| | ● ᠰᠤᠷᠪᠤᠯᠵᠢᠯᠠᠭᠴᠢ ᠤᠷᠠᠨᠳᠤᠳᠢ ᠱᠤᠸᠠᠩ ᠴᠢᠥᠸᠠᠨ | ᠳᠡᠯᠭᠡᠷ ᠵᠤᠨ ᠤ ᠰᠠᠶᠢᠬᠠᠨ ᠤᠯᠠᠷᠢᠯ ᠳᠤ᠂ ᠪᠢᠳᠡ ᠤᠯᠠᠭᠠᠨᠬᠤᠳᠠ ᠶᠢᠨ ᠭᠡᠭᠡᠨᠰᠦ᠋ᠮ᠎ᠠ ᠪᠠᠯᠭᠠᠰᠥᠨ ᠳᠤ | ᠰᠤᠷᠪᠤᠯᠵᠢᠯᠠᠬᠤ ᠪᠠᠷ ᠬᠦᠷᠥᠭᠡᠳ᠂ ᠬᠤᠷᠴᠢᠨ ᠠᠷᠠᠳ ᠤᠨ ᠳᠠᠭᠤᠤ᠂ ᠦᠯᠢᠭᠡᠷ ᠬᠤᠭᠤᠷ ᠤᠨ ᠤᠷᠠᠯᠢᠬ ᠢᠶᠠᠨ | ᠰᠠᠶᠢᠬᠠᠨ ᠬᠦᠭᠵᠢᠬᠦᠯᠦᠨ ᠤᠯᠠᠮᠵᠢᠯᠠᠵᠤ ᠶᠠᠪᠤᠭ᠎ᠠ ᠪᠠᠢ ᠱᠠᠨ ᠬᠣ᠋ ᠨᠠᠰᠥᠳᠠᠨ ᠲᠠᠢ ᠲᠠᠨᠢᠯᠴᠠᠪᠠ᠃ ᠪᠠᠢ ᠱᠠᠨ ᠬᠣ᠋ ᠪᠤᠯ | ᠤᠯᠠᠭᠠᠨᠬᠤᠳᠠ ᠶᠢᠨ ᠭᠡᠭᠡᠨᠰᠦ᠋ᠮ᠎ᠠ ᠪᠠᠯᠭᠠᠰᠥᠨ ᠤ ᠵᠢᠥ ᠢ ᠭᠠᠴᠠᠭ᠎ᠠ ᠪᠠᠷ ᠨᠤᠳᠤᠭᠳᠠᠢ᠂ ᠬᠠᠷᠠᠬᠠᠨ ᠪᠠᠭ᠎ᠠ ᠠᠴᠠ ᠪᠠᠨ | ᠡᠪᠦᠭᠡ ᠠᠴᠠ ᠪᠠᠨ ᠲᠦᠷᠪᠡᠨ ᠤᠳᠠᠰᠥᠳᠥ ᠬᠤᠭᠤᠷ ᠬᠦᠭᠵᠢᠮᠳᠡᠬᠦ ᠶᠢ ᠰᠤᠷᠴᠤ᠂ ᠨᠤᠳᠤᠭ ᠤᠨ ᠡᠪᠤᠭᠡᠴᠤᠤᠯ ᠬᠤᠭᠤᠷ | ᠬᠦᠭᠵᠢᠮ ᠬᠦᠭᠯᠡᠬᠦᠯᠬᠦ ᠪᠤᠯᠭᠠᠨ ᠬᠠᠵᠠᠭᠤ ᠳᠤ ᠨᠢ ᠰᠠᠭᠤᠵᠤ᠂ ᠨᠠᠷᠢᠯᠢᠭ ᠰᠤᠨᠤᠰᠴᠤ᠂ ᠰᠤᠷᠴᠤ ᠡᠵᠡᠮᠰᠢᠵᠤ ᠪᠠᠶᠢᠵᠠᠢ᠃ | ᠦᠭᠡᠯᠡᠢ ᠪᠤᠯᠬᠤ ᠶᠢ ᠳᠠᠭᠠᠯᠳᠥᠨ᠂ ᠳᠡᠷᠡ ᠬᠤᠭᠤᠷ ᠬᠦᠭᠵᠢᠮ ᠢ ᠰᠢᠰᠳ᠋ᠲ᠋ᠧᠮ ᠲᠠᠢ ᠰᠤᠷᠬᠤ ᠪᠤᠳᠤᠯ ᠤᠷᠤᠭᠠᠳ | ᠤᠯᠤᠰ ᠤᠨ ᠨᠢᠭᠡᠳᠥᠭᠡᠷ ᠳᠡᠰ ᠤᠨ ᠲᠤᠭᠯᠠᠭᠴᠢ ᠠᠭᠤᠯᠠ ᠪᠠᠭᠰᠢ ᠠᠴᠠ ᠠᠷᠠᠳ ᠤᠨ ᠳᠠᠭᠤᠤ ᠳᠠᠭᠤᠯᠠᠬᠤ᠂ ᠲᠦᠷᠪᠡᠨ | ᠤᠳᠠᠰᠥᠳᠥ ᠬᠤᠭᠤᠷ ᠬᠦᠭᠵᠢᠮᠳᠡᠬᠦ ᠡᠷᠳᠡᠮ ᠢ ᠨᠠᠷᠢᠯᠢᠭ ᠰᠤᠷᠤᠭᠰᠠᠨ ᠪᠠᠶᠢᠨ᠎ᠠ᠃ ᠪᠠᠢ ᠱᠠᠨ ᠬᠣ᠋ ᠪᠤᠯ ᠭᠡᠭᠡᠨᠰᠦ᠋ᠮ᠎ᠠ | ᠭᠤᠤᠯ ᠪᠠᠭ᠎ᠠ ᠰᠤᠷᠭᠠᠭᠤᠯᠢ ᠠᠴᠠ ᠠᠵᠢᠯ ᠤᠨ ᠠᠮᠠᠷᠠᠯᠳᠠ ᠪᠠᠨ ᠠᠪᠤᠭᠰᠠᠨ ᠪᠠᠭᠰᠢ ᠪᠤᠯᠤᠨ᠎ᠠ᠃ 29 ᠵᠢᠯ ᠭᠠᠷᠤᠢ | ᠪᠠᠭᠰᠢᠯᠠᠵᠤ ᠪᠠᠶᠢᠭ᠎ᠠ ᠬᠤᠭᠤᠴᠠᠭᠠᠨ ᠳᠤ ᠪᠠᠨ ᠳᠡᠷᠡ ᠬᠤᠭᠤᠷ ᠬᠦᠭᠵᠢᠮ ᠢᠶᠠᠨ ᠪᠤᠯᠪᠠᠰᠤᠷᠠᠩᠭᠤᠢ ᠬᠦᠭᠵᠢᠮᠳᠡᠨ᠂ | ᠤᠯᠠᠨ ᠰᠢᠯᠢᠳᠡᠭ ᠰᠤᠷᠤᠭᠴᠢ ᠬᠦᠮᠥᠵᠢᠬᠦᠯᠬᠦ ᠶᠢᠨ ᠳᠠᠭᠠᠥ᠂ ᠰᠤᠷᠤᠭᠴᠢᠳ ᠲᠤ ᠪᠠᠨ ᠴᠤ ᠦᠨ᠎ᠡ ᠲᠦᠯᠥᠪᠤᠷᠢ | ᠦᠬᠡᠢ ᠪᠠᠷ ᠬᠤᠭᠤᠷ ᠳᠠᠳᠠᠬᠤ᠂ ᠠᠷᠠᠳ ᠤᠨ ᠳᠠᠭᠤᠤ ᠳᠠᠭᠤᠯᠠᠬᠤ ᠮᠡᠷᠭᠡᠵᠢᠯ ᠢ ᠰᠠᠶᠢᠳᠥᠷ ᠵᠢᠭᠠᠵᠤ ᠦᠭᠬᠦᠭᠰᠡᠨ ᠶᠤᠮ | ᠃ ᠪᠠᠢ ᠱᠠᠨ ᠬᠣ᠋ 2012 ᠤᠨ ᠳᠤ ᠠᠶᠢᠮᠠᠭ ᠤᠨ ᠳᠡᠰ ᠤᠨ ᠠᠷᠠᠳ ᠤᠨ ᠳᠠᠭᠤᠤ ᠶᠢᠨ ᠪᠤᠳᠠᠰ ᠤᠨ ᠪᠤᠰᠥ | ᠰᠤᠶᠤᠯ ᠤᠨ ᠦᠪ ᠤᠨ ᠦᠪᠯᠡᠨ ᠤᠯᠠᠮᠵᠢᠯᠠᠭᠴᠢ ᠪᠠᠷ ᠦᠨᠡᠯᠡᠭᠳᠡᠪᠡ᠃ ᠪᠠᠢ ᠱᠠᠨ ᠬᠣ᠋ 2016 ᠤᠨ ᠳᠤ ᠠᠵᠢᠯ ᠤᠨ | ᠠᠮᠠᠷᠠᠯᠳᠠ ᠪᠠᠨ ᠠᠪᠤᠭᠰᠠᠨ ᠤ ᠳᠠᠷᠠᠭ᠎ᠠ ︽ᠠᠭᠤᠯᠠ ᠤᠷᠠᠯᠢᠭ ᠤᠨ ᠰᠤᠷᠭᠠᠭᠤᠯᠢ ᠶᠢᠨ ᠲᠦᠷᠪᠡᠨ ᠤᠳᠠᠰᠥᠳᠥ | ᠬᠤᠭᠤᠷ ᠤᠨ ᠪᠤᠯᠪᠠᠰᠤᠷᠠᠯ ᠤᠨ ᠰᠠᠭᠤᠷᠢᠨ︾ ᠤ ᠤᠷᠠᠯᠢᠭ ᠤᠨ ᠪᠦᠯᠬᠦᠮ ᠤᠨ ᠨᠢᠭᠡ ᠬᠡᠰᠢᠬᠦᠨ ᠪᠤᠯᠵᠤ᠂ ᠤᠶᠢᠷ᠎ᠠ | ᠬᠠᠪᠢ ᠶᠢᠨ ᠭᠠᠴᠠᠭ᠎ᠠ ᠲᠤᠰᠬᠤᠨ ᠤ ᠬᠡᠥᠭᠡᠳ ᠤᠳ ᠲᠤ ᠰᠥᠢᠳᠭᠡᠯ ᠬᠤᠷᠢᠶᠠᠬᠤ ᠦᠬᠡᠢ ᠪᠠᠷ ᠬᠤᠷᠴᠢᠨ ᠠᠷᠠᠳ ᠤᠨ | ᠳᠠᠭᠤᠤ᠂ ᠲᠦᠷᠪᠡᠨ ᠤᠳᠠᠰᠥᠳᠥ ᠬᠤᠭᠤᠷ ᠵᠡᠷᠭᠡ ᠶᠢ ᠵᠢᠭᠠᠵᠤ ᠦᠭᠬᠦᠭᠰᠡᠨ ᠪᠠᠶᠢᠨ᠎ᠠ᠃ | ᠪᠠᠶᠠᠷ ᠳᠤᠷᠠᠰᠬᠠᠯ ᠤᠨ ᠡᠳᠥᠷ ᠡᠰᠡᠬᠦᠯ᠎ᠡ ᠡᠪᠤᠯ ᠵᠤᠨ ᠤ ᠠᠮᠠᠷᠠᠯᠳᠠ ᠪᠤᠯᠤᠭᠰᠠᠭᠠᠷ ᠪᠠᠢ ᠱᠠᠨ ᠬᠣ᠋ | ᠨᠤᠳᠤᠭ ᠤᠨ ᠢᠶᠠᠨ ᠲᠦᠷᠪᠡᠨ ᠤᠳᠠᠰᠥᠳᠥ ᠬᠤᠭᠤᠷ ᠪᠠ ᠬᠤᠷᠴᠢᠨ ᠠᠷᠠᠳ ᠤᠨ ᠳᠠᠭᠤᠤ ᠳᠤ ᠪᠠᠨ ᠠᠪᠢᠶᠠᠰ ᠲᠠᠢ | ᠬᠡᠳᠥᠨ ᠨᠠᠰᠥᠳᠠᠨ ᠲᠠᠢ ᠪᠠᠨ ᠬᠠᠮᠳᠥ ᠤᠷᠠᠨ ᠰᠠᠶᠢᠬᠠᠨ ᠤ ᠲᠤᠭᠯᠠᠯᠳᠠ ᠭᠠᠷᠭᠠᠵᠤ ᠶᠠᠪᠤᠳᠠᠭ᠃ ︽ᠪᠢ ᠠᠭᠤᠯᠠ | ᠵᠡᠷᠭᠡ ᠪᠠᠭᠰᠢ ᠨᠠᠷ ᠲᠠᠢ ᠬᠠᠮᠳᠥ ᠡᠮᠥᠨ᠎ᠡ ᠬᠡᠳᠥᠨ ᠵᠢᠯ ᠶᠠᠪᠤᠭᠳᠠᠭᠰᠠᠨ ᠬᠢᠨᠭ᠍ᠭᠠᠨ ᠠᠶᠢᠮᠠᠭ ᠤᠨ ᠴᠠᠭᠠᠨ ᠰᠠᠷ᠎ᠠ ᠶᠢᠨ | ᠦᠳᠡᠰᠢᠯᠡᠭᠡ ᠳᠤ ᠬᠤᠭᠤᠷ ᠤᠨ ᠦᠯᠢᠭᠡᠷ ᠤᠨ ᠲᠤᠭᠯᠠᠯᠳᠠ ᠭᠠᠷᠭᠠᠭᠰᠠᠨ ᠦᠡᠭᠭᠡᠷᠡᠯᠳᠡ ᠲᠠᠢ᠂ ᠠᠶᠢᠮᠠᠭ ᠤᠨ | ᠳᠤᠳᠤᠨ᠎ᠠ ᠭᠠᠳᠠᠨᠠᠬᠢ ᠬᠤᠷᠴᠢᠨ ᠠᠷᠠᠳ ᠤᠨ ᠳᠠᠭᠤᠤ ᠶᠢᠨ ᠤᠷᠤᠯᠳᠤᠭᠠᠨ ᠳᠤ ᠤᠷᠤᠯᠴᠠᠭᠠᠳ ᠮᠦᠨ ᠤᠯᠠᠨ | ᠤᠳᠠᠭ᠎ᠠ ᠰᠢᠯᠢᠳᠡᠭ ᠬᠢᠷᠢ ᠪᠦᠳᠥᠮᠵᠢ ᠤᠯᠵᠤ ᠦᠡᠭᠭᠡᠷᠡᠪᠡ᠃ ᠬᠤᠷᠴᠢᠨ ᠠᠷᠠᠳ ᠤᠨ ᠳᠠᠭᠤᠤ ᠪᠠ ᠲᠦᠷᠪᠡᠨ | ᠤᠳᠠᠰᠥᠳᠥ ᠬᠤᠭᠤᠷ ᠢᠶᠠᠨ ᠬᠤᠶᠢᠴᠢ ᠦᠶ᠎ᠡ ᠳᠤ ᠪᠠᠨ ᠤᠯᠠᠮ ᠰᠠᠶᠢᠨ ᠤᠯᠠᠮᠵᠢᠯᠠᠬᠤ ᠪᠠᠷ᠂ ᠪᠢ ᠭᠡᠭᠡᠨᠰᠦ᠋ᠮ᠎ᠠ ᠭᠤᠤᠯ | ᠪᠠᠭ᠎ᠠ ᠰᠤᠷᠭᠠᠭᠤᠯᠢ ᠳᠤ ᠪᠠᠭᠰᠢᠯᠠᠵᠤ ᠪᠠᠶᠢᠭ᠎ᠠ ᠬᠤᠭᠤᠴᠠᠭᠠᠨ ᠳᠤ ᠪᠠᠨ ᠬᠡᠥᠭᠡᠳ ᠤᠳ ᠲᠤ ᠲᠤᠰᠬᠠᠶᠢᠯᠠᠨ ᠬᠢᠴᠢᠶᠡᠯ | ᠤᠷᠤᠵᠤ ᠪᠠᠶᠢᠭᠰᠠᠨ᠃ ᠬᠡᠥᠭᠡᠳ ᠲᠤ ᠲᠦᠷᠪᠡᠨ ᠤᠳᠠᠰᠥᠳᠥ ᠬᠤᠭᠤᠷ ᠢ ᠬᠡᠷᠬᠢᠨ ᠬᠦᠭᠵᠢᠮᠳᠡᠬᠦ ᠦᠨᠳᠥᠰᠥᠨ | ᠮᠡᠳᠡᠯᠭᠡ ᠶᠢ ᠵᠢᠭᠠᠳᠠᠭ᠂ ᠤᠳᠥ ᠮᠢᠨᠤ ᠵᠢᠭᠠᠵᠤ ᠦᠡᠭᠭᠡᠷᠡᠭᠰᠡᠨ ᠰᠤᠷᠤᠭᠴᠢᠳ ᠭᠠᠴᠠᠭ᠎ᠠ ᠲᠤᠰᠬᠤᠨ ᠤ ᠪᠠᠨ ᠤᠷᠠᠨ | ᠰᠠᠶᠢᠬᠠᠨ ᠤ ᠲᠤᠭᠯᠠᠯᠳᠠ ᠳᠤ ᠤᠷᠤᠯᠴᠠᠵᠤ᠂ ᠦᠪᠡᠷ ᠦᠪᠡᠷ ᠤᠨ ᠤᠷ᠎ᠠ ᠠᠪᠢᠶᠠᠰ ᠢᠶᠠᠨ ᠪᠠᠳᠠᠷᠠᠭᠤᠯᠵᠤ ᠪᠠᠶᠢᠨ᠎ᠠ᠃ | ᠡᠷᠳᠡ ᠳᠡᠭᠡᠳᠥ ᠠᠴᠠ ᠤᠯᠠᠮᠵᠢᠯᠠᠵᠤ ᠢᠷᠡᠭᠰᠡᠨ ᠦᠨᠡᠳᠥ ᠰᠤᠶᠤᠯ ᠢᠶᠠᠨ ᠬᠤᠶᠢᠴᠢ ᠦᠶ᠎ᠡ ᠳᠤ ᠪᠠᠨ ᠤᠯᠠᠮᠵᠢᠯᠠᠵᠤ | ᠵᠠᠯᠭᠠᠮᠵᠢᠯᠠᠵᠤ ᠶᠠᠪᠤᠬᠤ ᠪᠤᠯ ᠮᠢᠨᠤ ᠳᠠᠷᠬᠠᠨ ᠡᠬᠦᠷᠭᠡ ᠶᠤᠮ ᠡ︾ ᠭᠡᠵᠤ ᠪᠠᠢ ᠱᠠᠨ ᠬᠣ᠋ ᠰᠤᠷᠪᠤᠯᠵᠢᠯᠠᠭᠴᠢ ᠳᠤ | ᠬᠡᠯᠡᠪᠡ᠃ ᠪᠠᠢ ᠱᠠᠨ ᠬᠣ᠋ ᠪᠠᠭᠰᠢ ᠪᠤᠯ ᠤᠷᠠᠯᠢᠭ ᠤᠨ ᠳᠠᠯ᠎ᠠ ᠪᠠᠷ ᠤᠨᠴᠠ ᠶᠢᠨ ᠤᠷ᠎ᠠ ᠠᠪᠢᠶᠠᠰ ᠲᠠᠢ ᠬᠦᠮᠥᠨ᠂ | ᠳᠡᠬᠦᠨ ᠤ ᠭᠡᠷ ᠲᠤ ᠨᠢ ᠲᠦᠷᠪᠡᠨ ᠤᠳᠠᠰᠥᠳᠥ ᠬᠤᠭᠤᠷ᠂ ᠮᠤᠷᠢᠨ ᠬᠤᠭᠤᠷ᠂ ᠡᠯᠧᠺᠳ᠋ᠷᠤᠨ ᠬᠦᠭᠵᠢᠮ ᠵᠡᠷᠭᠡ | ᠬᠦᠭᠵᠢᠮ ᠤᠨ ᠪᠠᠭᠠᠵᠢ ᠦᠷᠥᠭᠡ ᠲᠦᠬᠦᠷᠡᠩ ᠳᠠᠯᠪᠢᠭᠠᠰᠤᠳᠠᠢ᠃ ᠮᠦᠨ ᠠᠶᠢᠮᠠᠭ ᠤᠨ ᠳᠡᠰ ᠤᠨ ᠠᠷᠠᠳ ᠤᠨ | ᠳᠠᠭᠤᠤ ᠶᠢᠨ ᠪᠤᠳᠠᠰ ᠤᠨ ᠪᠤᠰᠥ ᠰᠤᠶᠤᠯ ᠤᠨ ᠦᠪ ᠤᠨ ᠦᠪᠯᠡᠨ ᠤᠯᠠᠮᠵᠢᠯᠠᠭᠴᠢ᠂ ᠬᠤᠷᠴᠢᠨ ᠠᠷᠠᠳ ᠤᠨ | ᠳᠠᠭᠤᠤ ᠶᠢᠨ ᠤᠷᠤᠯᠳᠤᠭᠠᠨ ᠤ ᠰᠢᠯᠢᠳᠡᠭ ᠱᠠᠩᠨᠠᠯ ᠵᠡᠷᠭᠡ ᠦᠨᠡᠮᠯᠡᠯ ᠤᠨ ᠳᠡᠪᠳᠡᠷ ᠨᠢ ᠠᠪᠳᠠᠷ᠎ᠠ ᠲᠦᠬᠦᠷᠡᠩ | ᠤᠪᠤᠭᠠᠯᠠᠰᠤᠳᠠᠢ᠃ ᠪᠠᠢ ᠱᠠᠨ ᠬᠣ᠋ ᠪᠠᠭᠰᠢ ᠬᠡᠳᠦ᠋ᠢᠪᠡᠷ ᠠᠵᠢᠯ ᠤᠨ ᠠᠮᠠᠷᠠᠯᠳᠠ ᠪᠠᠨ ᠠᠪᠤᠭᠰᠠᠨ ᠴᠤ ᠰᠤᠶᠤᠯ | ᠤᠷᠠᠯᠢᠭ ᠲᠤ ᠪᠠᠨ ᠬᠠᠶᠢᠷᠠᠳᠠᠢ ᠪᠠᠶᠢᠭ᠎ᠠ ᠰᠡᠳᠬᠢᠯᠭᠡ ᠨᠢ ᠦᠴᠥᠭᠡᠨ ᠴᠤ ᠪᠠᠭᠤᠷᠠᠭᠰᠠᠨ ᠦᠬᠡᠢ᠂ ᠮᠦᠨ ᠯᠡ | ᠡᠬᠦᠨ ᠢ ᠪᠠᠨ ᠰᠠᠶᠢᠳᠥᠷ ᠤᠯᠠᠮᠵᠢᠯᠠᠵᠤ ᠬᠦᠭᠵᠢᠬᠦᠯᠤᠶᠡ ᠭᠡᠰᠡᠨ ᠵᠤᠷᠢᠭ ᠢᠶᠠᠷ᠂ ᠰᠤᠶᠤᠯ ᠤᠷᠠᠯᠢᠭ ᠤᠨ ᠨᠠᠶᠢᠷ ᠲᠤ | ᠢᠳᠡᠪᠬᠢᠳᠡᠢ ᠤᠷᠤᠯᠴᠠᠵᠤ᠂ ᠦᠳᠡᠯᠥᠭᠡ ᠨᠠᠰᠥᠨ ᠤ ᠢᠯᠴᠢ ᠪᠠᠨ ᠪᠠᠳᠠᠷᠠᠭᠤᠯᠵᠤ ᠶᠠᠪᠤᠭ᠎ᠠ ᠪᠢᠯᠠ᠃ | | |