ᠰᠢᠷ᠎ᠠ ᠳᠤᠰᠤ ᠪᠤᠯ ᠬᠠᠯᠠᠭᠤᠨ ᠪᠦᠯᠢᠶᠠᠨ ᠴᠢᠨᠠᠷᠳᠡᠢ᠂ ᠬᠡᠢ ᠶᠢ ᠲᠠᠷᠤᠵᠤ ᠲᠠᠮᠢᠷ ᠢ ᠰᠠᠶᠢᠵᠢᠷᠠᠭᠤᠯᠤᠨ᠂ | ᠦᠩᠬᠡ ᠶᠢ ᠲᠡᠵᠢᠬᠡᠬᠦ᠂ ᠬᠦᠮᠤᠨ ᠤ ᠪᠠᠶ᠎ᠠ ᠶᠢᠨ ᠡᠷᠡᠬᠦᠯ ᠮᠠᠨᠳᠤ ᠳᠤ ᠤᠯᠠᠨ ᠬᠡᠷᠡᠭᠴᠡᠭᠡ ᠲᠠᠢ ᠡᠮᠳᠤ ᠴᠢᠨᠠᠷᠳᠡᠢ | ᠢᠳᠡᠬᠡᠨ ᠪᠤᠯᠤᠨ᠎ᠠ᠃ ︽ᠠᠯᠳᠠᠨ ᠬᠠᠳᠠᠮᠠᠯ︾ ᠳᠤ ᠰᠢᠮ᠎ᠠ ᠶᠢᠨ ᠳᠤᠩᠭᠠᠯᠠᠭ ᠰᠢᠷ᠎ᠠ ᠳᠤᠰᠤ ᠰᠢᠮ᠎ᠠ ᠶᠢ | ᠲᠦᠯᠦᠵᠢᠬᠦᠯᠤᠨᠠ ᠬᠡᠵᠤ ᠪᠢᠴᠢᠵᠤ ᠪᠠᠶᠢᠳᠠᠭ᠃ ᠰᠢᠷ᠎ᠠ ᠳᠤᠰᠤ ᠦᠯᠤ ᠬᠠᠯᠳᠠᠭᠠᠬᠤ ᠰᠢᠰᠲ᠋ᠧᠮ ᠢ ᠰᠠᠶᠢᠵᠢᠷᠠᠭᠤᠯᠳᠠᠭ᠃ | ᠡᠬᠦᠨ ᠠᠴᠠ ᠭᠠᠳᠠᠨ᠎ᠠ᠂ ᠰᠦᠰᠤᠨ ᠤ ᠭᠤᠨᠠᠨ ᠠᠯᠺᠤᠤᠯ ᠢ ᠪᠠᠭᠤᠷᠠᠭᠤᠯᠬᠤ᠂ ᠨᠢᠳᠤᠨ ᠤ ᠬᠠᠷᠠᠭ᠎ᠠ ᠶᠢ | ᠰᠠᠶᠢᠵᠢᠷᠠᠭᠤᠯᠬᠤ᠂ ᠰᠢᠩᠬᠡᠬᠡᠯᠳᠡ ᠶᠢ ᠰᠠᠶᠢᠵᠢᠷᠠᠭᠤᠯᠬᠤ ᠪᠤᠯᠤᠨ ᠬᠤᠭᠤᠯᠨ ᠪᠤᠯᠪᠠᠰᠤᠷᠠᠭᠤᠯᠤᠯᠳᠠ ᠳᠤ ᠳᠤᠰᠠᠳᠠᠢ᠃ | ᠪᠠᠶ᠎ᠠ ᠶᠢ ᠲᠠᠮᠢᠷᠵᠢᠭᠤᠯᠬᠤ ᠪᠠ ᠰᠢᠮᠡᠵᠢᠬᠦᠯᠵᠤ᠂ ᠬᠡᠢ ᠮᠠᠬᠠᠪᠤᠳ ᠢ ᠲᠡᠭᠰᠢᠷᠡᠬᠦᠯᠬᠦ ᠪᠠ ᠲᠠᠪᠤᠨ ᠴᠤᠯᠤ ᠵᠢᠷᠭᠤᠭᠠᠨ | ᠰᠠᠪᠠ ᠶᠢᠨ ᠬᠡᠢ ᠡᠪᠡᠳᠴᠢᠨ ᠢ ᠠᠷᠢᠯᠭᠠᠵᠤ᠂ ᠲᠡᠷᠢᠬᠢ ᠶᠢ ᠰᠠᠶᠢᠵᠢᠷᠠᠭᠤᠯᠳᠠᠭ᠃ ᠰᠢᠷ᠎ᠠ ᠲᠤᠰᠤ ᠶᠢ ᠢᠯᠪᠢᠬᠦ | ᠵᠠᠰᠠᠯ ᠳᠤ ᠬᠡᠷᠡᠭᠯᠡᠵᠤ᠂ ᠡᠮᠡᠭᠳᠡᠢ ᠶᠢᠨ ᠰᠠᠪᠠᠨ ᠤ ᠬᠡᠢ᠂ ᠪᠦᠬᠡᠷ᠎ᠠ ᠨᠢᠷᠤᠭᠤᠨ ᠤ ᠬᠡᠢ᠂ ᠦᠶ᠎ᠠ ᠬᠡᠰᠢᠬᠦᠤ ᠶᠢᠨ ᠬᠡᠢ | ᠪᠤᠶᠤ ᠭᠤᠤᠯ ᠤᠨ ᠬᠡᠢ᠂ ᠳᠤᠯᠤᠭᠠᠢ ᠶᠢᠨ ᠬᠡᠢ᠂ ᠤᠯᠤᠭᠠᠢ ᠶᠢᠨ ᠬᠡᠢ ᠶᠢ ᠵᠠᠰᠠᠵᠤ᠂ ᠤᠳᠠᠭᠰᠠᠠ ᠰᠢᠷ᠎ᠠ ᠳᠤᠰᠤ ᠪᠠᠷ | ᠦᠬᠡᠷ ᠢᠯᠢᠳᠤ ᠵᠡᠷᠬᠡ ᠠᠷᠠᠰᠤ ᠮᠢᠬᠠᠨ ᠤ ᠡᠯᠳᠡᠪ ᠤᠨ ᠡᠪᠡᠳᠴᠢᠨ᠂ ᠶᠠᠷ᠎ᠠ ᠰᠢᠷᠬ᠎ᠠ ᠶᠢ ᠡᠮᠨᠡᠡ ᠵᠠᠰᠠᠳᠠᠭ᠃ ᠰᠢᠷ᠎ᠠ | ᠳᠤᠰᠤ ᠶᠢ ᠴᠠᠢ ᠲᠠᠢ ᠴᠢᠨᠠᠭᠠᠳ ᠬᠠᠯᠠᠭᠤᠨ ᠢᠶᠠᠷ ᠤᠤᠭᠤᠵᠤ ᠬᠦᠯᠤᠰᠤ ᠭᠠᠷᠭᠠᠪᠠᠯ ᠰᠡᠯᠬᠢ ᠠᠪᠴᠤ ᠪᠠᠶ᠎ᠠ | ᠬᠡᠮᠳᠦᠭᠰᠡᠡ ᠪᠤᠶᠤ ᠰᠢᠩᠬᠡᠬᠡᠯᠳᠠ ᠮᠠᠭᠤᠳᠠᠭᠰᠠᠠ ᠢ ᠵᠠᠰᠠᠵᠤ ᠴᠢᠳᠠᠳᠠᠭ᠃ ᠴᠠᠢ ᠬᠤᠭᠤᠯᠠᠨ ᠳᠤ ᠵᠠᠩᠬᠢᠷᠠᠭᠰᠠᠳ ᠲᠤ | ᠰᠢᠷ᠎ᠠ ᠳᠤᠰᠤ ᠪᠠᠭ᠎ᠠ ᠤᠤᠭᠤᠯᠭᠠᠪᠠᠯ ᠵᠠᠩᠬᠢᠷᠠᠭ᠎ᠠ ᠲᠠᠶᠢᠯᠤᠭᠳᠠᠨ᠎ᠠ᠃ ᠨᠢᠯᠬ᠎ᠠ ᠬᠡᠤᠬᠡᠳ ᠤᠨ ᠵᠤᠯᠠᠢ ᠲᠡᠬᠡᠷ᠎ᠠ | ᠦᠷᠬᠦᠯᠵᠢ ᠰᠢᠷ᠎ᠠ ᠳᠤᠰᠤ ᠲᠦᠷᠬᠢᠪᠡᠯ ᠬᠠᠬ ᠨᠢ ᠤᠨᠠᠬᠤ ᠳᠤ ᠰᠠᠶᠢᠨ ᠪᠦᠬᠡᠳ ᠬᠠᠮᠠᠷ ᠱᠤᠤᠬᠢᠨ ᠪᠦᠭᠯᠡᠷᠡᠬᠦ ᠶᠢ | ᠵᠠᠰᠠᠳᠠᠭ᠃ ᠬᠡᠳᠡᠰᠤ ᠡᠪᠡᠳᠬᠦ᠂ ᠬᠡᠳᠡᠰᠤ ᠲᠦᠬᠦᠷᠬᠦ᠂ ᠬᠤᠷᠭᠤᠰᠤᠯᠠᠬᠤ ᠳᠤ ᠰᠢᠷ᠎ᠠ ᠳᠤᠰᠤ ᠶᠢ ᠬᠠᠷ᠎ᠠ ᠠᠷᠢᠬᠢ ᠲᠠᠢ | ᠡᠰᠡᠬᠦᠯ᠎ᠠ ᠬᠠᠷ᠎ᠠ ᠰᠢᠬᠢᠷ ᠲᠠᠢ ᠪᠤᠴᠠᠯᠭᠠᠵᠤ ᠤᠤᠭᠤᠪᠠᠯ ᠳᠤᠰᠠ ᠪᠤᠯᠳᠠᠭ᠃ ᠬᠠᠮᠠᠷ ᠶᠠᠮᠠᠰᠢᠬᠰᠠᠠ ᠳᠤ ᠰᠢᠷ᠎ᠠ ᠳᠤᠰᠤ | ᠲᠦᠷᠬᠢᠪᠡᠯ ᠰᠡᠶᠢᠨ᠃ ᠰᠡᠯᠬᠢᠨ ᠳᠤ ᠤᠷᠤᠭᠤᠯ ᠦᠷᠤᠮᠳᠡᠨ ᠬᠠᠭᠠᠷᠠᠬᠤ ᠳᠤ ᠰᠢᠷ᠎ᠠ ᠳᠤᠰᠤ ᠲᠦᠷᠬᠢᠪᠡᠯ ᠢᠯᠡᠷᠡᠢ | ᠪᠤᠯᠳᠠᠭ᠃ ᠭᠠᠷ ᠬᠠᠭᠠᠷᠠᠬᠤ ᠦᠶ᠎ᠠ ᠳᠤ ᠰᠢᠷ᠎ᠠ ᠳᠤᠰᠤ ᠶᠢ ᠲᠦᠷᠬᠢᠬᠦ ᠪᠤᠶᠤ ᠬᠠᠯᠠᠭᠠᠵᠤ ᠳᠤᠰᠤᠭᠠᠪᠠᠯ ᠰᠠᠶᠢᠨ | ᠪᠤᠯᠳᠠᠭ᠃ ᠰᠢᠷ᠎ᠠ ᠳᠤᠰᠤ ᠶᠢ ᠴᠠᠰᠤᠨ ᠰᠢᠬᠢᠷ ᠲᠠᠢ ᠪᠤᠴᠠᠯᠭᠠᠵᠤ ᠤᠤᠭᠤᠪᠠᠯ ᠬᠠᠨᠢᠶᠠᠳᠤ ᠶᠢ ᠵᠠᠰᠠᠳᠠᠭ᠂ ᠰᠢᠷ᠎ᠠ | ᠳᠤᠰᠤ ᠶᠢ ᠬᠠᠯᠠᠭᠠᠭᠰᠠᠠ ᠰᠢᠷᠬᠠᠨ ᠳᠤ ᠲᠦᠷᠬᠢᠪᠡᠯ ᠰᠤᠷᠪᠢ ᠦᠯᠡᠳᠡᠬᠦ ᠦᠬᠡᠢ᠃ ᠬᠠᠮᠠᠷ ᠬᠠᠳᠠᠬᠤ ᠳᠤ ᠰᠢᠷ᠎ᠠ | ᠳᠤᠰᠤ ᠶᠢ ᠬᠠᠮᠠᠷ ᠲᠠᠭᠠᠨ ᠦᠨᠦᠷᠳᠤᠬᠦᠯᠪᠠᠯ ᠰᠠᠶᠢᠨ ᠪᠤᠯᠳᠠᠭ᠃ ᠴᠢᠬᠢᠨ ᠬᠤᠯᠬᠢ ᠬᠠᠳᠠᠬᠤ ᠪᠤᠶᠤ ᠴᠢᠬᠢ ᠡᠪᠡᠳᠪᠠᠯ | ᠰᠢᠷ᠎ᠠ ᠳᠤᠰᠤ ᠬᠢᠬᠦ ᠪᠤᠶᠤ ᠰᠢᠷ᠎ᠠ ᠳᠤᠰᠤ ᠲᠠᠢ ᠬᠦᠪᠤᠩ ᠢᠶᠠᠷ ᠴᠢᠬᠢ ᠪᠠᠨ ᠪᠦᠭᠯᠡᠪᠡᠯ ᠳᠤᠰᠠ ᠪᠤᠯᠳᠠᠭ᠃ | ᠡᠬᠦᠨ ᠠᠴᠠ ᠭᠠᠳᠠᠨ᠎ᠠ ᠭᠠᠳᠠᠷ ᠢᠯᠢᠵᠤ ᠨᠤᠬᠤᠯᠠᠬᠤ ᠳᠤ ᠬᠡᠷᠡᠭᠯᠡᠵᠤ᠂ ᠪᠠᠶ᠎ᠠ ᠲᠡᠬᠡᠷ᠎ᠠ ᠪᠠᠨ ᠲᠦᠷᠬᠢᠪᠡᠯ | ᠭᠠᠶᠢᠬᠠᠮᠰᠢᠬᠳᠤ ᠤᠶᠢᠯᠠᠳᠤᠯ ᠲᠠᠢ ᠪᠠᠶᠢᠳᠠᠭ ᠶᠤᠮ᠃ ︵︽ᠲᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ | ᠮᠡᠳᠡᠭᠡ ᠶᠢᠨ ᠰᠦᠯᠵᠢᠶ᠎ᠡ︾ ᠠᠴᠠ ᠰᠢᠯᠵᠢᠬᠦᠯᠪᠡ︶ |