ᠷᠠᠰᠢᠶᠠᠨ ᠢᠶᠠᠷ ᠵᠢᠭᠤᠯᠴᠢᠯᠠᠵᠦ ᠡᠭᠡ ᠪᠠᠶᠢᠭᠠᠯᠢ ᠶᠢᠨ ᠭᠠᠶᠢᠬᠠᠮᠰᠢᠬ ᠢ ᠰᠤᠨᠢᠷᠬᠠᠨ᠎ᠠ
ᠨᠡᠶᠢᠲᠡᠯᠡᠭᠰᠡᠨ ᠴᠠᠭ᠄
2024/5/7
    ᠡᠷᠭᠡ ᠴᠢᠯᠦᠭᠡᠳᠠᠢ ᠵᠢᠭᠤᠯᠴᠢᠯᠠᠵᠦ ᠠᠭᠤᠯᠠ ᠤᠰᠤ ᠶᠢᠨ ᠦᠵᠡᠮᠵᠢ ᠳᠤ ᠰᠤᠬᠳᠤᠭᠤᠷᠠᠨ᠂ ᠦᠳᠡᠰᠢ ᠪᠤᠯᠬᠤ ᠪᠠᠷ ᠰᠦᠨᠢ ᠶᠢᠨ ᠤᠬᠳᠠᠷᠭᠤᠢ ᠶᠢ ᠰᠤᠨᠢᠷᠬᠠᠨ᠂ ︽ᠶᠢᠷᠳᠢᠨᠴᠦ ᠶᠢᠨ ᠭᠠᠳᠠᠨᠠᠬᠢ ᠲᠤᠭᠤᠷ ᠤᠨ ᠬᠦᠷᠢᠶᠠᠯᠠᠩ︾ ᠳᠤ ᠬᠦᠷᠦᠭᠰᠡᠨ ᠰᠢᠭ ᠵᠤᠯ ᠵᠢᠷᠭᠠᠯ ᠢ ᠡᠳ᠋ᠯᠡᠨ᠎ᠠ᠃ ᠡ᠊ᠨᠳᠡ ᠬᠦᠮᠦᠰ ᠤᠨ ᠠᠩᠬᠠᠷᠤᠯ ᠢ ᠲᠠᠳᠠᠭᠰᠠᠨ ᠬᠦᠬᠡᠮᠳᠦᠭ ᠨᠤᠭᠤᠭᠠᠨ ᠠᠭᠤᠯᠠ ᠤᠰᠤ ᠲᠠᠢ᠂ ᠭᠠᠯᠳᠦ ᠠᠭᠤᠯᠠ ᠶᠢᠨ ᠬᠠᠶᠢᠯᠤᠮᠠᠯ ᠴᠢᠯᠠᠭᠤᠯᠢᠭ ᠤᠨ ᠦᠪᠡᠷᠮᠢᠴᠠ ᠤᠨᠴᠠᠯᠢᠭᠳᠦ ᠪᠠᠶᠢᠭᠠᠯᠢ ᠶᠢᠨ ᠦᠩᠭᠡ ᠦᠵᠡᠮᠵᠢ ᠲᠠᠢ᠃ ᠡᠨᠡᠬᠦ ᠵᠡᠬᠦᠳᠦ ᠵᠡᠷᠭᠡᠯᠭᠡᠨ ᠮᠡᠳᠦ ᠦᠵᠡᠰᠬᠦᠯᠡᠩᠳᠦ ᠰᠠᠶᠢᠬᠠᠨ ᠭᠠᠵᠠᠷ ᠪᠤᠯ ᠬᠢᠩᠭᠠᠨ ᠠᠶᠢᠮᠠᠭ ᠤᠨ ᠷᠠᠰᠢᠶᠠᠨ ᠪᠤᠯᠤᠨ᠎ᠠ᠃ ᠷᠠᠰᠢᠶᠠᠨ ᠬᠤᠳᠠ ᠨᠢ ᠬᠢᠩᠭᠠᠨ ᠠᠶᠢᠮᠠᠭ ᠤᠨ ᠪᠠᠷᠠᠭᠤᠨ ᠬᠤᠶᠢᠳᠦ ᠬᠡᠰᠡᠭ ᠲᠤ ᠪᠠᠶᠢᠷᠢᠯᠠᠵᠦ᠂ ᠶᠡᠭᠡ ᠬᠢᠩᠭᠠᠨ ᠲᠠᠪᠠᠭ᠎ᠠ ᠶᠢᠨ ᠪᠠᠷᠠᠭᠤᠨ ᠡᠮᠦᠨᠡᠬᠦᠷ ᠰᠦᠨᠳᠡᠯᠡᠵᠦ ᠪᠠᠶᠢᠨ᠎ᠠ᠃ ᠵᠡᠬᠦᠨ ᠲᠠᠯ᠎ᠠ ᠪᠠᠷ ᠢᠶᠠᠨ ᠬᠦᠯᠦᠨ ᠪᠤᠶᠢᠷ ᠬᠤᠳᠠ ᠶᠢᠨ ᠵᠠᠯᠠᠨ ᠠᠶᠢᠯ ᠬᠤᠳᠠ ᠪᠠ ᠬᠢᠩᠭᠠᠨ ᠠᠶᠢᠮᠠᠭ ᠤᠨ ᠵᠠᠯᠠᠶᠢᠳ ᠬᠤᠰᠢᠭᠤ ᠲᠠᠢ ᠬᠦᠷᠰᠢᠯᠡᠵᠦ᠂ ᠡᠮᠦᠨᠡᠳᠦ ᠳᠡᠭᠡᠨ ᠬᠢᠩᠭᠠᠨ ᠠᠶᠢᠮᠠᠭ ᠤᠨ ᠬᠤᠷᠴᠢᠨ ᠪᠠᠷᠠᠭᠤᠨ ᠭᠠᠷᠤᠨ ᠡᠮᠦᠨᠡᠳᠦ ᠬᠤᠰᠢᠭᠤ ᠲᠠᠢ ᠬᠦᠷᠰᠢᠯᠡᠵᠦ᠂ ᠪᠠᠷᠠᠭᠤᠨ ᠲᠠᠯ᠎ᠠ ᠪᠠᠷ ᠢᠶᠠᠨ ᠮᠤᠩᠭᠤᠯ ᠤᠯᠤᠰ ᠲᠠᠢ ᠬᠢᠯᠢ ᠨᠡᠶᠢᠯᠡᠵᠦ᠂ ᠬᠤᠶᠢᠳᠦ ᠲᠠᠯ᠎ᠠ ᠪᠠᠷ ᠢᠶᠠᠨ ᠬᠦᠯᠦᠨ ᠪᠤᠶᠢᠷ ᠬᠤᠳᠠ ᠶᠢᠨ ᠰᠢᠨ᠎ᠡ ᠪᠠᠷᠭᠤ ᠵᠡᠬᠦᠨ ᠬᠤᠰᠢᠭᠤ᠂ ᠡᠸ᠋ᠩᠬᠢ ᠦᠨᠳᠦᠰᠦᠳᠡᠨ ᠤ ᠦᠪᠡᠷᠳᠡᠭᠡᠨ ᠵᠠᠰᠠᠬᠤ ᠬᠤᠰᠢᠭᠤ ᠲᠠᠢ ᠵᠠᠬ᠎ᠠ ᠨᠡᠶᠢᠯᠡᠵᠦ ᠪᠠᠶᠢᠨ᠎ᠠ᠃ ᠡ᠊ᠨᠳᠡ ᠴᠡᠪᠡᠷ ᠲᠤᠩᠭᠠᠯᠠᠭ ᠰᠢᠨ᠎ᠡ ᠰᠤᠷᠭᠤᠭ ᠠᠭᠤᠷ ᠠᠮᠢᠰᠬᠤᠯ ᠲᠠᠢ ᠪᠠᠷ ᠪᠠᠷᠠᠬᠤ ᠦᠭᠡᠢ ᠤᠢ ᠰᠢᠭᠤᠢ ᠶᠢᠨ ᠪᠦᠷᠬᠦᠴᠡ ᠶᠢᠨ ᠨᠤᠷᠮ᠎ᠠ 81.2% ᠬᠦᠷᠴᠦ᠂ ᠤᠷᠭᠤᠮᠠᠯ ᠤᠨ ᠪᠦᠬᠦᠴᠡ ᠶᠢᠨ ᠨᠤᠷᠮ᠎ᠠ 95% ᠬᠦᠷᠴᠦ᠂ ᠤᠯᠤᠰ ᠤᠨ ᠤᠮᠠᠷᠠᠳᠦ ᠬᠢᠯᠢ ᠶᠢᠨ ᠠᠮᠢ ᠠᠬᠤᠢ ᠶᠢᠨ ᠬᠠᠯᠬᠠᠪᠴᠢ ᠪᠠ ᠴᠢᠬᠤᠯᠠ ᠠᠮᠢ ᠠᠬᠤᠢ ᠶᠢᠨ ᠠᠮᠤᠷ ᠲᠦᠪᠰᠢᠨ ᠳᠤ ᠪᠠᠳᠤᠯᠠᠭ᠎ᠠ ᠬᠠᠩᠭᠠᠵᠤ ᠪᠠᠶᠢᠨ᠎ᠠ᠃ ᠷᠠᠰᠢᠶᠠᠨ ᠤ ᠲᠦᠷᠪᠡᠨ ᠤᠯᠠᠷᠢᠯ ᠤᠨ ᠦᠩᠭᠡ ᠦᠵᠡᠮᠵᠢ ᠨᠢ ᠪᠦᠷ ᠦᠪᠡᠷ ᠦᠪᠡᠷ ᠤᠨ ᠤᠨᠴᠠᠯᠢᠭ ᠲᠠᠢ ᠦᠵᠡᠮᠵᠢᠳᠦ ᠪᠠᠶᠢᠭᠠᠯᠢ ᠶᠤᠮ᠃ ᠬᠠᠪᠤᠷ ᠤᠨ ᠷᠠᠰᠢᠶᠠᠨ ᠭᠡᠵᠦ᠂ ᠮᠦᠰᠦ ᠤᠶᠠᠷᠠᠵᠦ ᠬᠠᠶᠢᠯ ᠤᠷᠤᠰᠤᠭᠰᠠᠨ᠂ ᠲᠡᠨᠵᠢ ᠨᠤᠭᠤᠭᠠᠷᠠᠵᠦ ᠬᠠᠭᠳᠠ ᠨᠢᠷᠠᠶᠢᠯᠠᠭᠰᠠᠨ᠂ ᠬᠤᠷᠴᠠ ᠤᠯᠠᠭᠠᠨ ᠴᠡᠴᠡᠭ ᠪᠠᠳᠠᠷᠠᠨ ᠲᠡᠯᠭᠡᠷᠡᠭᠰᠡᠨ ᠤᠷᠢᠬᠠᠨ ᠪᠠᠶᠢᠭᠠᠯᠢ ᠶᠤᠮ︔ ᠵᠤᠨ ᠤ ᠷᠠᠰᠢᠶᠠᠨ ᠭᠡᠵᠦ᠂ ᠤᠢ ᠮᠤᠳᠦ ᠬᠦᠭᠡᠷᠡᠨ ᠨᠤᠭᠤᠭᠠᠷᠠᠭᠰᠠᠨ᠂ ᠭᠤᠤᠯ ᠭᠤᠷᠤᠬ᠎ᠠ ᠭᠤᠷᠴᠢᠬᠢᠨᠠᠨ ᠤᠷᠤᠰᠤᠭᠰᠠᠨ᠂ ᠴᠡᠴᠡᠭᠡᠰ ᠲᠡᠯᠭᠡᠷᠡᠵᠦ ᠨᠠᠭᠤᠷ ᠪᠦᠷᠢᠳᠦ ᠮᠡᠯᠮᠡᠯᠵᠡᠨ ᠲᠤᠨᠤᠷᠠᠭᠰᠠᠨ ᠤᠶᠠᠨ ᠪᠠᠶᠢᠭᠠᠯᠢ ᠶᠤᠮ︔ ᠨᠠᠮᠤᠷ ᠤᠨ ᠷᠠᠰᠢᠶᠠᠨ ᠭᠡᠵᠦ᠂ ᠡᠪᠡᠰᠦ ᠬᠠᠯᠢᠭᠤᠷᠠᠵᠦ ᠨᠠᠪᠴᠢᠰ ᠪᠦᠵᠢᠭᠰᠡᠨ᠂ ᠰᠢᠯᠢᠮᠳᠡᠭ ᠤᠨ ᠬᠤᠸᠠᠷ ᠰᠠᠯᠬᠢᠨ ᠤ ᠠᠶ᠎ᠠ ᠪᠠᠷ ᠲᠠᠪᠠᠯᠭᠠᠯᠠᠭᠰᠠᠨ ᠨᠠᠯᠠᠭᠠᠷ ᠪᠠᠶᠢᠭᠠᠯᠢ ᠶᠤᠮ︔ ᠡᠪᠤᠯ ᠤᠨ ᠷᠠᠰᠢᠶᠠᠨ ᠭᠡᠵᠦ᠂ ᠴᠠᠰᠤᠨ ᠴᠠᠶᠢᠷᠠᠵᠦ ᠴᠠᠩ ᠰᠠᠪᠰᠠᠭᠰᠠᠨ᠂ ᠬᠦᠯᠳᠡᠳᠡᠭ ᠦᠭᠡᠢ ᠭᠤᠤᠯ ᠭᠤᠷᠴᠢᠬᠢᠨᠠᠨ ᠤᠷᠤᠰᠤᠭᠰᠠᠨ᠂ ᠬᠤᠳᠠ ᠶᠢᠨ ᠲᠤᠮᠳᠠ ᠪᠠᠷ ᠵᠡᠭᠡᠷ᠎ᠠ ᠬᠦᠶᠦᠯᠳᠦᠭᠰᠡᠨ ᠠᠮᠤᠭᠤᠯᠠᠩ ᠪᠠᠶᠢᠭᠠᠯᠢ ᠶᠤᠮ᠃ ᠷᠠᠰᠢᠶᠠᠨ ᠤ ᠪᠦᠬᠦ ᠦᠵᠡᠮᠵᠢ ᠶᠢᠨ ᠲᠤᠳᠤᠷ᠎ᠠ᠂ ᠵᠡᠬᠦᠳᠦ ᠵᠡᠷᠭᠡᠯᠭᠡᠨ ᠮᠡᠳᠦ ᠪᠠᠯᠠᠷ ᠤᠢ ᠰᠢᠭᠤᠢ ᠶᠢᠨ ᠲᠤᠮᠳᠠ ᠬᠤᠷᠴᠠ ᠤᠯᠠᠭᠠᠨ ᠴᠡᠴᠡᠭ ᠤᠨ ᠲᠠᠯᠠᠢ ᠨᠢᠭᠤᠭᠳᠠᠵᠦ᠂ ᠡᠯᠳᠡᠪ ᠵᠦᠢᠯ ᠤᠨ ᠬᠠᠴᠢᠨ ᠰᠣᠨᠢᠨ ᠤᠷᠭᠤᠮᠠᠯ ᠤᠷᠭᠤᠵᠤ ᠪᠠᠶᠢᠳᠠᠭ ᠶᠤᠮ᠃ ᠳᠠᠪᠠᠭᠤᠯᠢᠭ ᠭᠠᠵᠠᠷ ᠵᠦᠶ ᠶᠢᠨ ᠪᠠᠶᠢᠷᠢᠯᠠᠯ ᠪᠠ ᠲᠣᠬᠢᠷᠠᠮᠵᠢᠲᠠᠶ ᠠᠭᠤᠷ ᠠᠮᠢᠰᠬᠤᠯ ᠤᠨ ᠣᠷᠴᠢᠨ ᠲᠣᠭᠤᠷᠢᠨ ᠨᠢ ᠪᠠᠰᠠ ᠡᠨᠡᠬᠦ ᠵᠠᠭᠤᠨ ᠲᠦᠮᠡᠨ ᠵᠢᠯ ᠤᠨ ᠡᠮᠦᠨᠡᠬᠢ ᠭᠠᠯᠲᠤ ᠠᠭᠤᠯᠠ ᠪᠠᠶᠢᠨ ᠳᠠᠬᠢᠨ ᠳᠡᠯᠪᠡᠷᠡᠵᠦ ᠪᠠᠶᠢᠭᠰᠠᠨ ᠬᠠᠶᠢᠯᠤᠮᠠᠯ ᠴᠢᠯᠠᠭᠤᠯᠢᠭ ᠤᠨ ᠭᠠᠵᠠᠷ ᠢ ᠮᠠᠰᠢ ᠣᠯᠠᠨ ᠠᠮᠢᠲᠠᠨ ᠤ ᠤᠷᠤᠰᠢᠨ ᠠᠮᠢᠳᠤᠷᠠᠬᠤ ᠭᠠᠵᠠᠷ ᠪᠤᠯᠭᠠᠭᠰᠠᠨ ᠢᠶᠠᠷ ᠪᠠᠷᠠᠬᠤ ᠦᠭᠡᠢ ᠲᠢᠶᠠᠨ ‍ᠤᠤᠢ ᠨᠠᠭᠤᠷ᠂ ᠰᠠᠨ ᠲᠠᠨ ᠬᠠᠪᠴᠢᠯ ᠵᠡᠷᠭᠡ ᠠᠯᠢ ᠤᠯᠠᠨ ᠦᠵᠡᠰᠬᠦᠯᠡᠩᠳᠦ ᠰᠠᠶᠢᠬᠠᠨ ᠦᠵᠡᠮᠵᠢ ᠶᠢᠨ ᠤᠷᠤᠨ ᠢ ᠪᠤᠢ ᠪᠤᠯᠭᠠᠭᠰᠠᠨ ᠪᠠᠶᠢᠨ᠎ᠠ᠃ ᠣᠶ ᠰᠢᠭᠤᠶ᠂ ᠠᠭᠤᠯᠠ ᠨᠢᠷᠤᠭᠤ᠂ ᠡᠪᠡᠰᠦᠲᠦ ᠲᠠᠯ᠎ᠠ᠂ ᠭᠤᠤᠯ ᠮᠥᠷᠡᠨ᠂ ᠭᠠᠯᠳᠦ ᠠᠭᠤᠯᠠ ᠶᠢᠨ ᠦᠯᠡᠳᠡᠭᠳᠡᠯ ᠵᠡᠷᠭᠡ ᠨᠢ ᠷᠠᠰᠢᠶᠠᠨ ᠤ ᠦᠩᠭᠡ ᠦᠵᠡᠮᠵᠢ ᠶᠢ ᠤᠯᠠᠮ ᠢᠶᠠᠷ ᠷᠢᠳᠢ ᠰᠢᠳᠢ ᠲᠠᠢ ᠪᠤᠯᠭᠠᠵᠦ᠂ ᠷᠠᠰᠢᠶᠠᠨ ᠢᠶᠠᠷ ᠵᠢᠭᠤᠯᠴᠢᠯᠠᠬᠤ ᠳᠤ ᠮᠠᠨ ᠤ ᠡᠩ ᠤᠨ ᠠᠮᠢᠳᠤᠷᠠᠯ ᠢ ᠤᠯᠠᠮ ᠢᠶᠠᠷ ᠪᠠᠶᠠᠷ ᠪᠠᠶᠠᠰᠦᠯ ᠲᠠᠢ ᠪᠤᠯᠭᠠᠯ᠎ᠠ᠃ ᠡᠭᠡ ᠪᠢᠴᠢᠭ ᠢ ᠲᠤᠯᠭᠠᠭᠤᠷᠢ ᠨᠠᠶᠢᠷᠠᠭᠤᠯᠵᠦ ᠭᠡᠷᠡᠯ ᠵᠢᠷᠤᠭ ᠢ ᠷᠠᠰᠢᠶᠠᠨ ᠬᠤᠳᠠ ᠶᠢᠨ ᠨᠠᠮ ᠤᠨ ᠬᠤᠷᠢᠶᠠᠨ ᠤ ᠤᠬᠠᠭᠤᠯᠬᠤ ᠬᠡᠯᠳᠡᠰ ᠠᠴᠠ ᠬᠠᠩᠭᠠᠪᠠ        
 
ᠢᠷᠡᠯᠲᠡ᠄ ᠬᠢᠩᠭᠠᠨ ᠤ ᠡᠳᠤᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号