| | ᠷᠠᠰᠢᠶᠠᠨ ᠬᠤᠳᠡ ᠪᠣᠯ ᠤᠯᠤᠰ ᠤᠨ ᠲᠤᠳᠤᠭᠠᠳᠤ ᠶᠢᠨ ᠨᠡᠷᠡᠲᠤ ᠵᠢᠭᠤᠯᠴᠢᠯᠠᠯ ᠤᠨ ᠤᠷᠤᠨ ᠮᠦᠨ᠃ 5A | ᠲᠡᠰ ᠤᠨ ᠦᠵᠡᠮᠵᠢ ᠶᠢᠨ ᠣᠷᠣᠨ ᠳᠤ ᠤᠯᠠᠨ ᠵᠢᠯ ᠠᠵᠢᠯᠯᠠᠬᠰᠠᠨ ︽ᠴᠠᠰᠤᠲᠤ ᠬᠤᠲᠠ ᠶᠢᠨ ᠵᠢᠷᠤᠮ ᠤᠨ ᠴᠠᠭᠳᠠᠭ᠎ᠠ︾ | ᠯᠢᠦ ᠹᠧᠩ ᠯᠢ᠄ ︽ᠷᠠᠰᠢᠶᠠᠨ ᠤ ᠳᠥᠷᠪᠡᠨ ᠤᠯᠠᠷᠢᠯ ᠤᠨ ᠦᠵᠡᠮᠵᠢ ᠭᠤᠶᠤ ᠰᠠᠶᠢᠬᠠᠨ᠂ ᠵᠢᠭᠤᠯᠴᠢᠯᠠᠬᠰᠠᠳ ᠣᠯᠠᠨ | ᠂ ᠪᠢᠳᠡᠨ ᠤ ᠮᠦᠷᠦᠨ ᠳᠡᠭᠡᠷᠡᠬᠢ ᠡᠭᠦᠷᠭᠡ ᠶᠡᠷᠦ ᠠᠴᠠ ᠬᠦᠨᠳᠦ︾ ᠭᠡᠵᠦ ᠶᠠᠷᠢᠨ᠎ᠠ᠃ ᠨᠢᠳᠤᠨᠤᠨ ᠤ 12 ᠰᠠᠷ᠎ᠠ ᠳᠤ᠂ | ᠷᠠᠰᠢᠶᠠᠨ ᠤ ᠮᠥᠰᠥ ᠴᠠᠰᠤᠨ ᠤ ᠨᠠᠶᠢᠷ ᠤᠨ ᠠᠵᠢᠯᠯᠠᠭ᠎ᠠ ᠶᠢᠨ ᠠᠬᠤᠢ ᠲᠠᠯᠠᠪᠠᠢ ᠳᠤ᠂ ᠯᠢᠦ ᠹᠧᠩ ᠯᠢ ᠬᠢᠷᠢᠨ | ᠨᠤᠲᠤᠭᠲᠠᠶ ᠵᠢᠭᠤᠯᠴᠢᠯᠠᠬᠴᠢ ᠸᠠᠩ ᠨᠠᠰᠤᠳᠠᠨ ᠤ ᠲᠤᠰᠠᠯᠠᠮᠵᠢ ᠶᠢ ᠲᠤᠰᠪᠠ᠃ ᠸᠠᠩ ᠨᠠᠰᠤᠳᠠᠨ ᠭᠠᠷ ᠤᠳᠠᠰᠤ ᠰᠠᠶᠢᠨ | ᠬᠡᠷᠡᠭᠯᠡᠵᠦ ᠴᠢᠳᠠᠬᠤ ᠦᠭᠡᠢ ᠠᠴᠠ ᠵᠢᠭᠤᠯᠴᠢᠯᠠᠯ ᠤᠨ ᠪᠦᠯᠬᠦᠮ ᠤᠨ ᠵᠠᠮᠴᠢᠯᠠᠭᠴᠢ ᠲᠠᠢ ᠪᠠᠨ ᠬᠠᠷᠢᠯᠴᠠᠵᠤ ᠳᠡᠶᠢᠯᠬᠦ | ᠦᠭᠡᠢ ᠪᠤᠯᠵᠠᠢ᠃ ᠯᠢᠦ ᠹᠧᠩ ᠯᠢ ᠲᠠᠷᠦ᠋ᠢᠬᠠᠨ ᠨᠠᠰᠤᠲᠠᠨ ᠤ ᠭᠠᠷ ᠤᠲᠠᠰᠤ ᠪᠠᠷ ᠵᠢᠭᠤᠯᠴᠢᠯᠠᠯ ᠤᠨ ᠪᠦᠯᠬᠦᠮ ᠤᠨ | ᠵᠠᠮᠴᠢᠯᠠᠭᠴᠢ ᠲᠠᠢ ᠬᠠᠷᠢᠯᠴᠠᠵᠤ᠂ ᠨᠠᠰᠤᠲᠠᠨ ᠢ ᠬᠡᠯᠡᠯᠴᠡᠨ ᠲᠣᠭᠲᠠᠭᠰᠠᠨ ᠭᠠᠵᠠᠷ ᠲᠤ ᠬᠦᠷᠭᠡᠪᠡ᠃ ᠵᠢᠭᠤᠯᠴᠢᠯᠠᠯ ᠤᠨ | ᠪᠦᠯᠬᠦᠮ ᠢᠶᠠᠨ ᠣᠯᠤᠭᠰᠠᠨ ᠤ ᠳᠠᠷᠠᠭ᠎ᠠ᠂ ᠸᠠᠩ ᠨᠠᠰᠤᠳᠠᠨ᠄ ︽ᠷᠠᠰᠢᠶᠠᠨ ᠤ ᠦᠵᠡᠮᠵᠢ ᠨᠢ ᠭᠤᠶᠤ᠂ ᠷᠠᠰᠢᠶᠠᠨ ᠤ | ᠬᠥᠮᠦᠨ ᠨᠠᠩ ᠰᠠᠨᠠᠭ᠎ᠠ ᠰᠠᠶᠢᠳᠠᠢ︾ ᠭᠡᠵᠦ ᠰᠡᠳᠬᠢᠯ ᠲᠤᠬᠳᠤᠯᠤᠨ ᠬᠡᠯᠡᠨ᠎ᠠ᠃ ︽ᠴᠠᠰᠤᠲᠤ ᠬᠤᠲᠠ ᠶᠢᠨ | ᠵᠢᠷᠤᠮ ᠤᠨ ᠴᠠᠭᠳᠠᠭ᠎ᠠ︾ ᠳᠤ ᠡᠶᠢᠮᠦᠷᠬᠦᠤ ᠵᠢᠵᠢᠭ ᠰᠡᠵᠢᠬ ᠶᠠᠪᠤᠳᠠᠯ ᠤᠯᠠᠨ ᠲᠤᠬᠢᠶᠠᠯᠳᠤᠨ᠎ᠠ᠃ ︽ | ᠵᠢᠭᠤᠯᠴᠢᠯᠠᠬᠰᠠᠳ᠂ ᠬᠤᠳᠠ ᠶᠢᠨ ᠠᠷᠠᠳ ᠲᠤ ᠲᠤᠰᠠᠯᠠᠮᠵᠢ ᠦᠵᠡᠬᠦᠯᠪᠡᠯ ᠮᠠᠰᠢ ᠪᠠᠶᠠᠷ ᠲᠠᠢ ᠰᠠᠨᠠᠬᠳᠠᠨ᠎ᠠ᠂ ︿ | ᠴᠠᠰᠤᠲᠤ ᠬᠤᠳᠠ ᠶᠢᠨ ᠵᠢᠷᠤᠮ ᠤᠨ ᠴᠠᠭᠳᠠᠭ᠎ᠠ﹀ ᠠᠷᠠᠳ ᠲᠦᠮᠡᠨ ᠳᠤ ᠦᠢᠯᠡᠴᠢᠯᠡᠨ᠎ᠠ︾ ᠭᠡᠵᠤ ᠯᠢᠤ ᠹᠸᠡᠭ ᠯᠢ | ᠪᠤᠳᠤᠯ ᠢᠶᠠᠨ ᠲᠡᠯᠬᠡᠨ᠎ᠠ᠃ ︽ᠴᠢ ᠲᠡᠷᠭᠡ ᠪᠠᠨ ᠵᠤᠬᠰᠤᠭᠠᠪᠠᠯ ᠪᠢ ᠵᠠᠮ ᠢ ᠴᠢᠨᠢ ᠪᠦᠭᠯᠡᠨᠠ︕︾ ᠡᠨᠡ ᠵᠢᠯ ᠤᠨ | ᠬᠤᠶᠠᠳᠤᠭᠠᠷ ᠰᠠᠷ᠎ᠠ ᠶᠢᠨ ᠦᠶ᠎ᠠ ᠪᠠᠷ᠂ ᠷᠠᠰᠢᠶᠠᠨ ᠬᠤᠲᠠ ᠶᠢᠨ ᠲᠢᠶᠠᠨ ᡂᠢ ᠪᠠᠯᠭᠠᠰᠤᠨ ᠤ ᠨᠢᠭᠡᠨ ᠪᠠᠭᠤᠳᠠᠯ ᠤᠨ | ᠡᠮᠦᠨ᠎ᠠ᠂ ᠬᠤᠶᠠᠷ ᠵᠢᠯᠤᠭᠤᠴᠢ ᠲᠡᠷᠭᠡᠨ ᠵᠣᠭᠰᠣᠭᠠᠯ ᠪᠤᠯᠢᠶᠠᠯᠳᠤᠨ ᠬᠠᠰᠬᠢᠷᠠᠭᠠᠳ ᠭᠠᠷ ᠬᠦᠳᠡᠯᠬᠦ ᠰᠢᠬᠠᠵᠤ᠂ ᠮᠠᠰᠢ | ᠤᠯᠠᠨ ᠵᠢᠭᠤᠯᠴᠢᠯᠠᠬᠴᠢ ᠴᠤᠬᠯᠠᠷᠠᠪᠠ᠃ ᠵᠢᠷᠤᠮ ᠤᠨ ᠴᠠᠭᠳᠠᠭ᠎ᠠ ᠮᠤᠩ ᠹᠠᠨ ᠴᠢᠩ ᠣᠯᠵᠤ ᠦᠵᠡᠭᠰᠡᠨ ᠤ ᠳᠠᠷᠠᠭ᠎ᠠ᠂ | ᠬᠤᠶᠠᠷ ᠵᠢᠯᠤᠭᠤᠴᠢ ᠶᠢ ᠢᠳᠬᠠᠬᠤ ᠳᠤ ᠬᠡᠨ ᠠᠯᠢᠨ ᠨᠢ ᠨᠠᠶᠢᠷ ᠲᠠᠯᠪᠢᠬᠤ ᠦᠭᠡᠢ᠃ ᠬᠡᠷᠡᠭ ᠤᠴᠢᠷ | ᠬᠡᠴᠡᠭᠦᠳᠡᠬᠦ ᠠᠴᠠ ᠵᠠᠶᠢᠯᠠᠰᠭᠢᠬᠦ ᠶᠢᠨ ᠲᠥᠯᠥᠭᠡ᠂ ᠮᠧᠩ ᠹᠠᠨ ᠴᠢᠩ ᠳᠠᠷᠦ᠋ᠢᠬᠠᠨ ᠲᠢᠶᠠᠨ ᠤᠤᠢ ᠬᠢᠯᠢ ᠶᠢᠨ | ᠲᠣᠮᠢᠯᠠᠭᠰᠠᠨ ᠰᠠᠯᠪᠤᠷᠢ ᠳᠤ ᠮᠡᠳᠡᠭᠳᠡᠪᠡ᠃ ᠠᠷᠠᠳ ᠤᠨ ᠴᠠᠭᠳᠠᠭ᠎ᠠ ᠲᠤᠬᠠᠶ ᠶᠢᠨ ᠲᠠᠯᠠᠪᠠᠶ ᠳᠤ ᠭᠦᠷᠦᠭᠰᠡᠨ ᠤ ᠳᠠᠷᠠᠭ᠎ᠠ | ᠮᠤᠩ ᠹᠠᠨ ᠴᠢᠩ ᠲᠠᠢ ᠬᠠᠮᠲᠤ ᠵᠢᠯᠤᠭᠤᠴᠢ ᠶᠢ ᠢᠳᠬᠠᠬᠤ ᠶᠢᠨ ᠬᠠᠮᠲᠤ ᠡᠷᠬᠢᠨ ᠲᠣᠭᠤᠷᠢᠨ ᠠᠴᠠ ᠲᠡᠷᠭᠡᠨ | ᠵᠣᠭᠰᠣᠭᠠᠯ ᠡᠷᠢᠵᠤ᠂ ᠲᠡᠷᠭᠡ ᠵᠣᠭᠰᠣᠬᠤ ᠠᠰᠠᠭᠤᠳᠠᠯ ᠢ ᠰᠢᠢᠳᠪᠦᠷᠢᠯᠡᠵᠦ᠂ ᠵᠦᠷᠢᠴᠡᠯ ᠰᠢᠷᠦᠭᠦᠰᠬᠦ ᠠᠴᠠ | ᠵᠠᠶᠢᠯᠠᠰᠬᠢᠪᠠ᠃ ᠤᠷᠢᠳᠴᠢᠯᠠᠨ ᠰᠡᠷᠭᠡᠶᠢᠯᠡᠬᠦ ᠠᠵᠢᠯ ᠢ ᠰᠠᠨᠠᠭᠠᠴᠢᠯᠠᠭ᠎ᠠ ᠲᠠᠢ ᠪᠦᠳᠦᠮᠵᠢᠳᠡᠢ ᠬᠢᠵᠦ᠂ ᠵᠥᠷᠢᠴᠡᠯ ᠢ | ᠴᠢᠷᠮᠠᠶᠢᠨ ᠨᠠᠮᠳᠠᠭᠤᠯᠵᠤ᠂ ᠵᠢᠭᠤᠷᠠᠯᠳᠤᠭᠠᠨ ᠢ ᠲᠤᠬᠠᠢ ᠶᠢᠨ ᠭᠠᠵᠠᠷ ᠲᠤᠨᠢ ᠰᠢᠢᠳᠪᠦᠷᠢᠯᠡᠨ᠎ᠠ᠂ ᠡᠨᠡ ᠪᠣᠯ ︽ᠴᠠᠰᠤᠲᠤ | ᠬᠤᠳᠠ ᠶᠢᠨ ᠵᠢᠷᠤᠮ ᠤᠨ ᠴᠠᠭᠳᠠᠭ᠎ᠠ︾ ᠶᠢᠨ ᠴᠠᠭᠳᠠᠭᠠᠨ ᠤ ᠶᠠᠪᠤᠳᠠᠯ ᠢ ᠤᠷᠢᠳᠴᠢᠯᠠᠨ ᠰᠡᠷᠭᠡᠶᠢᠯᠡᠬᠦ ᠬᠦᠴᠦᠨ ᠪᠦᠬᠦᠢ | ᠦᠢᠯᠡᠳᠦᠯᠭᠡ ᠪᠣᠯᠤᠨ᠎ᠠ᠃ ︽ᠴᠠᠰᠤᠲᠤ ᠬᠤᠲᠠ ᠶᠢᠨ ᠵᠢᠷᠤᠮ ᠤᠨ ᠴᠠᠭᠳᠠᠭ᠎ᠠ︾ ᠶᠢᠨ ᠲᠢᠶᠠᠨ ᡂᠢ ᠬᠤᠪᠢᠶᠠᠷᠢ | ᠨᠡᠶᠢᠭᠡᠮᠯᠢᠭ ᠲᠤ 3 ᠰᠠᠯᠠᠭ᠎ᠠ ︽ᠵᠢᠷᠤᠮ ᠤᠨ ᠴᠠᠭᠳᠠᠭ᠎ᠠ ᠶᠢᠨ ᠲᠣᠭᠤᠷᠢᠨ ᠴᠠᠭᠳᠠᠬᠤ ᠠᠩᠭᠢ︾ ᠪᠠᠶᠢᠵᠤ᠂ ︽1 | ᠨᠡᠶᠢᠭᠡᠮ ᠲᠣᠭᠤᠷᠢᠭ ᠤᠨ ᠠᠷᠠᠳ ᠤᠨ ᠴᠠᠭᠳᠠᠭ᠎ᠠ + 1 ᠵᠢᠷᠤᠮ ᠤᠨ ᠴᠠᠭᠳᠠᠭ᠎ᠠ ᠶᠢᠨ ᠲᠣᠭᠤᠷᠢᠨ ᠴᠠᠭᠳᠠᠬᠤ ᠠᠩᠭᠢ︾ | ᠶᠢᠨ ᠠᠷᠭ᠎ᠠ ᠬᠡᠯᠪᠡᠷᠢ ᠶᠢ ᠠᠪᠴᠤ᠂ ᠬᠠᠷᠢᠶᠠᠲᠤ ᠣᠷᠣᠨ ᠤ ᠬᠥᠮᠦᠨ ᠬᠠᠷ᠎ᠠ ᠴᠤᠬᠯᠠᠷᠠᠬᠰᠠᠨ ᠣᠷᠣᠨ ᠪᠦᠰᠡ ᠳᠤ | ᠲᠣᠭᠤᠷᠢᠨ ᠴᠠᠭᠳᠠᠬᠤ ᠰᠡᠷᠭᠡᠶᠢᠯᠡᠨ ᠡᠵᠡᠮᠳᠡᠬᠦ ᠠᠵᠢᠯ ᠢ ᠥᠷᠨᠢᠭᠦᠯᠪᠡ᠃ ᠡᠭᠦᠨ ᠠᠴᠠ ᠭᠠᠳᠠᠨ᠎ᠠ᠂ ᠲᠣᠭᠤᠷᠢᠨ | ᠴᠠᠭᠳᠠᠬᠤ ᠠᠩᠭᠢ ᠪᠦᠷᠢ ᠳᠤ 5 ᠲᠤᠰᠬᠠᠶ ᠪᠤᠶᠤ ᠲᠤᠰᠢᠶᠠᠯ ᠬᠠᠪᠰᠤᠷᠭᠠᠭᠰᠠᠨ ᠡᠶᠡᠳᠡᠭᠦᠯᠦᠭᠴᠢ ᠲᠣᠬᠢᠷᠠᠭᠤᠯᠵᠤ᠂ | ᠠᠵᠢᠯ ᠤᠨ ᠳᠤᠮᠳᠠ ᠪᠠᠨ ︽ᠠᠷᠠᠳ ᠤᠨ ᠴᠠᠭᠳᠠᠭ᠎ᠠ + ᠵᠢᠷᠤᠮ ᠤᠨ ᠴᠠᠭᠳᠠᠭ᠎ᠠ︾ ᠶᠢᠨ ᠠᠵᠢᠯ ᠤᠨ ᠠᠷᠭ᠎ᠠ ᠶᠢ | ᠬᠡᠷᠡᠭᠵᠢᠭᠦᠯᠵᠦ᠂ ᠵᠢᠷᠤᠮ ᠤᠨ ᠴᠠᠭᠳᠠᠭ᠎ᠠ ᠶᠢᠨ ︽ᠬᠥᠮᠦᠨ ᠢ ᠲᠠᠨᠢᠬᠤ᠂ ᠭᠠᠵᠠᠷ ᠢ ᠮᠡᠳᠡᠬᠦ᠂ ᠪᠠᠶᠢᠳᠠᠯ ᠢ ᠤᠶᠢᠯᠠᠭᠠᠬᠤ︾ | ᠳᠠᠪᠠᠭᠤᠯᠢᠭ ᠪᠤᠯᠤᠨ ᠠᠷᠠᠳ ᠤᠨ ᠴᠠᠭᠳᠠᠭ᠎ᠠ ᠶᠢᠨ ︽ᠬᠠᠤᠯᠢ ᠶᠢ ᠮᠡᠳᠡᠬᠦ᠂ ᠲᠥᠷᠥ ᠶᠢᠨ ᠪᠣᠳᠣᠯᠭ᠎ᠠ ᠶᠢ | ᠲᠠᠶᠢᠯᠪᠤᠷᠢᠯᠠᠬᠤ᠂ ᠡᠶᠡᠳᠡᠭᠦᠯᠵᠦ ᠴᠢᠳᠠᠬᠤ︾ ᠳᠠᠪᠠᠭᠤᠯᠢᠭ ᠲᠠᠢ ᠤᠶᠠᠯᠳᠤᠭᠤᠯᠵᠤ᠂ ︽︵1 + 1﹀ 2︾ ᠦᠷ᠎ᠡ | ᠪᠦᠲᠦᠮᠵᠢ ᠳᠤ ᠬᠦᠷᠪᠡ᠃ | | |