ᠰᠢᠷᠭᠠᠭᠤ ᠬᠦᠳᠡᠯᠮᠦᠷᠢ ᠪᠠᠷ ᠢᠶᠠᠨ ᠵᠢᠷᠭᠠᠯᠳᠦ ᠠᠮᠢᠳᠤᠷᠠᠯ ᠢᠶᠠᠨ ᠵᠢᠷᠤᠭᠯᠠᠨ᠎ᠠ
ᠨᠡᠶᠢᠲᠡᠯᠡᠭᠰᠡᠨ ᠴᠠᠭ᠄
2018-06-26
   ︽ᠲᠠ ᠨᠠᠷ ᠦᠵᠡ᠂ ᠸᠢᠴᠠᠲ ᠤᠨ ᠠᠨᠳᠠ ᠪᠠᠰᠠ ᠨᠠᠳᠠ ᠳᠤ ᠡᠷᠡᠬᠡᠢ ᠬᠤᠷᠤᠭᠤ ᠪᠠᠨ ᠭᠠᠷᠭᠠᠵᠦ ᠪᠠᠶᠢᠨ᠎ᠠ︕︾᠃ ᠡᠮᠦᠨᠡᠭᠡᠨ᠂ ᠤᠯᠠᠭᠠᠨᠬᠤᠳᠠ ᠶᠢᠨ ᠲᠠᠪᠢᠨ ᠪᠠᠯᠭᠠᠰᠦᠨ ᠤ ᠲᠤᠰᠬᠤᠨ ᠤ ᠠᠷᠠᠳ ᠤᠨ ᠬᠡᠪ ᠪᠤᠯᠪᠠᠰᠤᠷᠠᠯ ᠢ  ᠲᠡᠭᠡᠭᠰᠢᠯᠡᠬᠦᠯᠬᠦ ᠢᠨᠵᠧᠨᠧᠷᠢᠩ ᠢ ᠶᠠᠪᠤᠭᠳᠠᠭᠤᠯᠬᠤ ᠶᠤᠰᠤᠯᠠᠯ ᠲᠡᠭᠡᠷ᠎ᠠ᠂ ᠲᠤᠰ ᠪᠠᠯᠭᠠᠰᠦ ᠶᠢᠨ ᠱᠦ ᠭᠤᠸᠠᠩ  ᠲᠤᠰᠬᠤᠨ ᠤ ᠲᠠᠩᠰᠠ ᠪᠠᠶᠢᠭᠤᠯᠤᠭᠰᠠᠨ ᠶᠠᠳᠠᠭᠤ ᠬᠦᠴᠢᠷᠳᠡᠯᠳᠡᠢ ᠡᠷᠦᠭᠡ ᠪᠤᠤ ᠰᠢ ᠪᠦᠬᠦ ᠪᠠᠯᠭᠠᠰᠦ ᠶᠢᠨ  ᠶᠠᠳᠠᠭᠤ ᠠᠴᠠ ᠠᠩᠬᠢᠵᠢᠷᠠᠭᠤᠯᠬᠤ ᠪᠤᠭᠤᠮᠳᠠ ᠰᠢᠪᠳᠤᠯᠬᠤ ᠠᠵᠢᠯ ᠤᠨ ᠲᠤᠮᠳᠠᠬᠢ ᠲᠡᠷᠢᠬᠦᠨ ᠤ ᠨᠡᠶᠢᠳᠡᠯᠢᠭ  ᠵᠢᠱᠢᠶᠡᠴᠢ ᠪᠠᠷ ᠦᠨᠡᠯᠡᠭᠳᠡᠵᠠᠢ᠃ ᠪᠤᠤ ᠰᠢ ᠡᠨᠡᠬᠦ ᠪᠠᠶᠠᠷ ᠢᠶᠠᠨ ᠸᠢᠴᠠᠲ ᠨᠠᠶᠢᠵᠠ ᠶᠢᠨ ᠲᠤᠭᠤᠷᠢᠭ ᠲᠤ ᠪᠠᠨ  ᠨᠡᠶᠢᠳᠡᠯᠡᠭᠰᠡᠨ ᠳᠤ ᠤᠯᠠᠨ ᠰᠦᠯᠵᠢᠶᠡᠨ ᠠᠨᠳᠠ ᠨᠢ ᠲᠡᠭᠦᠨ ᠳᠤ ᠡᠷᠡᠬᠡᠢ ᠬᠤᠷᠤᠭᠤ ᠪᠠᠨ ᠭᠠᠷᠭᠠᠵᠦ ᠦᠭᠡ  ᠦᠯᠡᠳᠡᠭᠡᠵᠦ ᠪᠠᠶᠢᠯ᠎ᠠ ᠁     ᠬᠡᠳᠦᠨ ᠵᠢᠯ ᠤᠨ ᠡᠮᠦᠨ᠎ᠡ ᠲᠡᠷᠡ ᠤᠯᠠᠭᠠᠨ ᠬᠤᠭᠤᠯᠠᠢ ᠶᠢᠨ ᠬᠠᠪᠤᠳᠠᠷ ᠲᠤ ᠨᠡᠷᠪᠡᠭᠳᠡᠵᠦ᠂ ᠡᠪᠡᠳᠴᠢᠨ ᠢᠶᠠᠨ  ᠵᠠᠰᠠᠭᠤᠯᠬᠤ ᠪᠠᠷ ᠪᠠᠶᠢᠳᠠᠭ ᠬᠦᠷᠦᠩᠭᠡ ᠪᠠᠨ ᠵᠠᠷᠤᠴᠠᠭᠤᠯᠤᠭᠰᠠᠨ ᠪᠠᠶᠢᠨ᠎ᠠ᠃ 2016 ᠤᠨ ᠳᠤ᠂ ᠲᠤᠰᠬᠤᠨ ᠠᠴᠠ  ᠪᠤᠤ ᠰᠢ ᠶᠢᠨ ᠨᠢᠭᠡ ᠭᠡᠷ ᠪᠦᠯᠢ ᠳᠤ ᠶᠠᠳᠠᠭᠤ ᠬᠦᠴᠢᠷᠳᠡᠯ ᠤᠨ ᠲᠠᠩᠰᠠ ᠪᠠᠶᠢᠭᠤᠯᠤᠨ ᠦᠭᠴᠦ᠂ ᠡᠯ᠎ᠠ ᠲᠦᠷᠦᠯ ᠤᠨ  ᠬᠠᠪᠰᠤᠷᠤᠨ ᠲᠡᠳᠬᠦᠬᠦ ᠲᠦᠷᠦ ᠶᠢᠨ ᠪᠤᠳᠤᠯᠭ᠎ᠠ ᠪᠤᠤ ᠰᠢ ᠳᠤ ᠰᠢᠨ᠎ᠡ ᠬᠦᠰᠡᠯ ᠤᠨ ᠵᠢᠬᠦᠷ ᠤᠷᠭᠤᠭᠤᠯᠪᠠ᠃  ᠪᠠᠯᠭᠠᠰᠦ ᠪᠠ ᠲᠤᠰᠬᠤᠨ ᠤ ᠬᠠᠪᠰᠤᠷᠤᠨ ᠲᠡᠮᠵᠢᠯᠭᠡ ᠲᠤᠤᠷ᠎ᠠ᠂ ᠲᠡᠷᠡ ᠶᠠᠳᠠᠭᠤ ᠶᠢ ᠲᠡᠳᠬᠦᠬᠦ ᠪᠡᠯᠡ ᠮᠦᠩᠬᠦ ᠪᠠᠷ  100 ᠬᠤᠨᠢ ᠬᠤᠳᠠᠯᠳᠤᠨ ᠠᠪᠴᠦ ᠲᠡᠵᠢᠭᠡᠨ ᠶᠠᠳᠠᠭᠤ ᠠᠴᠠ ᠠᠩᠬᠢᠵᠢᠷᠠᠬᠤ ᠵᠠᠮ ᠢᠶᠠᠨ ᠡᠯᠬᠦᠭᠰᠡᠨ ᠪᠠᠶᠢᠨ᠎ᠠ᠃     ︽ᠮᠢᠨᠦ ᠡᠨᠡ ᠡᠪᠡᠳᠴᠢᠨ ᠤ ᠠᠷᠬᠠᠭ ᠢᠯᠡᠬᠦᠦ ᠪᠠᠶᠢᠵᠦ᠂ ᠡᠳᠦᠷᠵᠢᠨ ᠬᠦᠴᠦ ᠲᠠᠮᠢᠷ ᠪᠠᠶᠢᠬᠤ ᠦᠭᠡᠢ᠃  ᠭᠡᠪᠡᠴᠦ ᠨᠠᠮ ᠵᠠᠰᠠᠭ ᠤᠨ ᠬᠠᠶᠢᠷ᠎ᠠ ᠬᠠᠯᠠᠮᠵᠢ ᠪᠠᠷ ᠲᠠᠮᠵᠢᠨ ᠬᠤᠳᠠᠯᠳᠤᠨ ᠠᠪᠤᠭᠰᠠᠨ 100 ᠬᠤᠨᠢ ᠪᠠᠨ ᠦᠵᠡᠪᠡᠯ᠂  ᠮᠢᠨᠦ ︿ᠪᠠᠶᠠᠵᠢᠨ ᠴᠢᠨᠡᠭᠡᠯᠢᠭᠵᠢᠨ᠎ᠡ﹀ ᠭᠡᠬᠦ ᠠᠮᠢᠳᠤᠷᠠᠯ ᠤᠨ ᠡᠷᠴᠢ ᠬᠦᠴᠦ ᠤᠯᠠᠮ ᠢᠶᠠᠷ ᠴᠢᠩᠭᠠᠷᠠᠳᠠᠭ ᠪᠠᠶᠢᠨ᠎ᠠ᠃  ᠬᠤᠨᠢ ᠲᠡᠵᠢᠭᠡᠬᠦ ᠳᠤ ᠬᠠᠰᠢ ᠶᠠᠰᠢ ᠬᠠᠨᠳᠤᠵᠦ ᠪᠤᠯᠬᠤ ᠦᠭᠡᠢ᠂ ᠲᠡᠭᠡᠬᠦ ᠦᠭᠡᠢ ᠪᠤᠯ ᠤᠯᠤᠭᠰᠠᠨ ᠬᠤᠷᠠᠭ᠎ᠠ ᠪᠠᠨ  ᠰᠦᠢᠳᠭᠡᠳᠡᠭ ᠦᠵᠡᠭᠳᠡᠯ ᠪᠠᠶᠢᠨ᠎ᠠ᠂ ᠬᠤᠳᠠᠯᠳᠤᠨ ᠠᠪᠤᠭᠰᠠᠨ ᠬᠤᠨᠢ ᠶᠢᠨ ᠬᠠᠮᠤᠭ ᠠᠩᠬᠠᠨ ᠤ ᠲᠦᠯ ᠲᠤᠰᠬᠤ  ᠬᠤᠭᠤᠴᠠᠭᠠᠨ ᠳᠤ ᠤᠷᠤᠢ ᠪᠠᠷ ᠭᠠᠷᠴᠦ ᠦᠵᠡᠭᠰᠡᠨ ᠦᠭᠡᠢ ᠠᠴᠠ ᠪᠤᠯᠵᠦ᠂ ᠬᠡᠳᠦᠨ ᠬᠤᠷᠠᠭ᠎ᠠ ᠪᠠᠨ ᠠᠯᠳᠠᠵᠦ᠂  ᠰᠡᠳᠬᠢᠯ ᠵᠢᠷᠤᠭᠡ ᠮᠢᠨᠢ ᠶᠡᠭᠡᠯ᠎ᠡ ᠰᠢᠮᠰᠢᠷᠡᠭᠰᠡᠨ ᠶᠤᠮ᠃ ᠲᠡᠭᠦᠨ ᠠᠴᠠ ᠬᠤᠶᠢᠰᠢ᠂ ᠪᠢ ᠰᠢᠷᠭᠠᠭᠤ ᠠᠵᠢᠯᠯᠠᠨ  ᠰᠠᠶᠢᠳᠤᠷ ᠲᠡᠵᠢᠭᠡᠨ ᠦᠷᠡᠵᠢᠬᠦᠯᠦᠭᠰᠡᠨ ᠠᠴᠠ ᠤᠷᠤᠯᠭ᠎ᠠ ᠵᠢᠯ ᠠᠴᠠ ᠵᠢᠯ ᠨᠡᠮᠡᠭᠳᠡᠵᠡᠢ︾ ᠭᠡᠵᠦ ᠪᠤᠤ ᠰᠢ ᠨᠢᠭᠤᠷ  ᠲᠦᠬᠦᠷᠡᠩ ᠢᠨᠢᠶᠡᠳᠦ ᠲᠠᠢ ᠬᠡᠯᠡᠵᠦ ᠪᠠᠶᠢᠯ᠎ᠠ᠃     ᠴᠢᠷᠮᠠᠶᠢᠯᠭ᠎ᠠ ᠬᠦᠮᠦᠨ ᠢ ᠭᠤᠮᠤᠳᠠᠭᠠᠬᠤ ᠦᠭᠡᠢ ᠭᠡᠳᠡᠭ ᠢᠶᠠᠷ᠂ ᠨᠢᠳᠤᠨᠤᠨ ᠵᠢᠯ ᠳᠤ ᠪᠤᠢ ᠰᠢ ᠶᠢᠨ ᠬᠤᠨᠢ  ᠲᠡᠵᠢᠭᠡᠭᠰᠡᠨ ᠠᠵᠦ ᠦᠢᠯᠡᠰ ᠨᠢ ᠶᠡᠭᠡ ᠦᠷ᠎ᠠ ᠠᠰᠢᠭ ᠲᠠᠢ ᠪᠤᠯᠵᠦ᠂ ᠬᠤᠨᠢ ᠶᠢᠨ ᠲᠤᠭ᠎ᠠ ᠨᠢ ᠲᠠᠬᠢᠨ ᠢᠶᠠᠷ ᠨᠡᠮᠡᠭᠳᠡᠨ ᠂ ᠭᠡᠷ ᠪᠦᠯᠢ ᠶᠢᠨ ᠬᠦᠮᠦᠨ ᠲᠤᠮᠳᠠᠴᠢ ᠴᠡᠪᠡᠷ ᠤᠷᠤᠯᠭ᠎ᠠ ᠨᠢ 1.9 ᠲᠦᠮᠡᠨ ᠲᠦᠭᠦᠷᠢᠭ ᠬᠦᠷᠴᠦ᠂ ᠠᠮᠵᠢᠯᠳᠠᠳᠠᠢ ᠪᠠᠷ  ᠶᠠᠳᠠᠭᠤ ᠠᠴᠠ ᠠᠩᠬᠢᠵᠢᠷᠠᠭᠰᠠᠨ ᠪᠠᠶᠢᠨ᠎ᠠ᠃ ᠤᠳᠤᠬᠠᠨ ᠳᠤ᠂ ᠲᠤᠰᠬᠤᠨ ᠤ ᠠᠷᠠᠳ ᠪᠤᠤ ᠰᠢ ᠶᠢ ᠬᠡᠯᠡᠬᠦ ᠲᠠᠢ  ᠵᠡᠷᠭᠡ ᠪᠠᠷ ᠡᠷᠡᠬᠡᠢ ᠬᠤᠷᠤᠭᠤ ᠪᠠᠨ ᠭᠠᠷᠭᠠᠨ᠂ ᠪᠦᠬᠦ ᠲᠤᠰᠬᠤᠨ ᠤ ᠶᠠᠳᠠᠭᠤ ᠠᠴᠠ ᠠᠩᠬᠢᠵᠢᠷᠠᠭᠰᠠᠨ ᠵᠢᠱᠢᠶᠡᠴᠢ ᠶᠤᠮ  ᠪᠠᠶᠢᠨ᠎ᠠ ᠭᠡᠵᠦ ᠮᠠᠭᠳᠠᠳᠠᠭ ᠶᠤᠮ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号