| | 1. ᠬᠤᠭᠤᠯᠠ ᠢᠳᠡᠭᠰᠡᠨ ᠤ ᠳᠠᠷᠠᠭ᠎ᠠ ᠬᠡᠷᠡᠮ ᠲᠠᠢ ᠨᠠᠭᠠᠯᠳᠣᠵᠦ ᠵᠤᠬᠰᠣᠬᠤ ᠨᠢ᠂ ᠮᠠᠷᠢᠶ᠎ᠠ ᠰᠢᠭᠤᠷᠠᠭᠤᠯᠵᠤ | ᠰᠢᠩᠭᠡᠭᠡᠯᠲᠡ ᠶᠢ ᠰᠠᠶᠢᠵᠢᠷᠠᠭᠤᠯᠤᠨ᠎ᠠ᠃ ᠡᠬᠢᠯᠡᠬᠡᠳ 5 ᠮᠢᠨᠦ᠋ᠲ᠂ ᠤᠳᠠᠭᠠᠨ ᠳᠠᠭᠠᠨ 10 ᠠᠴᠠ 15 ᠮᠢᠨᠦ᠋ᠲ | ᠵᠤᠬᠰᠣᠨ᠎ᠠ᠃ ᠵᠣᠭᠰᠣᠬᠤ ᠳᠠᠭᠠᠨ ᠲᠡᠭᠰᠢ ᠤᠯᠠ ᠲᠠᠢ ᠱᠠᠬᠠᠢ ᠡᠮᠦᠰᠬᠦ ᠶᠢ ᠠᠩᠬᠠᠷᠬᠤ ᠬᠡᠷᠡᠭᠲᠡᠢ᠃ 2. ᠬᠡᠷᠡᠮ ᠲᠠᠢ | ᠨᠠᠭᠠᠯᠳᠣᠵᠦ ᠵᠤᠬᠰᠣᠬᠤ ᠨᠢ ᠨᠢᠷᠣᠭᠤ ᠰᠡᠭᠡᠷ ᠢ ᠠᠮᠠᠷᠠᠭᠤᠯᠳᠠᠭ᠃ ᠪᠡᠭᠡᠵᠢᠩ ᠤᠨ ᠰᠢᠶᠧ ᠾᠧ ᠡᠮᠨᠡᠯᠭᠡ ᠶᠢᠨ | ᠬᠤᠷᠢᠶᠠᠨ ᠤ ᠰᠢᠮ᠎ᠡ ᠲᠡᠵᠢᠭᠡᠯ ᠤᠨ ᠰᠠᠯᠠᠭᠠᠨ ᠤ ᠡᠷᠬᠢᠯᠡᠭᠴᠢ ᠡᠮᠴᠢ ᠴᠧᠨ ᠸᠧᠢ ᠶᠢᠨ ᠲᠠᠨᠢᠯᠴᠠᠭᠤᠯᠤᠭᠰᠠᠨ ᠢᠶᠠᠷ᠂ | ᠬᠡᠷᠡᠮ ᠲᠠᠢ ᠨᠠᠭᠠᠯᠳᠣᠵᠦ ᠵᠣᠭᠰᠣᠪᠠᠯ ᠬᠦᠵᠦᠭᠦᠦ ᠰᠡᠭᠡᠷ ᠪᠣᠯᠣᠨ ᠪᠦᠰᠡᠯᠡᠭᠦᠷ ᠨᠢᠷᠤᠭᠤ ᠶᠢ ᠭᠦᠢᠴᠡᠳ ᠠᠮᠠᠷᠠᠭᠤᠯᠵᠦ | ᠴᠢᠳᠠᠳᠠᠭ ᠶᠤᠮ ᠪᠠᠶᠢᠨ᠎ᠠ᠃ 3. ᠬᠡᠷᠡᠮ ᠲᠠᠢ ᠨᠠᠭᠠᠯᠳᠣᠵᠦ ᠵᠤᠬᠰᠣᠬᠤ ᠳᠠᠭᠠᠨ᠂ ᠨᠢᠷᠤᠭᠤ ᠪᠠᠨ | ᠰᠠᠨᠠᠭᠠᠴᠢᠯᠠᠭ᠎ᠠ ᠠᠴᠠ ᠪᠠᠨ ᠳᠡᠭᠰᠢᠯᠡᠬᠦ ᠭᠡᠷᠡᠭᠳᠡᠢ᠃ ᠡᠮᠴᠢ ᠶᠢᠨ ᠲᠠᠨᠢᠯᠴᠠᠭᠤᠯᠤᠭᠰᠠᠨ ᠢᠶᠠᠷ᠂ ᠬᠡᠷᠡᠮ ᠲᠠᠢ ᠨᠠᠭᠠᠯᠳᠣᠵᠦ | ᠵᠣᠭᠰᠣᠬᠤ ᠦᠶ᠎ᠡ ᠰᠠᠨᠠᠭᠠᠴᠢᠯᠠᠭ᠎ᠠ ᠠᠴᠠ ᠪᠠᠨ ᠰᠡᠭᠡᠷ ᠢᠶᠠᠨ ᠵᠠᠰᠠᠵᠤ ᠪᠤᠯᠳᠠᠭ᠂ ᠤᠴᠢᠷ ᠨᠢ ᠬᠦᠮᠦᠰ ᠰᠡᠭᠡᠷ | ᠨᠢᠷᠤᠭᠤ ᠪᠠᠨ ᠬᠠᠵᠠᠶᠢᠯᠭᠠᠵᠦ ᠵᠤᠬᠰᠣᠬᠤ ᠳᠣᠷᠠᠳᠠᠢ ᠪᠠᠶᠢᠵᠤ᠂ ᠬᠡᠷᠡᠮ ᠲᠠᠢ ᠨᠠᠭᠠᠯᠳᠣᠵᠦ ᠵᠣᠭᠰᠣᠬᠤ ᠨᠢ ᠰᠡᠭᠡᠷ | ᠨᠢᠷᠤᠭᠤ ᠶᠢ ᠵᠣᠬᠢᠬᠤ ᠬᠡᠮᠵᠢᠶ᠎ᠡ ᠪᠠᠷ ᠳᠡᠭᠰᠢᠯᠡᠬᠦ ᠪᠠ ᠵᠠᠰᠠᠬᠤ ᠦᠢᠯᠡᠳᠦᠯ ᠲᠠᠢ ᠪᠠᠶᠢᠳᠠᠭ ᠶᠤᠮ ᠪᠠᠶᠢᠨ᠎ᠠ᠃ 4. | ᠬᠡᠷᠡᠮ ᠲᠠᠢ ᠨᠠᠭᠠᠯᠳᠣᠵᠦ ᠵᠤᠬᠰᠣᠬᠤ ᠨᠢ ᠪᠥᠭᠲᠥᠷ ᠪᠥᠭᠴᠥᠭᠡᠷ ᠢ ᠵᠠᠰᠠᠨ᠎ᠠ᠃ ᠪᠠᠭ᠎ᠠ ᠰᠠᠭ᠎ᠠ ᠪᠥᠭᠲᠥᠷ ᠢ ᠬᠡᠷᠡᠮ ᠲᠠᠢ | ᠨᠠᠭᠠᠯᠳᠣᠵᠦ ᠵᠤᠬᠰᠣᠭᠠᠳ ᠵᠠᠰᠠᠵᠦ ᠪᠤᠯᠳᠠᠭ ᠮᠦᠷᠳᠡᠬᠡᠨ ᠦᠷ᠎ᠡ ᠳ᠋ᠦᠩ ᠨᠢ ᠨᠡᠯᠢᠶᠡᠳ ᠵᠦᠭᠡᠷ ᠪᠠᠶᠢᠳᠠᠭ ᠶᠤᠮ᠃ 5. | ᠬᠡᠷᠡᠮ ᠲᠠᠢ ᠨᠠᠭᠠᠯᠳᠣᠵᠦ ᠵᠣᠭᠰᠣᠪᠠᠯ ᠠᠯᠬᠤᠭ᠎ᠠ ᠭᠢᠰᠬᠢᠭᠡ ᠪᠠᠨ ᠵᠠᠰᠠᠵᠦ ᠪᠤᠯᠳᠠᠭ᠃ ᠣᠳᠣᠬᠠᠨ ᠳᠤ ᠣᠯᠠᠨ | ᠬᠦᠮᠦᠰ ᠤᠨ ᠠᠯᠬᠤᠵᠦ ᠬᠢᠰᠬᠢᠬᠦ ᠨᠢ ᠡᠪ ᠦᠬᠡᠢ ᠪᠠᠶᠢᠵᠦ᠂ ᠦᠷᠭᠦᠯᠵᠢ ᠬᠡᠷᠡᠮ ᠲᠠᠢ ᠨᠠᠭᠠᠯᠳᠣᠵᠦ ᠵᠤᠬᠰᠣᠪᠠᠯ | ᠲᠡᠭᠦᠨ ᠢ ᠵᠠᠰᠠᠵᠦ ᠪᠤᠯᠳᠠᠭ ᠶᠤᠮ ᠪᠠᠶᠢᠨ᠎ᠠ᠃ | | |