ᠠᠵᠢᠯ ᠢᠶᠠᠨ ᠲᠡᠭᠡᠳᠦᠯᠡᠵᠦ ᠬᠠᠷᠠᠮ ᠦᠬᠡᠢ ᠵᠢᠳᠬᠦᠨ᠎ᠡ
ᠨᠡᠶᠢᠲᠡᠯᠡᠭᠰᠡᠨ ᠴᠠᠭ᠄
2024/10/15
     — ᠷᠠᠰᠢᠶᠠᠨ ᠬᠤᠳᠠ ᠶᠢᠨ ᠪᠠᠭᠰᠢ ᠶᠢᠨ ᠠᠵᠢᠯ ᠤᠨ ᠬᠦᠭᠵᠢᠯᠳᠡ ᠶᠢᠨ ᠲᠦᠪ ᠤᠨ ᠯᠢᠤ ᠯᠢ ᠯᠢ ᠪᠠᠭᠰᠢ ᠶᠢ ᠲᠡᠮᠳᠡᠭᠯᠡᠪᠡ      ᠯᠢᠤ ᠯᠢ ᠯᠢ  2006 ᠤᠨ ᠳᠤ ᠠᠵᠢᠯ ᠤᠨ ᠪᠠᠶᠢᠷᠢᠨ ᠳᠤ ᠭᠠᠷᠴᠦ᠂ 18 ᠵᠢᠯ ᠤᠨ ᠲᠤᠷᠰᠢ ᠠᠵᠢᠯ ᠤᠨ ᠪᠠᠶᠢᠷᠢᠨ ᠳᠠᠭᠠᠨ ᠭᠠᠪᠰᠢᠭᠠᠶᠢᠯᠠᠵᠦ᠂ ᠡᠬᠦᠨ ᠳᠤ 13 ᠵᠢᠯ ᠨᠢ ᠬᠦᠳᠡᠭᠡ ᠲᠤᠰᠬᠤᠨ ᠤ ᠰᠤᠷᠭᠠᠭᠤᠯᠢ ᠳᠤ ᠠᠵᠢᠯᠯᠠᠵᠠᠢ᠃ ᠲᠡᠷᠡ ᠠᠵᠢᠯ ᠤᠨ ᠪᠠᠶᠢᠷᠢ ᠪᠠᠨ ᠲᠡᠭᠡᠳᠦᠯᠡᠵᠦ᠂ ᠬᠠᠷᠠᠮ ᠦᠬᠡᠢ ᠵᠢᠳᠬᠦᠬᠦ ᠵᠤᠷᠢᠭ ᠢᠶᠠᠷ ᠰᠤᠷᠭᠠᠨ ᠬᠦᠮᠦᠵᠢᠯ ᠤᠨ ᠡᠮᠦᠨ᠎ᠡ ᠹᠷᠤᠨᠲ ᠲᠤ ᠭᠠᠪᠰᠢᠭᠠᠶᠢᠯᠠᠵᠦ᠂ ᠲᠡᠭᠡᠳᠦ ᠬᠡᠮᠵᠢᠶᠡᠨ ᠤ ᠬᠠᠷᠢᠭᠤᠴᠠᠯᠭᠠᠳᠤ ᠤᠪᠤᠷ ᠢᠶᠠᠷ ᠡᠪ ᠬᠠᠮᠳᠤ ᠨᠠᠮ ᠤᠨ ᠬᠡᠰᠢᠬᠦᠨ ᠤ ᠬᠤᠰᠢᠭᠤᠴᠢ ᠶᠢᠨ ᠦᠢᠯᠡᠳᠦᠯ ᠢᠶᠠᠨ ᠪᠠᠳᠠᠷᠠᠭᠤᠯᠤᠬᠰᠠᠭᠠᠷ ᠢᠷᠡᠵᠡᠢ᠃ ᠰᠤᠷᠭᠠᠨ ᠬᠦᠮᠦᠵᠢᠯ ᠤᠨ ᠵᠢᠭᠠᠨ ᠰᠤᠷᠭᠠᠯᠳᠠ ᠳᠤ ᠨᠠᠮ ᠤᠨ ᠰᠤᠷᠭᠠᠨ ᠬᠦᠮᠦᠵᠢᠯ ᠤᠨ ᠴᠢᠭᠯᠡᠯᠳᠡ ᠶᠢ ᠪᠦᠬᠦ ᠲᠠᠯ᠎ᠠ ᠪᠠᠷ ᠲᠤᠭᠤᠰᠢᠯᠠᠭᠤᠯᠵᠦ᠂ ᠰᠢ ᠶᠢᠨ ᠫᠢᠩ ᠤᠨ ᠰᠢᠨ᠎ᠠ ᠴᠠᠭ ᠦᠶ᠎ᠡ ᠶᠢᠨ ᠲᠤᠮᠳᠠᠳᠤ ᠤᠯᠤᠰ ᠤᠨ ᠤᠨᠴᠠᠯᠢᠭ ᠲᠠᠢ ᠨᠡᠶᠢᠬᠡᠮ ᠵᠢᠷᠦᠮ ᠤᠨ ᠦᠵᠡᠯ ᠰᠠᠨᠠᠭ᠎ᠠ ᠪᠠᠷ ᠤᠳᠤᠷᠢᠳᠤᠮᠵᠢ ᠪᠤᠯᠭᠠᠵᠦ᠂ ᠬᠦᠰᠡᠯ ᠮᠦᠷᠦᠭᠡᠳᠦᠯ ᠲᠠᠢ᠂ ᠴᠢᠳᠠᠪᠦᠷᠢ ᠲᠠᠢ᠂ ᠡᠬᠦᠷᠭᠡ ᠬᠠᠷᠢᠭᠤᠴᠠᠯᠭ᠎ᠠ ᠲᠠᠢ ᠰᠢᠨ᠎ᠠ ᠴᠠᠭ ᠦᠶ᠎ᠡ ᠶᠢᠨ ᠰᠢᠨ᠎ᠡ ᠬᠦᠮᠦᠨ ᠢ ᠬᠦᠮᠦᠵᠢᠬᠦᠯᠬᠦ ᠪᠠᠷ ᠰᠢᠷᠭᠠᠭᠤ ᠬᠠᠳᠠᠭᠤᠵᠢᠯᠳᠠᠢ ᠠᠵᠢᠯᠯᠠᠬᠰᠠᠭᠠᠷ ᠢᠷᠡᠵᠡᠢ᠃ ᠯᠢᠤ ᠯᠢ ᠯᠢ ᠪᠤᠯ ᠦᠵᠡᠯ ᠰᠠᠨᠠᠭ᠎ᠠ ᠤᠯᠤᠰ ᠲᠦᠷᠦ ᠶᠢᠨ ᠪᠠᠭᠰᠢ ᠪᠦᠭᠡᠳ ᠷᠠᠰᠢᠶᠠᠨ ᠬᠤᠳᠠ ᠶᠢᠨ ᠪᠠᠭᠰᠢ ᠶᠢᠨ ᠬᠦᠭᠵᠢᠯᠳᠡ ᠶᠢᠨ ᠲᠦᠪ ᠤᠨ ᠦᠵᠡᠯ ᠰᠠᠨᠠᠭ᠎ᠠ ᠤᠯᠤᠰ ᠲᠦᠷᠦ ᠶᠢᠨ ᠵᠢᠭᠠᠨ ᠰᠤᠷᠭᠠᠬᠴᠢ ᠮᠦᠨ᠃ ᠲᠡᠷᠡ ᠬᠢᠴᠢᠶᠡᠯ ᠬᠦᠮᠦᠵᠢᠯ ᠤᠨ ᠭᠠᠵᠠᠷ᠂ ᠪᠠᠭᠠᠴᠤᠳ ᠤᠨ ᠬᠤᠰᠢᠭᠤᠴᠢ ᠠᠩᠬᠢ᠂ ᠦᠵᠡᠯ ᠰᠠᠨᠠᠭ᠎ᠠ ᠤᠯᠤᠰ ᠲᠦᠷᠦ ᠶᠢᠨ ᠪᠠᠭᠰᠢ ᠶᠢᠨ ᠪᠦᠯᠬᠦᠮ ᠢᠶᠠᠨ ᠲᠠᠭᠠᠭᠤᠯᠤᠨ᠂ ᠰᠡᠳᠤᠪ ᠤᠨ ᠰᠤᠳᠤᠯᠭᠠᠨ ᠢ ᠢᠳᠡᠪᠬᠢᠳᠡᠢ ᠵᠤᠬᠢᠶᠠᠨ ᠪᠠᠶᠢᠭᠤᠯᠵᠦ᠂ ᠰᠤᠷᠭᠠᠭᠤᠯᠢ ᠬᠡᠷ ᠨᠡᠶᠢᠬᠡᠮ ᠭᠤᠷᠪᠠ ᠶᠢ ᠤᠶᠠᠯᠳᠤᠭᠤᠯᠤᠬᠰᠠᠨ ᠲᠤᠤᠷ ᠤᠨ ᠪᠠᠶᠢᠭᠤᠯᠤᠯᠳᠠ ᠶᠢ ᠠᠬᠢᠭᠤᠯᠵᠠᠢ᠃ ︽ᠦᠵᠡᠯ ᠰᠠᠨᠠᠭ᠎ᠠ ᠤᠯᠤᠰ ᠲᠦᠷᠦ +︾ ᠭᠤᠤᠯ ᠰᠡᠳᠤᠪᠳᠤ ᠰᠤᠷᠭᠠᠨ ᠬᠦᠮᠦᠵᠢᠯ ᠤᠨ ᠠᠵᠢᠯᠯᠠᠭ᠎ᠠ ᠶᠢ ᠵᠤᠬᠢᠶᠠᠨ ᠪᠠᠶᠢᠭᠤᠯᠤᠨ ᠦᠷᠨᠢᠬᠦᠯᠵᠦ᠂ ᠰᠢᠨᠵᠢᠯᠡᠭᠡ ᠮᠡᠷᠬᠡᠵᠢᠯ ᠤᠨ ᠰᠤᠳᠤᠯᠭᠠᠨ ᠢᠶᠠᠷ ᠠᠵᠢᠯᠯᠠᠭ᠎ᠠ ᠶᠢ ᠲᠠᠶᠢᠴᠢᠯᠠᠵᠦ᠂ ᠠᠵᠢᠯᠯᠠᠭ᠎ᠠ ᠪᠠᠷ ᠰᠢᠨᠵᠢᠯᠡᠭᠡ ᠮᠡᠷᠬᠡᠵᠢᠯ ᠤᠨ ᠰᠤᠳᠤᠯᠭᠠᠨ ᠢ ᠠᠬᠢᠭᠤᠯᠵᠦ᠂ ᠬᠦᠮᠦᠨ ᠢ ᠬᠦᠮᠦᠵᠢᠬᠦᠯᠬᠦ ᠦᠷ᠎ᠡ ᠪᠦᠳᠦᠮᠵᠢ ᠶᠢ ᠨᠡᠮᠡᠭᠳᠡᠬᠦᠯᠵᠦ᠂ ᠬᠦᠮᠦᠨ ᠢ ᠬᠦᠮᠦᠵᠢᠬᠦᠯᠬᠦ ᠴᠢᠨᠠᠷ ᠴᠢᠨᠰᠠᠭ᠎ᠠ ᠶᠢ ᠲᠡᠭᠡᠭᠰᠢᠯᠡᠬᠦᠯᠵᠡᠢ᠃ ᠯᠢᠤ ᠯᠢ ᠯᠢ ᠪᠡᠶ᠎ᠡ ᠪᠠᠷ ᠢᠶᠠᠨ ᠲᠠᠭᠤᠷᠢᠶᠠᠯ ᠦᠵᠡᠬᠦᠯᠵᠦ᠂ ᠪᠦᠯᠬᠦᠮ ᠲᠠᠭᠠᠭᠤᠯᠤᠨ ᠶᠤᠰᠤ ᠮᠤᠷᠠᠯ ᠤᠨ ᠬᠢᠴᠢᠶᠡᠯ ᠤᠨ ᠰᠢᠰᠲ᠋ᠧᠮ ᠢ ᠲᠦᠰᠦᠪᠯᠡᠨ ᠨᠡᠬᠡᠬᠡᠵᠦ᠂ ︽ᠭᠤᠷᠪᠠᠨ ᠳᠡᠬᠦᠰ︾ ᠬᠦᠮᠦᠨ ᠢ ᠬᠦᠮᠦᠵᠢᠬᠦᠯᠬᠦ ᠵᠠᠬᠪᠦᠷ ᠢ ᠬᠦᠴᠦᠳᠡᠢ ᠠᠬᠢᠭᠤᠯᠵᠦ᠂ ᠶᠤᠰᠤ ᠮᠤᠷᠠᠯ ᠤᠨ ᠬᠢᠴᠢᠶᠡᠯ ᠤᠨ ᠶᠡᠷᠦᠩᠭᠡᠶᠢᠯᠡᠭᠰᠡᠨ ᠴᠢᠨᠠᠷ᠂ ᠦᠢᠯᠡᠳᠦᠯᠬᠡ ᠶᠢᠨ ᠴᠢᠨᠠᠷ ᠢ ᠢᠯᠡᠷᠡᠬᠦᠯᠵᠦ᠂ ᠬᠠᠮᠳᠤᠪᠡᠷ ᠬᠦᠮᠦᠨ ᠢ ᠬᠦᠮᠦᠵᠢᠬᠦᠯᠬᠦ ᠴᠢᠳᠠᠪᠬᠢ ᠶᠢ ᠴᠢᠩᠭᠠᠷᠠᠭᠤᠯᠵᠦ᠂ ︽ᠶᠡᠭᠡ ᠦᠵᠡᠯ ᠰᠠᠨᠠᠭ᠎ᠠ ᠤᠯᠤᠰ ᠲᠦᠷᠦ︾ ᠶᠢᠨ ᠰᠤᠷᠭᠠᠨ ᠬᠦᠮᠦᠵᠢᠯ ᠤᠨ ᠤᠶᠢᠯᠠᠭᠠᠬᠳᠠᠬᠤᠨ ᠢ ᠦᠢᠯᠡᠳᠤᠯᠭᠡᠵᠢᠬᠦᠯᠵᠠᠢ᠃ ᠶᠤᠰᠤ ᠮᠤᠷᠠᠯ ᠤᠨ ᠬᠢᠴᠢᠶᠡᠯ ᠪᠤᠯᠤᠨ ᠪᠦᠬᠦ ᠬᠢᠴᠢᠶᠡᠯ ᠲᠦᠷᠦᠯ ᠤᠨ ᠠᠭᠤᠰᠤᠯᠴᠠᠯ ᠤᠨ ᠰᠢᠨ᠎ᠠ ᠵᠠᠮ ᠢ ᠨᠡᠬᠡᠬᠡᠵᠡᠢ᠃ ᠯᠢᠤ ᠯᠢ ᠯᠢ ᠷᠠᠰᠢᠶᠠᠨ ᠬᠤᠳᠠ ᠶᠢᠨ ᠦᠵᠡᠯ ᠰᠠᠨᠠᠭ᠎ᠠ ᠤᠯᠤᠰ ᠲᠦᠷᠦ ᠶᠢᠨ ᠰᠠᠯᠠᠭᠠᠨ ᠤ ᠨᠡᠷᠡᠳᠤ ᠪᠠᠭᠰᠢ ᠶᠢᠨ ᠠᠵᠢᠯᠯᠠᠬᠤ ᠲᠠᠰᠤᠭ ᠪᠠᠶᠢᠭᠤᠯᠵᠦ᠂ ︽ᠬᠠᠮᠳᠤᠪᠡᠷ ᠰᠤᠳᠤᠯᠬᠤ᠂ ᠬᠠᠮᠳᠤᠪᠡᠷ ᠪᠠᠶᠢᠭᠤᠯᠬᠤ᠂ ᠬᠠᠮᠳᠤᠪᠡᠷ ᠬᠦᠮᠦᠵᠢᠬᠦᠯᠬᠦ︾ ᠪᠠᠷ ᠬᠠᠮᠳᠤ ᠶᠢᠨ ᠬᠦᠭᠵᠢᠯᠳᠡ ᠶᠢᠨ ᠤᠨᠤᠯᠵᠢᠬᠤᠨ ᠢ ᠪᠤᠢ ᠪᠤᠯᠭᠠᠵᠦ᠂ ᠵᠢᠭᠠᠨ ᠰᠤᠷᠭᠠᠯᠳᠠ ᠶᠢᠨ ᠦᠬᠡᠷᠡᠴᠢᠯᠡᠯᠳᠡ ᠶᠢ ᠢᠳᠡᠪᠬᠢᠳᠡᠢ ᠠᠬᠢᠭᠤᠯᠵᠦ᠂ ᠠᠵᠢᠯᠯᠠᠭ᠎ᠠ ᠪᠠᠷ ᠠᠴᠢᠶᠠᠯᠠᠬᠴᠢ ᠪᠤᠯᠭᠠᠵᠦ᠂ ᠬᠢᠴᠢᠶᠡᠯ ᠤᠨ ᠰᠡᠳᠤᠪ ᠢᠶᠠᠷ ᠤᠳᠤᠷᠢᠳᠤᠮᠵᠢ ᠪᠤᠯᠭᠠᠵᠦ᠂ ᠬᠢᠴᠢᠶᠡᠯ ᠰᠤᠷᠤᠯᠭ᠎ᠠ ᠶᠢᠨ ᠨᠢᠬᠡ ᠴᠤᠬᠴᠠᠵᠢᠭᠤᠯᠤᠬᠰᠠᠨ᠂ ᠤᠯᠠᠨ ᠡᠰᠢᠵᠢᠭᠰᠡᠨ ᠬᠦᠮᠦᠨ ᠢ ᠬᠦᠮᠦᠵᠢᠬᠦᠯᠬᠦ ᠭᠤᠤᠯ ᠴᠤᠬᠴᠠ ᠶᠢᠨ ᠵᠠᠬᠪᠦᠷ ᠢ ᠪᠤᠢ ᠪᠤᠯᠭᠠᠵᠠᠢ᠃ ᠯᠢᠦ ᠯᠢ ᠯᠢ ᠦᠪᠡᠷ ᠤᠨ ᠲᠤᠰᠬᠠᠢ ᠮᠡᠷᠬᠡᠵᠢᠯ ᠤᠨ ᠬᠡᠪ ᠪᠤᠯᠪᠠᠰᠦᠷᠠᠯ ᠢᠶᠠᠨ ᠴᠢᠷᠮᠠᠶᠢᠨ ᠲᠡᠭᠡᠭᠰᠢᠯᠡᠬᠦᠯᠵᠦ᠂ ᠰᠡᠳᠬᠢᠴᠡ ᠶᠢᠨ ᠠᠰᠠᠭᠤᠨ ᠯᠠᠪᠯᠠᠬᠴᠢ᠂ ᠵᠠᠯᠠᠭᠤᠴᠤᠳ ᠪᠠᠭᠠᠴᠤᠳ ᠤᠨ ᠠᠵᠢᠯ ᠮᠡᠷᠬᠡᠵᠢᠯ ᠤᠨ ᠬᠦᠭᠵᠢᠯᠳᠡ ᠶᠢᠨ ᠪᠤᠯᠪᠠᠰᠦᠷᠠᠬᠴᠢ ᠶᠢᠨ ᠬᠢᠷᠢ ᠬᠡᠮ ᠢ ᠰᠢᠯᠭᠠᠨ ᠠᠪᠴᠦ᠂ ᠰᠢᠨᠵᠢᠯᠡᠬᠦ ᠤᠬᠠᠭᠠᠨᠴᠢ ᠪᠠᠷ ᠡᠶ᠎ᠡ ᠨᠠᠶᠢᠷᠳᠠᠢ ᠪᠠᠭᠰᠢ ᠰᠤᠷᠤᠬᠴᠢ ᠶᠢᠨ ᠬᠠᠷᠢᠴᠠᠭ᠎ᠠ ᠶᠢ ᠪᠠᠶᠢᠭᠤᠯᠵᠦ᠂ ᠰᠤᠷᠤᠬᠴᠢ ᠶᠢᠨ ᠰᠡᠳᠬᠢᠯ ᠤᠨ ᠦᠬᠡ ᠶᠢ ᠰᠤᠨᠤᠰᠴᠦ᠂ ᠨᠡᠶᠢᠬᠡᠮ ᠤᠨ ᠡᠯ᠎ᠡ ᠡᠳᠡᠭᠡᠳ ᠤᠨ ᠦᠨᠳᠦᠷ ᠦᠨᠡᠯᠡᠯᠳᠡ ᠶᠢ ᠤᠯᠵᠠᠢ᠃ ᠯᠢᠤ ᠯᠢ ᠯᠢ ᠪᠠᠭᠰᠢ ᠡᠬᠡᠯ ᠵᠢᠷ ᠤᠨ ᠠᠵᠢᠯ ᠤᠨ ᠪᠠᠶᠢᠷᠢᠨ ᠳᠠᠭᠠᠨ ᠭᠠᠪᠰᠢᠭᠠᠶᠢᠯᠠᠨ ᠠᠵᠢᠯᠯᠠᠬᠰᠠᠨ ᠠᠴᠠ ︽ᠰᠢᠯᠢᠳᠡᠭ ᠡᠪ ᠬᠠᠮᠳᠤ ᠨᠠᠮ ᠤᠨ ᠬᠡᠰᠢᠬᠦᠨ︾᠂ ︽ᠰᠢᠯᠢᠳᠡᠭ ᠰᠤᠷᠭᠠᠨ ᠬᠦᠮᠦᠵᠢᠯ ᠤᠨ ᠠᠵᠢᠯᠳᠠᠨ︾᠂ ︽ᠰᠢᠯᠢᠳᠡᠭ ᠮᠤᠷᠠᠯ ᠬᠦᠮᠦᠵᠢᠯ ᠤᠨ ᠠᠵᠢᠯᠳᠠᠨ︾ ︽ᠰᠢᠯᠢᠳᠡᠭ ᠵᠠᠯᠠᠭᠤᠴᠤᠳ ᠪᠠᠭᠠᠴᠤᠳ ᠤᠨ ᠠᠵᠢᠯ ᠤᠨ ᠪᠠᠶᠢᠷᠢ ᠶᠢᠨ ᠴᠢᠳᠠᠪᠦᠷᠢᠳᠠᠨ︾᠂ ︽ᠨᠡᠷᠡᠳᠤ ᠪᠠᠭᠰᠢ︾ ᠵᠡᠷᠭᠡ ᠢᠷᠠᠭᠤ ᠠᠯᠳᠠᠷ ᠢ ᠬᠦᠷᠳᠡᠵᠡᠢ᠃ ᠲᠡᠬᠦᠨ ᠤ ᠲᠠᠭᠠᠭᠤᠯᠤᠬᠰᠠᠨ ᠪᠦᠯᠬᠦᠮ ᠨᠢ ᠠᠶᠢᠮᠠᠭ ᠤᠨ ᠲᠡᠰ ᠤᠨ ︽ᠬᠦᠳᠡᠯᠮᠦᠷᠢ ᠬᠦᠮᠦᠵᠢᠯ ᠤᠨ ᠵᠢᠱᠢᠶ᠎ᠠ ᠦᠵᠡᠬᠦᠯᠬᠦ ᠰᠤᠷᠭᠠᠭᠤᠯᠢ︾ ᠵᠡᠷᠭᠡ ᠢᠷᠠᠭᠤ ᠠᠯᠳᠠᠷ ᠢ ᠬᠦᠷᠳᠡᠵᠡᠢ᠃ ᠲᠡᠬᠦᠨ ᠤ ᠲᠠᠭᠠᠭᠤᠯᠤᠨ ᠰᠤᠳᠤᠯᠤᠬᠰᠠᠨ ᠡᠯ᠎ᠡ ᠲᠦᠷᠦᠯ ᠤᠨ ᠰᠡᠳᠤᠪ ᠨᠢ ᠡᠯᠪᠡᠭ ᠠᠮᠵᠢᠯᠳᠠ ᠤᠯᠵᠦ᠂ ᠪᠦᠬᠦ ᠬᠤᠳᠠ ᠳᠤ ᠲᠡᠯᠬᠡᠷᠡᠬᠦᠯᠵᠡᠢ᠃ ᠤᠯᠠᠨ ᠤᠳᠠᠭ᠎ᠠ ᠡᠯ᠎ᠡ ᠲᠦᠷᠦᠯ ᠤᠨ ᠤᠷᠤᠯᠳᠤᠭᠠᠨ ᠳᠤ ᠰᠢᠯᠢᠳᠡᠭ ᠬᠢᠷᠢ ᠪᠦᠳᠦᠮᠵᠢ ᠤᠯᠵᠦ ᠵᠢᠱᠢᠶᠡᠴᠢ ᠲᠠᠭᠠᠭᠤᠯᠤᠬᠴᠢ ᠶᠢᠨ ᠦᠢᠯᠡᠳᠦᠯ ᠦᠵᠡᠬᠦᠯᠦᠭᠰᠡᠨ ᠪᠠᠶᠢᠨ᠎ᠠ᠃ · ᠬᠠᠨ᠎ᠠ ᠪᠤᠶᠠᠨ ·  
 
ᠢᠷᠡᠯᠲᠡ᠄ ᠬᠢᠩᠭᠠᠨ ᠤ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号