ᠰᠢᠨᠬᠤᠸᠠ ᠬᠤᠷᠢᠶ᠎ᠠ ᠶᠢᠨ ᠪᠡᠭᠡᠵᠢᠩ ᠤᠨ 2 ᠰᠠᠷ᠎ᠠ ᠶᠢᠨ 6 ᠤ ᠴᠠᠭᠢᠯᠭᠠᠨ ᠮᠡᠳᠡᠭᠡ ᠶᠢᠰᠦᠳᠦᠭᠡᠷ ᠬᠤᠭᠤᠴᠠᠭᠠᠨ ᠤ | ᠠᠽᠢᠶ᠎ᠠ ᠲᠢᠪ ᠤᠨ ᠡᠪᠦᠯ ᠤᠨ ᠤᠯᠠᠷᠢᠯ ᠤᠨ ᠲᠠᠮᠢᠷ ᠤᠨ ᠴᠤᠭᠯᠠᠭᠠᠨ ᠤ ᠡᠭᠢᠯᠡᠯᠲᠡ ᠶᠢᠨ ᠶᠣᠰᠣᠯᠠᠯ 2 ᠰᠠᠷ᠎ᠠ ᠶᠢᠨ | 7 ᠤ ᠣᠷᠣᠢ ᠬᠠᠷᠠᠮᠥ᠋ᠷᠡᠨ ᠮᠤᠵᠢ ᠶᠢᠨ ᠬᠠᠷᠪᠢᠨ ᠬᠤᠲᠠ ᠳᠤ ᠶᠠᠪᠤᠭᠳᠠᠨ᠎ᠠ᠃ ᠤᠯᠤᠰ ᠤᠨ ᠲᠡᠷᠢᠭᠦᠯᠡᠭᠴᠢ ᠰᠢ ᠶᠢᠨ | ᠫᠢᠩ ᠡᠭᠢᠯᠡᠯᠲᠡ ᠶᠢᠨ ᠶᠣᠰᠣᠯᠠᠯ ᠳᠤ ᠣᠷᠤᠯᠴᠠᠬᠤ ᠶᠢᠨ ᠬᠠᠮᠲᠤ ᠲᠤᠰ ᠬᠤᠭᠤᠴᠠᠭᠠᠨ ᠤ ᠠᠽᠢᠶ᠎ᠠ ᠲᠢᠪ ᠤᠨ | ᠡᠪᠦᠯ ᠤᠨ ᠤᠯᠠᠷᠢᠯ ᠤᠨ ᠲᠠᠮᠢᠷ ᠤᠨ ᠴᠤᠭᠯᠠᠭᠠᠨ ᠡᠬᠢᠯᠡᠭᠰᠡᠨ ᠢ ᠵᠠᠷᠯᠠᠨ᠎ᠠ᠃ 7 ᠤ ᠦᠳᠡ ᠳᠤ᠂ ᠲᠡᠷᠢᠭᠦᠯᠡᠭᠴᠢ | ᠰᠢ ᠶᠢᠨ ᠫᠢᠩ ᠳᠤᠮᠳᠠᠳᠤ ᠤᠯᠤᠰ ᠲᠤ ᠢᠷᠡᠵᠦ ᠡᠭᠢᠯᠡᠯᠲᠡ ᠶᠢᠨ ᠶᠣᠰᠣᠯᠠᠯ ᠳᠤ ᠣᠷᠤᠯᠴᠠᠬᠤ ᠭᠠᠳᠠᠭᠠᠳᠤ ᠤᠯᠤᠰ ᠤᠨ | ᠤᠳᠤᠷᠢᠳᠬᠤ ᠬᠥᠮᠥᠰ ᠢ ᠤᠭᠲᠤᠬᠤ ᠳᠠᠶᠢᠯᠠᠯᠭ᠎ᠠ ᠬᠢᠨ᠎ᠡ᠃ | ᠡᠭᠢᠯᠡᠯᠲᠡ ᠶᠢᠨ ᠶᠣᠰᠣᠯᠠᠯ ᠳᠤ ᠣᠷᠤᠯᠴᠠᠬᠤ ᠭᠠᠳᠠᠭᠠᠳᠤ ᠤᠯᠤᠰ ᠤᠨ ᠤᠳᠤᠷᠢᠳᠬᠤ ᠬᠥᠮᠥᠰ ᠲᠤ᠄ | ᠪᠷᠦ᠋ᠨ᠋ᠸᠢ ᠶᠢᠨ ᠰᠦᠳᠠᠨ ᠬᠠᠰᠠᠩᠨᠠᠷ᠂ ᠺᠢᠷᠭᠢᠽᠰᠲ᠋ᠠᠨ ᠤ ᠶᠡᠷᠦᠩᠬᠡᠶᠢᠯᠡᠭᠴᠢ ᠵᠠᠫᠠᠯᠤᠹ᠂ ᠫᠠᠺᠢᠰᠲ᠋ᠠᠨ ᠤ ᠶᠡᠷᠦᠩᠬᠡᠶᠢᠯᠡᠭᠴᠢ | ᠵᠠᠷᠳᠠᠯᠢ᠂ ᠲᠠᠢ ᠤᠯᠤᠰ ᠤᠨ ᠶᠡᠷᠦᠩᠬᠡᠢ ᠰᠠᠶᠢᠳ ᠫᠤᠶᠢᠲ᠋ᠦ᠋ᠩᠲ᠋ᠠᠨ᠂ ᠺᠤᠷᠢᠶᠠ ᠶᠢᠨ ᠤᠯᠤᠰ ᠤᠨ ᠬᠤᠷᠠᠯ ᠤᠨ | ᠵᠥᠪᠯᠡᠯᠭᠡᠨ ᠤ ᠳᠠᠷᠤᠭ᠎ᠠ ᠢᠦᠢ ᠶᠤᠸᠠᠨ ᡁᠢ ᠨᠠᠷ ᠪᠤᠢ᠃ ᠲᠤᠬᠠᠢ ᠶᠢᠨ ᠦᠶ᠎ᠡ ᠳᠤ ᠲᠥᠪ ᠤᠨ ᠷᠠᠳᠢᠣ᠋ | ᠲᠧᠯᠸᠢᠰ ᠤᠨ ᠶᠡᠷᠦᠩᠬᠡᠢ ᠬᠤᠷᠢᠶ᠎ᠠ ᠠᠴᠠ ᠡᠭᠢᠯᠡᠯᠲᠡ ᠶᠢᠨ ᠶᠣᠰᠣᠯᠠᠯ ᠢ ᠠᠬᠤᠢ ᠲᠠᠯᠠᠪᠠᠶ ᠶᠢᠨ ᠰᠢᠭᠤᠳ ᠨᠡᠪᠲᠡᠷᠡᠭᠦᠯᠭᠡ | ᠬᠢᠵᠦ᠂ ᠰᠢᠨᠬᠤᠸᠠ ᠰᠦᠯᠵᠢᠶ᠎ᠡ ᠭᠡᠷᠡᠯ ᠵᠢᠷᠤᠭ ᠥᠰᠥᠭ ᠪᠢᠴᠢᠭ ᠤᠨ ᠰᠢᠭᠤᠳ ᠨᠡᠪᠲᠡᠷᠡᠭᠦᠯᠭᠡ ᠬᠢᠨ᠎ᠡ᠃ | |