠡ ᠤᠷᠤᠭᠤᠯ   ᠨᠢ  ᠬᠠᠭᠠᠷᠠᠬᠤ᠂  ᠠᠷᠠᠰᠤᠨ ᠤ  ᠡᠰᠡᠷᠭᠡᠨ᠎ᠡ  ᠭᠠᠷᠬᠤ᠂  ᠨᠢᠳᠦ   ᠨᠢ ᠤᠯᠠᠶᠢᠬᠤ ᠵᠡᠷᠭᠡ  ᠪᠠᠶᠢᠳᠠᠯ ᠭᠠᠷᠪᠠᠯ ᠣᠨᠴᠠᠭᠠᠶ ᠴᠢᠬᠤᠯᠠᠴᠢᠯᠠᠨ ᠦᠵᠡᠵᠦ᠂ ᠡᠪᠡᠳᠴᠢᠨ ᠤ ᠰᠢᠯᠲᠠᠭᠠᠨ ᠢ ᠨᠢ ᠴᠠᠭ  ᠲᠤᠬᠠᠶ ᠳᠤᠨᠢ  ᠪᠠᠶᠢᠴᠠᠭᠠᠯᠭᠠᠬᠤ ᠬᠡᠷᠡᠭᠲᠡᠶ︾ ᠭᠡᠵᠡᠶ᠃                          ᠬᠡᠦᠬᠡᠳ ᠤᠨ ᠠᠷᠠᠰᠤᠨ ᠤ ᠰᠠᠯᠢᠰᠤᠲᠤ  ᠪᠦᠷᠬᠦᠪᠴᠢ ᠶᠢᠨ  ᠯᠢᠮᠪᠠ ᠶᠢᠨ  ᠶᠡᠷᠦᠩᠬᠡᠶᠢᠯᠡᠭᠰᠡᠨ  ᠡᠪᠡᠳᠴᠢᠨ ᠤ   ᠭᠤᠣᠯ ᠢᠯᠡᠷᠡᠯ ᠳᠤ᠄ ᠦᠷᠭᠦᠯᠵᠢᠯᠡᠨ ᠬᠠᠯᠠᠭᠤᠷᠠᠭᠠᠳ 5 ᠡᠳᠦᠷ ᠠᠴᠠ ᠳᠠᠪᠠᠭᠰᠠᠨ᠂ ᠪᠦᠬᠦ ᠪᠡᠶ᠎ᠡ ᠶᠢᠨ ᠣᠯᠠᠨ  ᠬᠡᠯᠪᠡᠷᠢᠲᠦ ᠠᠷᠠᠰᠤᠨ ᠤ ᠡᠰᠡᠷᠭᠡᠨ᠎ᠡ ᠭᠠᠷᠬᠤ᠂  ᠬᠤᠶᠠᠷ  ᠨᠢᠳᠦᠨ ᠤ  ᠨᠡᠶᠢᠯᠡᠮᠡᠯ  ᠪᠦᠷᠬᠦᠪᠴᠢ ᠳᠤ  ᠴᠢᠰᠤ   ᠬᠤᠷᠠᠬᠤ᠂  ᠤᠷᠤᠭᠤᠯ   ᠨᠢ  ᠬᠠᠭᠤᠷᠠᠶᠢᠳᠠᠨ ᠤᠯᠠᠶᠢᠬᠤ᠂ ᠬᠡᠯᠡ ᠨᠢ ᠤᠯᠠᠶᠢᠵᠤ ᠣᠰᠠᠬᠤᠷᠳᠤᠬᠤ᠂ ᠯᠢᠮᠪᠠ  ᠬᠠᠪᠤᠳᠬᠤ ᠵᠡᠷᠭᠡ ᠪᠠᠭᠲᠠᠨ᠎ᠠ᠃ ᠡᠬᠢᠨ ᠤ ᠬᠤᠭᠤᠴᠠᠭᠠᠨ ᠤ  ᠢᠯᠡᠷᠡᠯ ᠨᠢ ᠡᠩ ᠤᠨ ᠬᠢᠮᠤᠷᠠᠭ᠎ᠠ ᠲᠠᠢ ᠠᠳᠠᠯᠢᠪᠲᠤᠷ  ᠤᠴᠢᠷ ᠠᠴᠠ  ᠡᠮᠨᠡᠨ  ᠵᠠᠰᠠᠬᠤ  ᠬᠠᠮᠤᠭ ᠤᠨ  ᠪᠣᠯᠣᠮᠵᠢ   ᠲᠠᠢ  ᠴᠠᠭ  ᠲᠣᠬᠢᠶᠠᠯ ᠢ ᠠᠯᠳᠠᠳᠠᠭ ᠪᠠᠶᠢᠨ᠎ᠠ᠃          
 
ᠢᠷᠡᠯᠲᠡ᠄ ᠠᠷᠡᠳ ᠤᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号