| | 10 ᠰᠠᠷ᠎ᠠ ᠶᠢᠨ 10 ᠤ ᠡᠳᠦᠷ᠂ ᠬᠢᠩᠭᠠᠨ ᠠᠶᠢᠮᠠᠭ ᠤᠨ ᠨᠠᠮ ᠤᠨᠬᠤᠷᠢᠶ᠎ᠠ ᠶᠢᠨ ᠱᠦᠵᠢ ᠰᠦᠬᠡ ᠪᠦᠯᠬᠦᠮ | ᠳᠠᠭᠠᠭᠤᠯᠤᠨ ᠰᠢᠶᠠᠮᠧᠨ ᠬᠤᠳᠠ ᠳᠤ ᠬᠦᠷᠴᠦ ᠵᠢᠨᠯᠦ᠋ᠩ ᠮᠠᠰᠢᠨ ᠲᠡᠷᠭᠡᠨ ᠤ ᠠᠵᠤ ᠦᠢᠯᠡᠳᠪᠦᠷᠢ ᠶᠢᠨ ᠬᠠᠮᠲᠤᠷᠠᠭᠰᠠᠨ | ᠬᠢᠵᠠᠭᠠᠷᠲᠤ ᠺᠣᠮᠫᠠᠨᠢ ᠶᠢ ᠰᠢᠨᠵᠢᠯᠡᠨ ᠪᠠᠶᠢᠴᠠᠭᠠᠭᠰᠠᠨ ᠪᠥᠭᠡᠳ ᠺᠣᠮᠫᠠᠨᠢ ᠶᠢᠨ ᠨᠠᠮ ᠤᠨ ᠬᠤᠷᠢᠶ᠎ᠠ ᠶᠢᠨ ᠱᠦᠵᠢ᠂ | ᠬᠡᠷᠡᠭ ᠮᠡᠳᠡᠭᠴᠢᠳ ᠤᠨ ᠳᠠᠷᠤᠭ᠎ᠠ ᠯᠢᠦ ᡁᠢ ᠵᠢᠶᠦ᠋ᠨ ᠪᠣᠯᠤᠨ ᠱᠧᠨᠵᠧᠨ ᠤ ᠰᠢ ᠬᠤ᠋ ᠬᠤᠪᠢ ᠣᠷᠣᠭᠤᠯᠤᠭᠰᠠᠨ | ᠬᠢᠵᠠᠭᠠᠷᠲᠤ ᠺᠣᠮᠫᠠᠨᠢ ᠶᠢᠨ ᠬᠡᠷᠡᠭ ᠮᠡᠳᠡᠭᠴᠢᠳ ᠤᠨ ᠲᠤᠪᠴᠢᠶ᠎ᠠ ᠶᠢᠨ ᠲᠡᠷᠢᠭᠦᠯᠡᠭᠴᠢ ᠵᠠᠩ ᠪᠢᠩ ᠴᠧᠨ ᠲᠠᠢ | ᠬᠤᠳᠠᠯᠳᠤᠭᠠᠴᠢᠨ ᠤᠷᠢᠵᠤ ᠪᠡᠯᠡ ᠣᠷᠣᠭᠤᠯᠬᠤ ᠲᠦᠷᠦᠯ ᠵᠦᠢᠯ ᠢ ᠨᠠᠶᠢᠳᠠᠪᠤᠷᠢᠵᠢᠭᠤᠯᠬᠤ ᠶᠠᠪᠤᠳᠠᠯ ᠢ ᠰᠣᠯᠢᠯᠴᠠᠨ | ᠵᠣᠯᠭᠠᠭᠤᠯᠵᠠᠢ᠃ ᠶᠠᠷᠢᠯᠴᠠᠬᠤ ᠬᠤᠷᠠᠯ ᠳᠡᠭᠡᠷ᠎ᠡ᠂ ᠡᠯ᠎ᠡ ᠲᠠᠯ᠎ᠠ ᠶᠢᠨ ᠬᠢᠨ ᠬᠢᠩᠭᠠᠨ ᠠᠶᠢᠮᠠᠭ ᠲᠤ ᠵᠢᠯ ᠳᠤ 30 | ᠲᠦᠮᠡᠨ ᠰᠢᠨ᠎ᠡ ᠡᠨᠧᠷᠭᠢ ᠶᠢᠨ ᠠᠷᠠᠰᠤᠨ ᠠᠴᠢᠶᠠᠨ ᠤ ᠮᠠᠰᠢᠨ ᠲᠡᠷᠭᠡ ᠦᠢᠯᠡᠳᠪᠦᠷᠢᠯᠡᠬᠦ ᠲᠦᠷᠦᠯ ᠵᠦᠢᠯ ᠤᠨ | ᠲᠣᠭᠤᠷᠢᠨ ᠳᠤ ᠰᠠᠨᠠᠯ ᠢᠶᠠᠨ ᠭᠦᠨᠵᠡᠭᠡᠢ ᠰᠣᠯᠢᠯᠴᠠᠵᠤ᠂ ᠵᠣᠯᠭᠠᠯᠴᠠᠭ᠎ᠠ ᠶᠢ ᠴᠢᠨᠠᠭᠰᠢᠳᠠ ᠴᠢᠩᠭᠠᠳᠬᠠᠵᠤ᠂ ᠲᠦᠷᠦᠯ | ᠵᠦᠢᠯ ᠢ ᠡᠷᠲᠡᠬᠡᠨ ᠨᠠᠶᠢᠳᠠᠪᠤᠷᠢᠵᠢᠭᠤᠯᠬᠤ ᠶᠢ ᠠᠬᠢᠭᠤᠯᠬᠤ ᠶᠢᠨ ᠬᠠᠮᠲᠤ ᠪᠠᠶᠢᠯᠳᠤᠬᠤ ᠪᠤᠳᠤᠯᠭ᠎ᠠ ᠶᠢᠨ | ᠬᠠᠮᠲᠤᠷᠠᠯᠴᠠᠭᠠᠨ ᠤ ᠵᠥᠪᠯᠡᠯᠴᠡᠭᠡᠷ ᠲᠤᠬᠢᠷᠠᠯᠴᠠᠨ᠎ᠠ ᠭᠡᠵᠦ ᠢᠯᠡᠳᠬᠡᠪᠡ᠃ ᠠᠶᠢᠮᠠᠭ ᠤᠨ ᠨᠠᠮ ᠤᠨ ᠬᠤᠷᠢᠶ᠎ᠠ ᠂ | ᠵᠠᠬᠢᠷᠭ᠎ᠠ ᠠᠴᠠ ᠪᠠᠰᠠ ᠱᠧᠨᠵᠧᠨ ᠤ ᠰᠢ ᠬᠤ᠋ ᠬᠤᠪᠢ ᠣᠷᠣᠭᠤᠯᠤᠭᠰᠠᠨ ᠬᠢᠵᠠᠭᠠᠷᠲᠤ ᠺᠣᠮᠫᠠᠨᠢ ᠶᠢᠨ ᠬᠡᠷᠡᠭ | ᠮᠡᠳᠡᠭᠴᠢᠳ ᠤᠨ ᠲᠤᠪᠴᠢᠶ᠎ᠠ ᠶᠢᠨ ᠲᠡᠷᠢᠭᠦᠯᠡᠭᠴᠢ ᠵᠠᠩ ᠪᠢᠩ ᠴᠧᠨ ᠢ ︽ᠬᠢᠩᠭᠠᠨ ᠠᠶᠢᠮᠠᠭ ᠤᠨ ᠴᠢᠨᠠᠷ ᠰᠠᠶᠢᠲᠠᠢ | ᠬᠥᠭᠵᠢᠯᠲᠡ ᠶᠢᠨ ᠨᠡᠷ᠎ᠡ ᠬᠦᠨᠳᠦᠲᠦ ᠵᠥᠪᠯᠡᠭᠴᠢ︾ ᠪᠠᠷ ᠤᠷᠢᠭᠰᠠᠨ ᠪᠥᠭᠡᠳ ᠲᠤᠬᠠᠢ ᠶᠢᠨ ᠲᠠᠯᠠᠪᠠᠢ ᠳᠤ | ᠤᠷᠢᠯᠭ᠎ᠠ ᠶᠢᠨ ᠪᠢᠴᠢᠭ ᠭᠠᠷᠳᠠᠭᠤᠯᠵᠠᠢ᠃ ᠠᠶᠢᠮᠠᠭ ᠤᠨ ᠤᠳᠤᠷᠢᠳᠤᠯᠭ᠎ᠠ ᠬᠥ᠋ ᠯᠢ ᠮᠢᠨ᠂ ᠰᠦᠨ ᠱᠦ ᠲᠤᠤ᠂ ᠪᠠᠶ | ᠶᠦᠨ ᠬᠠᠶ ᠬᠤᠳᠠᠯᠳᠤᠭᠠᠴᠢᠨ ᠤᠷᠢᠵᠤ ᠰᠢᠨᠵᠢᠯᠡᠨ ᠪᠠᠶᠢᠴᠠᠭᠠᠬᠤ ᠠᠵᠢᠯᠯᠠᠭ᠎ᠠ ᠳᠤ ᠣᠷᠣᠯᠴᠠᠪᠠ᠃ | |